ᠡᠬᠢᠯᠡᠯ ᠬᠣᠷᠢᠨ ᠭᠤᠷᠪᠠ
ᠠᠪᠷᠠᠬᠠᠮ ᠣᠷᠣᠰᠢᠭᠤᠯᠭ᠎ᠠ ᠶᠢᠨ ᠭᠠᠵᠠᠷ ᠬᠤᠳᠠᠯᠳᠤᠨ ᠠᠪᠤᠪᠠ
1 ᠰᠠᠷᠠᠾ ᠵᠠᠭᠤ ᠬᠣᠷᠢᠨ ᠳᠣᠯᠣᠭ᠎ᠠ ᠨᠠᠰᠤᠯᠠᠪᠠ᠃ ᠰᠠᠷᠠᠾ ᠤᠨ ᠠᠮᠢᠳᠤᠷᠠᠯ ᠤᠨ ᠣᠨ ᠵᠢᠯ ᠤᠳ ᠡᠨᠡ ᠠᠵᠢ᠃ 2 ᠰᠠᠷᠠᠾ ᠺᠠᠨᠠᠨ ᠨᠤᠲᠤᠭ ᠤᠨ ᠠᠷᠪᠠ ᠬᠣᠲᠠ ᠪᠤᠶᠤ ᠾᠧᠪᠷᠣᠨ ᠳᠤ ᠨᠠᠰᠤ ᠪᠠᠷᠠᠭᠰᠠᠨ ᠳᠤ᠂ ᠠᠪᠷᠠᠬᠠᠮ ᠢᠷᠡᠵᠦ ᠰᠠᠷᠠᠾ ᠤᠨ ᠲᠥᠯᠥᠭᠡ ᠭᠠᠰᠢᠭᠤᠳᠠᠨ ᠤᠬᠢᠯᠠᠪᠠ᠃ 3 ᠲᠡᠷᠡ ᠪᠡᠷ ᠰᠠᠷᠠᠾ ᠤᠨ ᠱᠠᠷᠢᠯ ᠤᠨ ᠳᠡᠷᠭᠡᠳᠡ ᠡᠴᠡ ᠪᠣᠰᠴᠤ᠂ ᠾᠢᠲ᠋ᠴᠦᠳ ᠲᠦ᠄ 4 《ᠪᠢ ᠪᠣᠯ ᠲᠠ ᠨᠠᠷ ᠤᠨ ᠳᠤᠮᠳᠠ ᠠᠮᠢᠳᠤᠷᠠᠳᠠᠭ ᠴᠠᠭᠠᠴᠢᠨ᠃ ᠲᠠ ᠨᠠᠷ ᠨᠠᠳᠠ ᠳᠤ ᠬᠤᠪᠢᠳᠠᠭᠤᠯᠵᠤ ᠣᠷᠣᠰᠢᠭᠤᠯᠭ᠎ᠠ ᠶᠢᠨ ᠭᠠᠵᠠᠷ ᠥᠭᠭᠥᠨ᠎ᠡ ᠤᠤ︖ ᠪᠢ ᠲᠠᠯᠢᠢᠭᠠᠴᠢ ᠪᠠᠨ ᠲᠡᠨᠳᠡ ᠣᠷᠣᠰᠢᠭᠤᠯᠤᠶᠠ》 ᠭᠡᠵᠡᠢ᠃ 5 ᠾᠢᠲ᠋ᠴᠦᠳ ᠠᠪᠷᠠᠬᠠᠮ ᠳᠤ ᠬᠠᠷᠢᠭᠤᠯᠤᠨ᠄ 6 《ᠡᠵᠡᠨᠲᠡᠨ ᠮᠢᠨᠢ︕ ᠲᠠ ᠪᠢᠳᠡᠨ ᠦ ᠦᠭᠡ ᠶᠢ ᠪᠣᠯᠭᠣᠭᠠᠨ᠎ᠠ ᠤᠤ︖ ᠲᠠ ᠪᠣᠯ ᠮᠠᠨ ᠤ ᠬᠢᠨ ᠤ ᠳᠤᠮᠳᠠ ᠡᠷᠬᠢᠮ ᠨᠣᠶᠠᠨ ᠰᠢᠦ᠃ ᠲᠠ ᠮᠠᠨ ᠤ ᠣᠷᠣᠰᠢᠭᠤᠯᠭ᠎ᠠ ᠶᠢᠨ ᠭᠠᠵᠠᠷ ᠠᠴᠠ ᠬᠠᠮᠤᠭ ᠤᠨ ᠰᠠᠢᠨ ᠢ ᠨᠢ ᠰᠢᠯᠢᠵᠦ ᠠᠪᠤᠭᠠᠳ ᠲᠠᠯᠢᠢᠭᠠᠴᠢ ᠪᠠᠨ ᠲᠡᠨᠳᠡ ᠣᠷᠣᠰᠢᠭᠤᠯᠤᠭᠠᠷᠠᠢ᠃ ᠲᠠ ᠲᠠᠯᠢᠢᠭᠠᠴᠢ ᠪᠠᠨ ᠣᠷᠣᠰᠢᠭᠤᠯᠬᠤ ᠭᠡᠪᠡᠯ᠂ ᠮᠠᠨ ᠤ ᠬᠢᠨ ᠤ ᠳᠤᠮᠳᠠ ᠠᠴᠠ ᠥᠪᠡᠷ ᠦᠨ ᠣᠷᠣᠰᠢᠭᠤᠯᠭ᠎ᠠ ᠶᠢᠨ ᠭᠠᠵᠠᠷ ᠢᠶᠠᠨ ᠥᠭᠬᠦ ᠦᠭᠡᠢ ᠬᠥᠮᠦᠨ ᠪᠠᠢᠬᠤ ᠦᠭᠡᠢ ᠰᠢᠦ》 ᠭᠡᠵᠡᠭᠡᠪᠡ᠃ 7 ᠠᠪᠷᠠᠬᠠᠮ ᠪᠣᠰᠴᠤ᠂ ᠲᠡᠷᠡ ᠨᠤᠲᠤᠭ ᠤᠨ ᠬᠢᠨ ᠪᠤᠶᠤ ᠾᠢᠲ᠋ᠴᠦᠳ ᠲᠦ ᠪᠥᠬᠥᠢᠨ ᠶᠣᠰᠣᠯᠠᠵᠤ᠂ 8 ᠲᠡᠳᠡᠨ ᠳᠦ᠄ 《ᠬᠡᠷᠪᠡ ᠲᠠ ᠨᠠᠷ ᠲᠠᠯᠢᠢᠭᠠᠴᠢ ᠪᠠᠨ ᠨᠤᠲᠤᠭᠯᠠᠭᠤᠯᠬᠤ ᠶᠢ ᠮᠢᠨᠢ ᠵᠥᠪᠰᠢᠶᠡᠷᠡᠬᠦ ᠶᠤᠮ ᠪᠣᠯ᠂ ᠮᠢᠨᠦ ᠦᠭᠡ ᠶᠢ ᠰᠣᠨᠣᠰᠣᠭᠠᠳ ᠮᠢᠨᠦ ᠡᠮᠦᠨ᠎ᠡ ᠡᠴᠡ ᠽᠣᠬᠠᠷ ᠤᠨ ᠬᠦᠦ ᠡᠹᠷᠣᠨ ᠲᠠᠢ ᠠᠭᠤᠯᠵᠠᠵᠤ᠂ 9 ᠲᠡᠭᠦᠨ ᠳᠦ ᠮᠠᠺᠫᠧᠯᠠ ᠳᠠᠬᠢ ᠠᠭᠤᠢ ᠪᠠᠨ ᠨᠠᠳᠠ ᠳᠤ ᠬᠤᠳᠠᠯᠳᠤᠬᠤ ᠶᠢ ᠢᠳᠬᠠᠭᠠᠴᠢ᠂ ᠲᠡᠷᠡ ᠠᠭᠤᠢ ᠲᠡᠭᠦᠨ ᠦ ᠲᠠᠯᠠᠪᠠᠢ ᠶᠢᠨ ᠵᠠᠬ᠎ᠠ ᠳᠤ ᠪᠤᠢ᠃ ᠡᠹᠷᠣᠨ ᠡᠭᠦᠨ ᠢ ᠪᠠᠨ ᠮᠠᠨ ᠤ ᠣᠷᠣᠰᠢᠭᠤᠯᠭ᠎ᠠ ᠶᠢᠨ ᠭᠠᠵᠠᠷ ᠪᠣᠯᠭᠠᠨ ᠲᠠ ᠣᠯᠠᠨ ᠤ ᠡᠮᠦᠨ᠎ᠡ ᠨᠠᠳᠠ ᠳᠤ ᠪᠦᠲᠦᠨ ᠦᠨ᠎ᠡ ᠪᠡᠷ ᠨᠢ ᠬᠤᠳᠠᠯᠳᠤᠬᠤ ᠪᠣᠯᠲᠤᠭᠠᠢ》 ᠭᠡᠪᠡ᠃ 10 ᠶᠠᠭ ᠲᠡᠷᠡ ᠦᠶ᠎ᠡ ᠳᠦ ᠡᠹᠷᠣᠨ ᠾᠢᠲ᠋ᠴᠦᠳ ᠦᠨ ᠳᠤᠮᠳᠠ ᠰᠠᠭᠤᠵᠤ ᠪᠠᠢᠯ᠎ᠠ᠃ ᠬᠣᠲᠠ ᠶᠢᠨ ᠬᠠᠭᠠᠯᠭ᠎ᠠ ᠪᠠᠷ ᠣᠷᠣᠵᠤ ᠢᠷᠡᠭᠰᠡᠨ ᠪᠦᠬᠦ ᠾᠢᠲ᠋ᠴᠦᠳ ᠰᠣᠨᠣᠰᠴᠤ ᠪᠠᠢᠬᠤ ᠳᠤ᠂ ᠲᠡᠷᠡ ᠪᠡᠷ ᠠᠪᠷᠠᠬᠠᠮ ᠳᠤ ᠬᠠᠷᠢᠭᠤᠯᠤᠨ᠄ 11 《ᠦᠭᠡᠢ ᠡ᠂ ᠡᠵᠡᠨᠲᠡᠨ ᠮᠢᠨᠢ᠂ ᠮᠢᠨᠦᠬᠢ ᠶᠢ ᠪᠣᠯᠭᠣᠭᠠᠨ᠎ᠠ ᠤᠤ︖ ᠪᠢ ᠲᠡᠷᠡ ᠲᠠᠯᠠᠪᠠᠢ ᠶᠢ ᠥᠭᠭᠥᠶ᠎ᠡ᠂ ᠮᠥᠨ ᠲᠡᠨᠳᠡ ᠪᠠᠢᠭ᠎ᠠ ᠠᠭᠤᠢ ᠶᠢ ᠴᠤ ᠥᠭᠭᠥᠶ᠎ᠡ᠃ ᠪᠢ ᠨᠤᠲᠤᠭ ᠤᠨ ᠬᠢᠨ ᠤ ᠪᠠᠨ ᠡᠮᠦᠨ᠎ᠡ ᠡᠭᠦᠨ ᠢ ᠲᠠᠨ ᠳᠤ ᠥᠭᠭᠥᠶ᠎ᠡ᠃ ᠲᠠ ᠲᠠᠯᠢᠢᠭᠠᠴᠢ ᠪᠠᠨ ᠲᠡᠨᠳᠡ ᠣᠷᠣᠰᠢᠭᠤᠯᠤᠭᠠᠷᠠᠢ》 ᠭᠡᠪᠡ᠃ 12 ᠠᠪᠷᠠᠬᠠᠮ ᠲᠡᠷᠡ ᠨᠤᠲᠤᠭ ᠤᠨ ᠬᠢᠨ ᠳᠤ ᠪᠥᠬᠥᠢᠨ ᠶᠣᠰᠣᠯᠠᠵᠤ᠂ 13 ᠲᠡᠳᠡ ᠰᠣᠨᠣᠰᠴᠤ ᠪᠠᠢᠬᠤ ᠳᠤ᠂ ᠡᠹᠷᠣᠨ ᠳᠤ᠄ 《ᠬᠠᠷᠢᠨ ᠲᠠ ᠮᠢᠨᠦᠬᠢ ᠶᠢ ᠰᠣᠨᠣᠰᠣᠨ᠎ᠠ ᠤᠤ︖ ᠪᠢ ᠲᠡᠷᠡ ᠲᠠᠯᠠᠪᠠᠢ ᠶᠢᠨ ᠦᠨ᠎ᠡ ᠶᠢ ᠥᠭᠭᠥᠶ᠎ᠡ᠃ ᠲᠠ ᠡᠭᠦᠨ ᠢ ᠨᠠᠳᠠ ᠠᠴᠠ ᠠᠪᠤᠭᠠᠷᠠᠢ᠂ ᠲᠡᠭᠡᠬᠦ ᠳᠦ ᠬᠦᠷᠪᠡᠯ ᠪᠢ ᠲᠠᠯᠢᠢᠭᠠᠴᠢ ᠪᠠᠨ ᠲᠡᠨᠳᠡ ᠣᠷᠣᠰᠢᠭᠤᠯᠤᠶᠠ》 ᠭᠡᠪᠡ᠃ 14 ᠡᠹᠷᠣᠨ ᠠᠪᠷᠠᠬᠠᠮ ᠳᠤ ᠬᠠᠷᠢᠭᠤᠯᠤᠨ᠄ 15 《ᠡᠵᠡᠨᠲᠡᠨ ᠮᠢᠨᠢ ᠡ᠂ ᠮᠢᠨᠦᠬᠢ ᠶᠢ ᠰᠣᠨᠣᠰᠣᠭᠠᠴᠢ᠃ ᠲᠡᠷᠡ ᠭᠠᠵᠠᠷ ᠤᠨ ᠦᠨ᠎ᠡ ᠳᠥᠷᠪᠡᠨ ᠵᠠᠭᠤᠨ ᠱᠧᠺᠧᠯ 38 ᠮᠥᠩᠭᠥ ᠲᠠᠢ ᠲᠡᠩᠴᠡᠨ᠎ᠡ᠃ ᠭᠡᠪᠡᠴᠦ ᠲᠠ ᠪᠢᠳᠡ ᠬᠣᠶᠠᠷ ᠤᠨ ᠬᠣᠭᠣᠷᠣᠨᠳᠣ ᠡᠨᠡ ᠶᠠᠭᠤ ᠪᠣᠯᠬᠤ ᠪᠢᠯᠡ︖ ᠵᠦᠭᠡᠷ᠂ ᠲᠠᠯᠢᠢᠭᠠᠴᠢ ᠪᠠᠨ ᠣᠷᠣᠰᠢᠭᠤᠯ》 ᠭᠡᠰᠡᠨ ᠳᠦ᠂ 16 ᠠᠪᠷᠠᠬᠠᠮ ᠡᠹᠷᠣᠨ ᠤ ᠦᠭᠡ ᠶᠢ ᠳᠠᠭᠠᠵᠤ᠂ ᠾᠢᠲ᠋ᠴᠦᠳ ᠰᠣᠨᠣᠰᠴᠤ ᠪᠠᠢᠬᠤ ᠳᠤ ᠡᠹᠷᠣᠨ ᠤ ᠬᠡᠯᠡᠭᠰᠡᠨ ᠳᠥᠷᠪᠡᠨ ᠵᠠᠭᠤᠨ ᠱᠧᠺᠧᠯ ᠮᠥᠩᠭᠥ ᠶᠢ ᠬᠤᠳᠠᠯᠳᠤᠭᠠᠴᠢᠳ ᠤᠨ ᠬᠡᠷᠡᠭᠯᠡᠳᠡᠭ ᠵᠢᠩ ᠢᠶᠠᠷ ᠵᠢᠩᠯᠡᠵᠦ ᠡᠹᠷᠣᠨ ᠳᠤ ᠥᠭᠴᠡᠢ᠃
17 ᠡᠢᠨ ᠬᠦ ᠮᠠᠮᠷᠧ ᠶᠢᠨ ᠬᠠᠪᠢ ᠳᠠᠬᠢ ᠮᠠᠺᠫᠧᠯᠠ ᠳᠤ ᠪᠤᠢ ᠡᠹᠷᠣᠨ ᠤ ᠲᠠᠯᠠᠪᠠᠢ᠂ ᠲᠡᠭᠦᠨ ᠦ ᠳᠣᠲᠣᠷᠠᠬᠢ ᠠᠭᠤᠢ᠂ ᠮᠥᠨ ᠲᠡᠷᠡ ᠲᠠᠯᠠᠪᠠᠢ ᠶᠢᠨ ᠡᠷᠭᠢᠨ ᠲᠣᠭᠣᠷᠢᠨ ᠤ ᠣᠢ ᠮᠣᠳᠣ ᠲᠠᠢ ᠬᠠᠮᠲᠤ ᠠᠪᠷᠠᠬᠠᠮ ᠳᠤ ᠰᠢᠯᠵᠢᠵᠦ᠂ 18 ᠬᠣᠲᠠ ᠶᠢᠨ ᠬᠠᠭᠠᠯᠭ᠎ᠠ ᠪᠠᠷ ᠣᠷᠣᠵᠤ ᠢᠷᠡᠭᠰᠡᠨ ᠪᠦᠬᠦ ᠾᠢᠲ᠋ᠴᠦᠳ ᠦᠨ ᠡᠮᠦᠨ᠎ᠡ ᠠᠪᠷᠠᠬᠠᠮ ᠤᠨ ᠥᠮᠴᠢ ᠬᠥᠷᠥᠩᠭᠡ ᠪᠣᠯᠪᠠ᠃ 19 ᠡᠭᠦᠨ ᠦ ᠳᠠᠷᠠᠭ᠎ᠠ ᠠᠪᠷᠠᠬᠠᠮ ᠺᠠᠨᠠᠨ ᠨᠤᠲᠤᠭ ᠤᠨ ᠮᠠᠮᠷᠧ ᠶᠢᠨ ᠬᠠᠪᠢ᠂ ᠲᠤᠬᠠᠢᠯᠠᠪᠠᠯ ᠾᠧᠪᠷᠣᠨ ᠤ ᠮᠠᠺᠫᠧᠯᠠ ᠳᠠᠬᠢ ᠠᠭᠤᠢ ᠳᠤ ᠡᠬᠡᠨᠡᠷ ᠰᠠᠷᠠᠾ ᠢᠶᠠᠨ ᠣᠷᠣᠰᠢᠭᠤᠯᠪᠠ᠃ 20 ᠡᠢᠨ ᠬᠦ ᠲᠡᠷᠡ ᠲᠠᠯᠠᠪᠠᠢ ᠪᠣᠯᠣᠨ ᠳᠣᠲᠣᠷᠠᠬᠢ ᠠᠭᠤᠢ ᠶᠢ ᠨᠢ ᠾᠢᠲ᠋ᠴᠦᠳ ᠠᠪᠷᠠᠬᠠᠮ ᠳᠤ ᠰᠢᠯᠵᠢᠭᠦᠯᠵᠦ᠂ ᠲᠡᠭᠦᠨ ᠦ ᠡᠵᠡᠮᠰᠢᠬᠦ ᠣᠷᠣᠰᠢᠭᠤᠯᠭ᠎ᠠ ᠶᠢᠨ ᠭᠠᠵᠠᠷ ᠪᠣᠯᠭᠠᠪᠠ᠃