ᠡᠬᠢᠯᠡᠯ ᠳᠥᠴᠢ ᠶᠢᠰᠦ
ᠶᠠᠺᠣᠪ ᠬᠥᠪᠡᠭᠦᠳ ᠦᠨ ᠢᠶᠠᠨ ᠲᠤᠬᠠᠢ ᠡᠰᠢ ᠦᠵᠡᠭᠦᠯᠪᠡ
1 ᠶᠠᠺᠣᠪ ᠬᠥᠪᠡᠭᠦᠳ ᠢᠶᠡᠨ ᠳᠠᠭᠤᠳᠠᠨ᠄ 《ᠲᠠ ᠨᠠᠷ ᠴᠤᠭᠯᠠᠷᠠᠵᠠᠭᠠ᠃ ᠬᠣᠢᠰᠢᠳᠠ ᠲᠠ ᠨᠠᠷ ᠲᠤ ᠶᠠᠭᠤ ᠲᠣᠬᠢᠶᠠᠯᠳᠤᠬᠤ ᠶᠢ ᠪᠢ ᠲᠠ ᠨᠠᠷ ᠲᠤ ᠬᠡᠯᠡᠨ᠎ᠡ᠃
2 ᠶᠠᠺᠣᠪ ᠤᠨ ᠬᠥᠪᠡᠭᠦᠳ ᠡ ᠲᠠ ᠨᠠᠷ ᠬᠤᠷᠠᠵᠠᠭᠠᠵᠤ ᠰᠣᠨᠣᠰᠴᠠᠭ᠎ᠠ ᠡᠴᠢᠭᠡ ᠢᠰᠷᠧᠯ ᠤᠨ ᠢᠶᠠᠨ ᠦᠭᠡ ᠶᠢ ᠰᠣᠨᠣᠰᠴᠠᠭ᠎ᠠ᠃
3 ᠷᠧᠣᠪᠧᠨ᠂ ᠴᠢ ᠪᠣᠯ ᠮᠢᠨᠦ ᠤᠤᠭᠠᠨ ᠬᠦᠦ ᠮᠢᠨᠦ ᠬᠦᠴᠦ ᠴᠢᠳᠠᠯ ᠮᠢᠨᠦ ᠬᠦᠴᠦᠨ ᠦ ᠡᠬᠢᠯᠡᠯ ᠴᠣᠭ ᠵᠢᠪᠬᠤᠯᠠᠩ ᠤᠨ ᠮᠢᠨᠢ ᠳᠡᠭᠡᠳᠦ ᠡᠷᠴᠢ ᠴᠢᠳᠠᠯ ᠤᠨ ᠮᠢᠨᠢ ᠳᠡᠭᠡᠳᠦ᠂
4 ᠴᠢ ᠰᠢᠷᠦᠭᠦᠨ ᠤᠷᠤᠰᠬᠠᠯ ᠰᠢᠭ᠋ ᠶᠤᠮ ᠴᠢ ᠡᠷᠴᠢ ᠴᠢᠳᠠᠯ ᠤᠨ ᠮᠢᠨᠢ ᠳᠡᠭᠡᠳᠦ ᠪᠣᠯᠬᠤ ᠦᠭᠡᠢ ᠤᠴᠢᠷ ᠨᠢ ᠴᠢ ᠡᠴᠢᠭᠡ ᠶᠢᠨ ᠢᠶᠠᠨ ᠣᠷᠣ ᠳᠡᠭᠡᠷ᠎ᠡ ᠭᠠᠷᠴᠤ ᠢᠰᠠᠷᠢ ᠳᠡᠭᠡᠷ᠎ᠡ ᠮᠢᠨᠢ ᠭᠠᠷᠴᠤ ᠲᠡᠭᠦᠨ ᠢ ᠪᠤᠵᠠᠷᠯᠠᠭᠰᠠᠨ᠂
5 ᠰᠢᠮᠧᠶᠣᠨ᠂ ᠯᠧᠸᠢ ᠬᠣᠶᠠᠷ ᠶᠠᠭ ᠠᠬ᠎ᠠ ᠳᠡᠭᠦᠦ ᠲᠡᠳᠡᠨ ᠦ ᠢᠯᠳᠦ ᠪᠣᠯ ᠬᠠᠷᠭᠢᠰ ᠵᠡᠪᠰᠡᠭ᠂
6 ᠲᠡᠳᠡᠨ ᠦ ᠬᠤᠷᠠᠯ ᠳᠤ ᠪᠦᠦ ᠣᠷᠣᠯᠴᠠ᠂ ᠰᠦᠨᠡᠰᠦ ᠮᠢᠨᠢ ᠲᠡᠳᠡᠨ ᠦ ᠠᠭᠤᠯᠵᠠᠯᠲᠠ ᠳᠤ ᠪᠦᠦ ᠨᠢᠭᠡᠳ᠂ ᠵᠢᠷᠦᠬᠡ 80 ᠮᠢᠨᠢ ᠲᠡᠳᠡ ᠠᠭᠤᠷ ᠬᠢᠯᠢᠩ ᠢᠶᠠᠷ ᠢᠶᠠᠨ ᠬᠥᠮᠦᠨ ᠠᠯᠠᠭᠰᠠᠨ ᠲᠡᠳᠡ ᠳᠤᠷ᠎ᠠ ᠵᠣᠷᠢᠭ ᠢᠶᠠᠷ ᠢᠶᠠᠨ ᠦᠬᠡᠷ ᠦᠨ ᠬᠥᠯ ᠦᠨ ᠰᠢᠷᠪᠥᠰᠥ ᠶᠢ ᠲᠠᠰᠤᠯᠤᠭᠰᠠᠨ᠃
7 ᠲᠡᠳᠡᠨ ᠦ ᠠᠭᠤᠷ ᠬᠠᠷᠢᠶᠠᠭᠳᠠᠬᠤ ᠪᠣᠯᠲᠤᠭᠠᠢ ᠤᠴᠢᠷ ᠨᠢ ᠲᠡᠷᠡ ᠨᠢ ᠳᠣᠭᠰᠢᠨ ᠪᠢᠯᠡ ᠲᠡᠳᠡᠨ ᠦ ᠬᠢᠯᠢᠩ ᠬᠠᠷᠢᠶᠠᠭᠳᠠᠬᠤ ᠪᠣᠯᠲᠤᠭᠠᠢ ᠤᠴᠢᠷ ᠨᠢ ᠲᠡᠷᠡ ᠨᠢ ᠬᠡᠷᠴᠡᠭᠡᠢ ᠪᠢᠯᠡ᠃ ᠲᠡᠳᠡᠨ ᠢ ᠪᠢ ᠶᠠᠺᠣᠪ ᠤᠨ ᠬᠢᠨ ᠤ ᠳᠤᠮᠳᠠ ᠠᠴᠠ ᠬᠤᠪᠢᠶᠠᠨ᠎ᠠ ᠲᠡᠳᠡᠨ ᠢ ᠪᠢ ᠢᠰᠷᠧᠯ ᠤᠨ ᠳᠤᠮᠳᠠ ᠲᠠᠷᠬᠠᠭᠠᠨ᠎ᠠ᠃
8 ᠶᠦᠳᠠ 81 ᠴᠢ︕ ᠴᠢᠮᠠᠶᠢ ᠠᠬ᠎ᠠ ᠳᠡᠭᠦᠦ ᠨᠠᠷ ᠴᠢᠨᠢ ᠮᠠᠭᠲᠠᠬᠤ ᠪᠣᠯᠣᠨ᠎ᠠ ᠴᠢᠨᠦ ᠭᠠᠷ ᠳᠠᠢᠰᠤᠨ ᠤ ᠪᠠᠨ ᠬᠦᠵᠦᠭᠦᠨ ᠳᠡᠭᠡᠷ᠎ᠡ ᠪᠠᠢᠨ᠎ᠠ ᠴᠢᠨᠦ ᠡᠮᠦᠨ᠎ᠡ ᠡᠴᠢᠭᠡ ᠶᠢᠨ ᠴᠢᠨᠢ ᠬᠥᠪᠡᠭᠦᠳ ᠰᠥᠭᠥᠳᠥᠨ ᠪᠥᠬᠥᠢᠨ᠎ᠡ᠂
9 ᠴᠢ ᠪᠣᠯ ᠠᠷᠰᠯᠠᠨ ᠤ ᠭᠦᠶᠦᠭ᠂ ᠶᠦᠳᠠ︕ ᠴᠢ ᠣᠯᠵᠠ ᠪᠠᠨ ᠠᠪᠴᠤ ᠳᠡᠭᠡᠭᠰᠢ ᠭᠠᠷᠳᠠᠭ᠂ ᠬᠦᠦ ᠮᠢᠨᠢ ᠲᠡᠷᠡ ᠮᠢᠷᠢᠶᠠᠵᠤ ᠪᠠᠢᠭ᠎ᠠ ᠠᠷᠰᠯᠠᠨ ᠮᠡᠲᠦ ᠲᠡᠷᠡ ᠭᠡᠲᠡᠵᠦ ᠪᠠᠢᠭ᠎ᠠ ᠡᠮ᠎ᠡ ᠠᠷᠰᠯᠠᠨ ᠮᠡᠲᠦ ᠲᠡᠭᠦᠨ ᠢ ᠬᠡᠨ ᠦᠷᠭᠦᠭᠡᠨ᠎ᠡ ᠪᠤᠢ︖
10 ᠱᠢᠯᠣ᠋ 82 ᠶᠢ ᠢᠷᠡᠲᠡᠯ᠎ᠡ ᠠᠷᠠᠳ ᠲᠦᠮᠡᠨ ᠨᠦᠭᠦᠳ ᠲᠡᠭᠦᠨ ᠢ ᠳᠠᠭᠠᠬᠤ ᠬᠦᠷᠲᠡᠯ᠎ᠡ ᠬᠠᠭᠠᠨ ᠤ ᠲᠠᠶᠠᠭ ᠶᠦᠳᠠ ᠠᠴᠠ ᠬᠣᠯᠠᠳᠬᠤ ᠦᠭᠡᠢ ᠵᠠᠬᠢᠷᠤᠭᠴᠢ ᠶᠢᠨ ᠪᠠᠷᠢᠶ᠎ᠠ ᠬᠥᠯ ᠦᠨ ᠬᠢᠨᠢ ᠬᠣᠭᠣᠷᠣᠨᠳᠣ ᠠᠴᠠ ᠰᠠᠯᠬᠤ ᠦᠭᠡᠢ᠂
11 ᠡᠯᠵᠢᠭᠡ ᠪᠡᠨ ᠦᠵᠦᠮ ᠦᠨ ᠮᠣᠳᠣᠨ ᠠᠴᠠ ᠳᠤᠳᠠᠷᠠᠢ ᠪᠠᠨ ᠰᠠᠢᠬᠠᠨ ᠦᠵᠦᠮ ᠦᠨ ᠮᠥᠴᠢᠷ ᠡᠴᠡ ᠤᠶᠠᠨ᠎ᠠ ᠬᠤᠪᠴᠠᠰᠤ ᠪᠠᠨ ᠳᠠᠷᠠᠰᠤᠨ ᠳᠤ ᠳᠡᠪᠡᠯ ᠢᠶᠡᠨ ᠦᠵᠦᠮ ᠦᠨ ᠰᠢᠭᠦᠰᠦᠨ 83 ᠳᠤ ᠤᠬᠢᠶᠠᠨ᠎ᠠ᠂
12 ᠨᠢᠳᠦ ᠨᠢ ᠳᠠᠷᠠᠰᠤᠨ ᠠᠴᠠ ᠬᠠᠷᠠᠬᠠᠨ ᠰᠢᠳᠦ ᠨᠢ ᠰᠦ᠋ ᠡᠴᠡ ᠴᠠᠭᠠᠬᠠᠨ᠃
13 ᠽᠧᠪᠦ᠋ᠯᠣᠨ 84 ᠳᠠᠯᠠᠢ ᠶᠢᠨ ᠬᠥᠪᠡᠭᠡᠨ ᠳᠦ ᠰᠠᠭᠤᠷᠢᠰᠢᠵᠤ ᠣᠩ᠋ᠭᠣᠴᠠᠨ ᠤ ᠵᠣᠭᠰᠣᠭᠠᠯ ᠪᠣᠯᠣᠨ᠎ᠠ ᠲᠡᠭᠦᠨ ᠦ ᠬᠢᠯᠢ ᠬᠢᠵᠠᠭᠠᠷ ᠰᠢᠢᠳᠣᠨ ᠳᠤ ᠬᠦᠷᠦᠨ᠎ᠡ᠃
14 ᠢᠰᠠᠺᠠᠷ ᠪᠣᠯ ᠶᠠᠰᠤ ᠰᠠᠢᠲᠠᠢ ᠡᠯᠵᠢᠭᠡ ᠬᠣᠶᠠᠷ ᠬᠠᠰᠢᠶᠠᠨ ᠤ ᠬᠣᠭᠣᠷᠣᠨᠳᠣ ᠬᠡᠪᠲᠡᠨ᠎ᠡ
15 ᠠᠮᠠᠷᠠᠬᠤ ᠭᠠᠵᠠᠷ ᠢᠶᠠᠨ ᠰᠠᠢᠨ ᠭᠡᠵᠦ ᠦᠵᠡᠨ᠎ᠡ ᠭᠠᠵᠠᠷ ᠨᠤᠲᠤᠭ ᠢᠶᠠᠨ ᠰᠠᠢᠬᠠᠨ ᠭᠡᠵᠦ ᠦᠵᠡᠨ᠎ᠡ ᠲᠡᠢᠮᠦ ᠡᠴᠡ ᠮᠥᠷᠥ ᠪᠡᠨ ᠳᠣᠭᠣᠭᠰᠢᠯᠠᠭᠤᠯᠵᠤ ᠠᠴᠢᠶ᠎ᠠ ᠪᠠᠨ ᠡᠭᠦᠷᠦᠨ᠎ᠡ ᠬᠦᠨᠳᠦ ᠠᠵᠢᠯ ᠳᠤ ᠡᠷᠬᠡᠰᠢᠶᠡᠭᠳᠡᠨᠡ᠃
16 ᠳ᠋ᠠᠨ 85 ᠢᠰᠷᠧᠯ ᠤᠨ ᠨᠢᠭᠡᠨ ᠣᠪᠣᠭ ᠤᠨ ᠬᠤᠪᠢ ᠪᠠᠷ ᠠᠷᠠᠳ ᠣᠯᠠᠨ ᠢᠶᠠᠨ ᠰᠢᠭᠦᠬᠦ ᠪᠣᠯᠣᠨ᠎ᠠ᠂
17 ᠳ᠋ᠠᠨ ᠪᠣᠯ ᠵᠠᠮ ᠤᠨ ᠬᠠᠵᠠᠭᠤ ᠶᠢᠨ ᠮᠣᠭᠠᠢ ᠵᠢᠮ ᠤᠨ ᠳᠡᠷᠭᠡᠳᠡᠬᠢ ᠬᠣᠣᠷᠲᠤ ᠮᠣᠭᠠᠢ ᠮᠣᠷᠢᠨ ᠤ ᠥᠰᠥᠭᠡᠢ ᠶᠢ ᠬᠠᠳᠬᠤᠵᠤ ᠮᠣᠷᠢᠲᠠᠨ ᠢ ᠨᠢ ᠠᠷᠤᠨᠰᠢ ᠤᠨᠠᠭᠠᠨ᠎ᠠ᠃
18 ᠶᠣᠬᠣᠸᠠ᠂ ᠪᠢ ᠲᠠᠨ ᠤ ᠠᠪᠤᠷᠠᠯ ᠢ ᠡᠷᠡᠮᠡᠯᠵᠡᠵᠦ ᠪᠠᠢᠨ᠎ᠠ᠃
19 ᠭᠠᠳ᠋ 86 ᠴᠡᠷᠢᠭ ᠲᠤ ᠳᠣᠪᠲᠣᠯᠣᠭᠳᠠᠨᠠ ᠬᠠᠷᠢᠨ ᠲᠡᠷᠡ ᠲᠡᠳᠡᠨ ᠢ ᠪᠣᠷᠪᠢᠳᠠᠨ ᠳᠣᠪᠲᠣᠯᠬᠤ ᠪᠣᠯᠣᠨ᠎ᠠ᠃
20 ᠠᠱᠧᠷ ᠤᠨ ᠬᠣᠭᠣᠯᠠ ᠬᠦᠨᠡᠰᠦ ᠨᠢ ᠲᠠᠩᠰᠤᠭ ᠬᠠᠭᠠᠨ ᠤ ᠠᠮᠲᠠᠲᠤ ᠬᠣᠭᠣᠯᠠ ᠶᠢ ᠲᠡᠷᠡ ᠬᠠᠩ᠋ᠭᠠᠨ᠎ᠠ᠃
21 ᠨᠠᠹᠲ᠋ᠠᠯᠢ ᠪᠣᠯ ᠡᠷᠬᠡ ᠳᠤᠷ᠎ᠠ ᠪᠠᠷ ᠢᠶᠠᠨ ᠮᠠᠷᠠᠯ ᠬᠥᠭᠡᠷᠦᠬᠦᠨ ᠨᠥᠷᠥᠭᠡ ᠲᠥᠷᠥᠭᠦᠯᠦᠨ᠎ᠡ᠃
22 ᠶᠣᠰᠧᠹ ᠦᠷ᠎ᠡ ᠵᠢᠮᠢᠰ ᠶᠡᠬᠡ ᠲᠠᠢ ᠮᠥᠴᠢᠷ ᠪᠤᠯᠠᠭ ᠤᠨ ᠳᠡᠷᠭᠡᠳᠡ ᠪᠠᠢᠭ᠎ᠠ ᠦᠷ᠎ᠡ ᠵᠢᠮᠢᠰ ᠶᠡᠬᠡ ᠲᠠᠢ ᠮᠥᠴᠢᠷ ᠲᠡᠭᠦᠨ ᠦ ᠮᠥᠴᠢᠷ ᠤᠳ ᠬᠠᠨ᠎ᠠ ᠶᠢ ᠳᠠᠪᠠᠨ ᠤᠷᠭᠤᠨ᠎ᠠ᠂
23 ᠬᠠᠷᠪᠤᠭᠠᠴᠢᠳ ᠲᠡᠭᠦᠨ ᠳᠦ ᠬᠣᠷᠣᠰᠣᠭᠠᠳ ᠬᠠᠷᠪᠤᠵᠤ ᠳᠠᠭᠠᠷᠢᠭᠰᠠᠨ ᠪᠣᠯᠪᠠᠴᠤ
24 ᠶᠣᠰᠧᠹ ᠤᠨ ᠨᠤᠮᠤ ᠪᠠᠲᠤ ᠪᠡᠬᠢ ᠭᠠᠷ ᠨᠢ ᠱᠠᠯᠠᠮᠠᠭᠠᠢ ᠤᠴᠢᠷ ᠨᠢ ᠶᠠᠺᠣᠪ ᠤᠨ ᠬᠦᠴᠦᠲᠦ ᠨᠢᠭᠡᠨ ᠦ ᠮᠤᠲᠤᠷ ᠲᠡᠭᠦᠨ ᠲᠡᠢ ᠬᠠᠮᠲᠤ ᠪᠠᠷ ᠢᠰᠷᠧᠯ ᠤᠨ ᠬᠣᠨᠢᠴᠢᠨ᠂ ᠢᠰᠷᠧᠯ ᠤᠨ ᠴᠢᠯᠠᠭᠤ ᠲᠡᠭᠦᠨ ᠦ ᠬᠠᠵᠠᠭᠤ ᠳᠤ ᠪᠠᠢᠭᠰᠠᠭᠠᠷ
25 ᠴᠢᠨᠦ ᠡᠴᠢᠭᠡ ᠶᠢᠨ ᠪᠤᠷᠬᠠᠨ ᠴᠢᠮ᠎ᠠ ᠳᠤ ᠲᠤᠰᠠᠯᠠᠨ᠎ᠠ ᠲᠡᠭᠦᠰ ᠬᠦᠴᠦᠲᠡᠨ ᠳᠡᠭᠡᠷ᠎ᠡ ᠲᠩᠷᠢ ᠶᠢᠨ ᠢᠷᠥᠭᠡᠯ ᠢᠶᠡᠷ ᠳᠣᠣᠷ᠎ᠠ ᠭᠦᠨ ᠪᠤᠯᠠᠭ ᠤᠨ ᠢᠷᠥᠭᠡᠯ ᠢᠶᠡᠷ ᠬᠡᠪᠡᠯᠢ᠂ ᠬᠥᠬᠥ ᠶᠢᠨ ᠢᠷᠥᠭᠡᠯ ᠢᠶᠡᠷ ᠴᠢᠮᠠᠶᠢ ᠢᠷᠥᠭᠡᠭᠰᠡᠨ ᠶᠤᠮ᠂
26 ᠴᠢᠨᠦ ᠡᠴᠢᠭᠡ ᠶᠢᠨ ᠢᠷᠥᠭᠡᠯ ᠭᠡᠪᠡᠰᠦ ᠡᠴᠢᠭᠡ ᠡᠪᠦᠭᠡᠳ ᠦᠨ ᠮᠢᠨᠢ ᠢᠷᠥᠭᠡᠯ ᠡᠴᠡ ᠢᠯᠡᠭᠦᠦ ᠡᠭᠦᠷᠢᠳᠡ ᠶᠢᠨ ᠲᠣᠯᠣᠭᠠᠳ ᠤᠨ ᠣᠷᠣᠢ ᠳᠤ ᠬᠦᠷᠦᠨ᠎ᠡ ᠥᠨᠥᠬᠢ ᠢᠷᠥᠭᠡᠯ ᠤᠳ ᠶᠣᠰᠧᠹ ᠤᠨ ᠲᠣᠯᠣᠭᠠᠢ ᠳᠡᠭᠡᠷ᠎ᠡ ᠥᠪᠡᠷ ᠦᠨ ᠠᠬ᠎ᠠ ᠳᠡᠭᠦᠦᠰ ᠡᠴᠡ ᠢᠯᠠᠭᠠᠷᠠᠨ ᠭᠠᠷᠤᠭᠰᠠᠨ ᠲᠡᠭᠦᠨ ᠦ ᠵᠤᠯᠠᠢ ᠳᠡᠭᠡᠷ᠎ᠡ ᠪᠠᠭᠤᠨ᠎ᠠ᠃
27 ᠪᠢᠨᠶᠠᠮᠢᠨ ᠪᠣᠯ ᠤᠷᠠᠵᠤ ᠲᠠᠰᠤᠳᠠᠭᠴᠢ ᠴᠢᠨᠣ᠎ᠠ ᠥᠷᠯᠥᠭᠡᠭᠦᠷ ᠲᠡᠷᠡ ᠪᠠᠷᠢᠭᠰᠠᠨ ᠢᠶᠠᠨ ᠢᠳᠡᠵᠦ᠂ ᠦᠳᠡᠰᠢ ᠪᠠᠷ ᠣᠯᠵᠠ ᠪᠠᠨ ᠬᠤᠪᠢᠶᠠᠨ᠎ᠠ》 ᠭᠡᠪᠡ᠃
28 ᠡᠳᠡᠭᠡᠷ ᠪᠦᠬᠦᠨ ᠢᠰᠷᠧᠯ ᠤᠨ ᠠᠷᠪᠠᠨ ᠬᠣᠶᠠᠷ ᠣᠪᠣᠭ ᠪᠢᠯᠡ᠃ ᠡᠴᠢᠭᠡ ᠨᠢ ᠲᠡᠳᠡᠨ ᠢ ᠢᠷᠥᠭᠡᠬᠦ ᠳᠡᠭᠡᠨ ᠡᠳᠡᠭᠡᠷ ᠦᠭᠡ ᠶᠢ ᠬᠡᠯᠡᠵᠦ᠂ ᠬᠥᠮᠦᠨ ᠪᠦᠷᠢ ᠳᠤ ᠲᠣᠬᠢᠷᠠᠬᠤ ᠢᠷᠥᠭᠡᠯ ᠢᠶᠡᠷ ᠢᠷᠥᠭᠡᠵᠡᠢ᠃
ᠶᠠᠺᠣᠪ ᠥᠭᠡᠳᠡ ᠪᠣᠯᠪᠠ
29 ᠲᠡᠷᠡ ᠪᠡᠷ ᠲᠡᠳᠡᠨ ᠳᠦ ᠵᠠᠬᠢᠨ᠄ 《ᠪᠢ ᠡᠪᠦᠭᠡ ᠳᠡᠭᠡᠳᠦᠰ ᠤᠷᠤᠭᠤ ᠪᠠᠨ ᠣᠳᠣᠨ᠎ᠠ᠃ ᠨᠠᠮᠠᠶᠢ ᠾᠢᠲ ᠬᠥᠮᠦᠨ ᠡᠹᠷᠣᠨ ᠤ ᠲᠠᠯᠠᠪᠠᠢ ᠳᠠᠬᠢ ᠠᠭᠤᠢ ᠳᠤ ᠡᠪᠦᠭᠡ ᠳᠡᠭᠡᠳᠦᠰ ᠲᠡᠢ ᠮᠠᠨᠢ ᠬᠠᠮᠲᠤ ᠣᠷᠣᠰᠢᠭᠤᠯᠤᠭᠠᠷᠠᠢ᠃ 30 ᠲᠡᠷᠡ ᠠᠭᠤᠢ ᠺᠠᠨᠠᠨ ᠨᠤᠲᠤᠭ ᠲᠤ᠂ ᠮᠠᠮᠷᠧ ᠶᠢᠨ ᠬᠠᠪᠢ ᠳᠠᠬᠢ ᠮᠠᠺᠫᠧᠯᠠ ᠶᠢᠨ ᠲᠠᠯᠠᠪᠠᠢ ᠳᠤ ᠪᠤᠢ᠃ ᠠᠪᠷᠠᠬᠠᠮ ᠣᠷᠣᠰᠢᠭᠤᠯᠭ᠎ᠠ ᠶᠢᠨ ᠭᠠᠵᠠᠷ ᠪᠣᠯᠭᠠᠬᠤ ᠪᠠᠷ ᠲᠡᠷᠡ ᠠᠭᠤᠢ ᠶᠢ ᠲᠠᠯᠠᠪᠠᠢ ᠲᠠᠢ ᠨᠢ ᠬᠠᠮᠲᠤ ᠾᠢᠲ ᠬᠥᠮᠦᠨ ᠡᠹᠷᠣᠨ ᠠᠴᠠ ᠬᠤᠳᠠᠯᠳᠤᠵᠤ ᠠᠪᠤᠭᠰᠠᠨ ᠶᠤᠮ᠃ 31 ᠠᠪᠷᠠᠬᠠᠮ ᠪᠣᠯᠣᠨ ᠡᠬᠡᠨᠡᠷ ᠰᠠᠷᠠᠾ ᠨᠢ ᠲᠡᠨᠳᠡ ᠪᠤᠯᠠᠰᠢᠯᠠᠭᠳᠠᠭᠰᠠᠨ ᠪᠥᠭᠡᠳ ᠢᠰᠠᠺ ᠪᠣᠯᠣᠨ ᠲᠡᠭᠦᠨ ᠦ ᠡᠬᠡᠨᠡᠷ ᠷᠧᠪᠧᠺᠠ ᠮᠥᠨ ᠲᠡᠨᠳᠡ ᠪᠤᠯᠠᠰᠢᠯᠠᠭᠳᠠᠭᠰᠠᠨ ᠪᠢᠯᠡ᠃ ᠪᠢ ᠪᠠᠰᠠ ᠯᠧᠶ᠎ᠠ ᠶᠢ ᠲᠡᠨᠳᠡ ᠣᠷᠣᠰᠢᠭᠤᠯᠤᠭᠰᠠᠨ᠃ 32 ᠥᠨᠥᠬᠢ ᠲᠠᠯᠠᠪᠠᠢ ᠪᠠ ᠲᠡᠨᠳᠡᠬᠢ ᠶᠢᠨ ᠠᠭᠤᠢ ᠶᠢ ᠾᠢᠲ᠋ᠴᠦᠳ ᠡᠴᠡ ᠬᠤᠳᠠᠯᠳᠤᠨ ᠠᠪᠤᠭᠰᠠᠨ ᠶᠤᠮ》 ᠭᠡᠪᠡ᠃ 33 ᠶᠠᠺᠣᠪ ᠬᠥᠪᠡᠭᠦᠳ ᠲᠡᠭᠡᠨ ᠵᠠᠬᠢᠶᠠᠰᠤ ᠪᠠᠨ ᠥᠭᠴᠦ ᠳᠠᠭᠤᠰᠤᠭᠠᠳ᠂ ᠣᠷᠣ ᠳᠡᠭᠡᠷ᠎ᠡ ᠪᠡᠨ ᠬᠥᠯ ᠢᠶᠡᠨ ᠬᠤᠮᠢᠵᠤ᠂ ᠠᠮᠢᠰᠬᠤᠯ ᠢᠶᠠᠨ ᠬᠤᠷᠢᠶᠠᠭᠠᠳ ᠥᠪᠡᠷ ᠦᠨ ᠢᠶᠠᠨ ᠬᠥᠮᠦᠰ ᠤᠷᠤᠭᠤ ᠠᠪᠠᠴᠢᠭᠳᠠᠵᠠᠢ᠃