ᠡᠬᠢᠯᠡᠯ ᠳᠥᠴᠢᠨ ᠵᠢᠷᠭᠤᠭ᠎ᠠ
ᠶᠠᠺᠣᠪ ᠤᠨ ᠬᠢᠨ ᠶᠧᠵᠢᠫᠲ ᠲᠤ ᠨᠡᠭᠦᠳᠡᠯᠯᠡᠪᠡ
1 ᠢᠰᠷᠧᠯ ᠪᠠᠢᠭ᠎ᠠ ᠪᠦᠬᠦᠨ ᠢᠶᠡᠨ ᠠᠪᠴᠤ ᠵᠠᠮ ᠳᠤ ᠭᠠᠷᠪᠠ᠃ ᠲᠡᠷᠡ ᠪᠧᠷ ᠱᠧᠪᠠ ᠳᠤ ᠢᠷᠡᠭᠡᠳ ᠡᠴᠢᠭᠡ ᠢᠰᠠᠺ ᠤᠨ ᠢᠶᠠᠨ ᠪᠤᠷᠬᠠᠨ ᠳᠤ ᠲᠠᠬᠢᠯ ᠡᠷᠭᠦᠭᠰᠡᠨ ᠪᠠᠢᠨ᠎ᠠ᠃ 2 ᠰᠥᠨᠢ ᠨᠢ ᠪᠤᠷᠬᠠᠨ ᠢᠰᠷᠧᠯ ᠳᠤ ᠦᠵᠡᠭᠳᠡᠵᠦ᠄ 《ᠶᠠᠺᠣᠪ︕ ᠶᠠᠺᠣᠪ︕》 ᠭᠡᠵᠦ ᠳᠠᠭᠤᠳᠠᠬᠤ ᠳᠤ᠂ ᠶᠠᠺᠣᠪ᠄ 《ᠪᠢ ᠡ᠊ᠨᠳᠡ ᠪᠠᠢᠨ᠎ᠠ》 ᠭᠡᠵᠦ ᠬᠠᠷᠢᠭᠤᠯᠪᠠ᠃ 3 ᠪᠤᠷᠬᠠᠨ᠄ 《ᠪᠢ ᠪᠣᠯ ᠪᠤᠷᠬᠠᠨ᠂ ᠴᠢᠨᠦ ᠡᠴᠢᠭᠡ ᠶᠢᠨ ᠪᠤᠷᠬᠠᠨ ᠪᠠᠢᠨ᠎ᠠ᠃ ᠴᠢ ᠶᠧᠵᠢᠫᠲ ᠤᠷᠤᠭᠤ ᠶᠠᠪᠤᠬᠤ ᠠᠴᠠ ᠪᠠᠨ ᠪᠢᠲᠡᠭᠡᠢ ᠠᠶᠤ᠃ ᠪᠢ ᠲᠡᠨᠳᠡ ᠴᠢᠮ᠎ᠠ ᠠᠴᠠ ᠠᠭᠤᠤ ᠦᠨᠳᠦᠰᠦᠲᠡᠨ ᠢ ᠡᠭᠦᠰᠭᠡᠨ᠎ᠡ᠃ 4 ᠪᠢ ᠥᠪᠡᠷ ᠢᠶᠡᠨ ᠴᠢᠮ᠎ᠠ ᠲᠠᠢ ᠬᠠᠮᠲᠤ ᠶᠧᠵᠢᠫᠲ ᠤᠷᠤᠭᠤ ᠣᠴᠢᠭᠠᠳ᠂ ᠪᠢ ᠥᠪᠡᠷ ᠢᠶᠡᠨ ᠵᠠᠪᠠᠯ ᠴᠢᠮᠠᠶᠢ ᠪᠤᠴᠠᠭᠠᠵᠤ ᠠᠪᠴᠢᠷᠠᠨ᠎ᠠ᠃ ᠡᠭᠦᠨ ᠡᠴᠡ ᠡᠮᠦᠨ᠎ᠡ ᠶᠣᠰᠧᠹ ᠤᠨ ᠭᠠᠷ ᠴᠢᠨᠦ ᠨᠢᠳᠦ ᠶᠢ ᠠᠨᠢᠭᠤᠯᠤᠨᠠ》 ᠭᠡᠪᠡ᠃
5 ᠶᠠᠺᠣᠪ ᠪᠧᠷ ᠱᠧᠪᠠ ᠠᠴᠠ ᠬᠥᠳᠡᠯᠵᠡᠢ᠃ ᠢᠰᠷᠧᠯ ᠤᠨ ᠬᠥᠪᠡᠭᠦᠳ ᠡᠴᠢᠭᠡ ᠶᠠᠺᠣᠪ ᠢᠶᠠᠨ᠂ ᠡᠬᠡᠨᠡᠷ ᠬᠡᠦᠬᠡᠳ ᠤᠳ ᠢᠶᠠᠨ ᠹᠠᠷᠠᠣ᠋ ᠶᠢᠨ ᠡᠴᠢᠭᠡ ᠶᠢ ᠨᠢ ᠠᠪᠴᠢᠷᠠᠭᠤᠯᠬᠤ ᠪᠠᠷ ᠢᠯᠡᠭᠡᠭᠰᠡᠨ ᠲᠡᠷᠭᠡᠨ ᠳᠦ ᠰᠠᠭᠤᠯᠭᠠᠭᠰᠠᠨ ᠪᠠᠢᠯ᠎ᠠ᠃ 6 ᠶᠠᠺᠣᠪ ᠪᠣᠯᠣᠨ ᠲᠡᠭᠦᠨ ᠦ ᠦᠷ᠎ᠡ ᠤᠳᠤᠮ ᠪᠦᠭᠦᠳᠡᠭᠡᠷ ᠢᠶᠡᠨ ᠮᠠᠯ ᠰᠦᠷᠦᠭ᠂ ᠺᠠᠨᠠᠨ ᠨᠤᠲᠤᠭ ᠲᠤ ᠬᠤᠷᠠᠮᠳᠤᠯᠠᠭᠤᠯᠤᠭᠰᠠᠨ ᠡᠳ᠋ ᠬᠥᠷᠥᠩᠭᠡ ᠪᠡᠨ ᠠᠪᠴᠤ ᠶᠧᠵᠢᠫᠲ ᠤᠷᠤᠭᠤ ᠣᠳᠪᠠ᠃ 7 ᠡᠢᠨ ᠬᠦ ᠶᠠᠺᠣᠪ ᠬᠥᠪᠡᠭᠦᠳ᠂ ᠣᠮᠪᠣᠯᠣ ᠬᠥᠪᠡᠭᠦᠳ᠂ ᠥᠬᠢᠳ᠂ ᠣᠮᠪᠣᠯᠣ ᠥᠬᠢᠳ ᠪᠣᠯᠣᠨ ᠪᠦᠬᠦ ᠦᠷ᠎ᠡ ᠬᠡᠦᠬᠡᠳ ᠢᠶᠡᠨ ᠳᠠᠭᠠᠭᠤᠯᠵᠤ᠂ ᠶᠧᠵᠢᠫᠲ ᠲᠤ ᠠᠪᠴᠢᠷᠠᠵᠠᠢ᠃
8 ᠶᠧᠵᠢᠫᠲ ᠲᠤ ᠣᠴᠢᠭᠰᠠᠨ ᠢᠰᠷᠧᠯᠴᠦᠳ᠂ ᠲᠤᠬᠠᠢᠯᠠᠪᠠᠯ ᠶᠠᠺᠣᠪ ᠪᠣᠯᠣᠨ ᠲᠡᠭᠦᠨ ᠦ ᠦᠷ᠎ᠡ ᠤᠳᠤᠮ ᠤᠨ ᠬᠢᠨ ᠤ ᠨᠡᠷᠡᠰ᠄ ᠶᠠᠺᠣᠪ ᠤᠨ ᠤᠤᠭᠠᠨ ᠬᠦᠦ ᠷᠧᠣᠪᠧᠨ᠂ 9 ᠷᠧᠣᠪᠧᠨ ᠤ ᠬᠥᠪᠡᠭᠦᠳ᠄ ᠬᠠᠨᠣᠺ᠂ ᠫᠠᠯᠦ᠋᠂ ᠾᠧᠽᠷᠣᠨ᠂ ᠺᠠᠷᠮᠢ᠃ 10 ᠰᠢᠮᠧᠶᠣᠨ ᠤ ᠬᠥᠪᠡᠭᠦᠳ᠄ ᠶᠧᠮᠦ᠋ᠶᠧᠯ᠂ ᠶᠠᠮᠢᠨ᠂ ᠣᠬᠠᠳ᠋᠂ ᠶᠠᠺᠢᠨ᠂ ᠽᠣᠬᠠᠷ᠂ ᠺᠠᠨᠠᠨ ᠡᠮᠡᠭᠲᠡᠢ ᠡᠴᠡ ᠲᠥᠷᠥᠭᠰᠡᠨ ᠱᠠᠦ᠋ᠯ᠃ 11 ᠯᠧᠸᠢ ᠶᠢᠨ ᠬᠥᠪᠡᠭᠦᠳ᠄ ᠭᠧᠷᠱᠣᠨ᠂ ᠺᠣᠬᠠᠲ᠂ ᠮᠧᠷᠠᠷᠢ᠃ 12 ᠶᠦᠳᠠ ᠶᠢᠨ ᠬᠥᠪᠡᠭᠦᠳ᠄ ᠧᠷ᠂ ᠣᠨᠠᠨ᠂ ᠱᠧᠯᠠ᠂ ᠫᠧᠷᠧᠽ᠂ ᠽᠧᠷᠠ᠃ ᠧᠷ᠂ ᠣᠨᠠᠨ ᠬᠣᠶᠠᠷ ᠨᠢ ᠺᠠᠨᠠᠨ ᠤ ᠨᠤᠲᠤᠭ ᠲᠤ ᠦᠬᠦᠪᠡ᠃ ᠫᠧᠷᠧᠽ ᠤᠨ ᠬᠥᠪᠡᠭᠦᠳ᠄ ᠬᠧᠽᠷᠣᠨ ᠪᠠ ᠬᠠᠮᠦ᠋ᠯ᠃ 13 ᠢᠰᠠᠺᠠᠷ ᠤᠨ ᠬᠥᠪᠡᠭᠦᠳ᠄ ᠲᠣᠯᠠ᠂ ᠫᠦᠶ᠎ᠠ᠂ ᠶᠣᠪ᠂ ᠱᠢᠮᠷᠣᠨ᠃ 14 ᠽᠧᠪᠦ᠋ᠯᠣᠨ ᠤ ᠬᠥᠪᠡᠭᠦᠳ᠄ ᠰᠧᠷᠧᠳ᠋᠂ ᠡᠯᠣᠨ᠂ ᠶᠠᠯᠧᠯ᠃ 15 ᠡᠳᠡᠭᠡᠷ ᠨᠢ ᠫᠠᠳᠠᠨ ᠠᠷᠠᠮ ᠳᠤ ᠯᠧᠶ᠎ᠠ ᠶᠢᠨ ᠶᠠᠺᠣᠪ ᠲᠤ ᠲᠥᠷᠥᠭᠦᠯᠵᠦ ᠥᠭᠭᠥᠭᠰᠡᠨ ᠬᠥᠪᠡᠭᠦᠳ ᠪᠥᠭᠡᠳ ᠥᠬᠢᠨ ᠳ᠋ᠢᠨᠠ ᠴᠤ ᠪᠤᠢ᠂ ᠲᠡᠭᠦᠨ ᠦ ᠥᠬᠢᠳ᠂ ᠬᠥᠪᠡᠭᠦᠳ ᠪᠦᠭᠦᠳᠡ ᠭᠤᠴᠢᠨ ᠭᠤᠷᠪᠠᠭᠤᠯᠠ ᠶᠤᠮ᠃ 16 ᠭᠠᠳ᠋ ᠤᠨ ᠬᠥᠪᠡᠭᠦᠳ᠄ ᠽᠢᠹᠣᠨ᠂ ᠬᠠᠭᠢ᠂ ᠱᠦᠨᠢ᠂ ᠡᠽᠪᠣᠨ᠂ ᠧᠷᠢ᠂ ᠠᠷᠣᠳᠢ᠂ ᠠᠷᠧᠯᠢ᠃ 17 ᠠᠱᠧᠷ ᠤᠨ ᠬᠥᠪᠡᠭᠦᠳ᠄ ᠢᠮᠨᠠ᠂ ᠢᠱᠸᠠ᠂ ᠢᠱ᠊ᠸᠢ᠂ ᠪᠧᠷᠢᠶ᠎ᠠ᠃ ᠲᠡᠳᠡᠨ ᠦ ᠥᠬᠢᠨ ᠳᠡᠭᠦᠦ ᠰᠧᠷᠠ ᠴᠤ ᠪᠤᠢ᠃ ᠪᠧᠷᠢᠶ᠎ᠠ ᠶᠢᠨ ᠬᠥᠪᠡᠭᠦᠳ᠄ ᠾᠧᠪᠧᠷ ᠪᠣᠯᠣᠨ ᠮᠠᠯᠺᠢᠶᠧᠯ᠃ 18 ᠡᠳᠡᠭᠡᠷ ᠨᠢ ᠯᠠᠪᠠᠨ ᠤ ᠥᠬᠢᠨ ᠯᠧᠶ᠎ᠠ ᠳᠠᠭᠠᠨ ᠥᠭᠭᠥᠭᠰᠡᠨ ᠽᠢᠯᠫᠠ ᠶᠢᠨ ᠶᠠᠺᠣᠪ ᠲᠤ ᠲᠥᠷᠥᠭᠦᠯᠦᠭᠰᠡᠨ ᠦᠷ᠎ᠡ ᠬᠡᠦᠬᠡᠳ ᠤᠳ ᠪᠢᠯᠡ᠃ ᠲᠡᠳᠡ ᠪᠦᠭᠦᠳᠡ ᠠᠷᠪᠠᠨ ᠵᠢᠷᠭᠤᠭᠤᠯᠠ ᠶᠤᠮ᠃ 19 ᠶᠠᠺᠣᠪ ᠤᠨ ᠡᠬᠡᠨᠡᠷ ᠷᠠᠾᠢᠯ ᠤᠨ ᠬᠡᠦᠬᠡᠳ ᠤᠳ᠄ ᠶᠣᠰᠧᠹ ᠪᠣᠯᠣᠨ ᠪᠢᠨᠶᠠᠮᠢᠨ᠃ 20 ᠶᠣᠰᠧᠹ ᠶᠧᠵᠢᠫᠲ ᠲᠤ ᠪᠠᠢᠬᠤ ᠳᠤ᠂ ᠣᠨ ᠬᠣᠲᠠ ᠶᠢᠨ ᠲᠠᠬᠢᠯᠴᠢ ᠫᠣᠲ᠋ᠢᠹᠠᠷ ᠤᠨ ᠥᠬᠢᠨ ᠠᠰᠧᠨᠠᠲ ᠤᠨ ᠲᠡᠭᠦᠨ ᠳᠦ ᠲᠥᠷᠥᠭᠦᠯᠵᠦ ᠥᠭᠭᠥᠭᠰᠡᠨ ᠬᠥᠪᠡᠭᠦᠳ᠄ ᠮᠠᠨᠠᠰᠧ ᠪᠣᠯᠣᠨ ᠡᠹᠷᠠᠢᠮ᠃ 21 ᠪᠢᠨᠶᠠᠮᠢᠨ ᠤ ᠬᠥᠪᠡᠭᠦᠳ᠄ ᠪᠧᠯᠠ᠂ ᠪᠧᠺᠧᠷ᠂ ᠠᠱᠪᠧᠯ᠂ ᠭᠧᠷᠠ᠂ ᠨᠠᠮᠠᠨ᠂ ᠧᠾᠢ᠂ ᠷᠣᠱ᠂ ᠮᠦᠫᠢᠮ᠂ ᠾᠦᠫᠢᠮ᠂ ᠠᠷᠳ᠋᠃ 22 ᠡᠳᠡᠭᠡᠷ ᠨᠢ ᠶᠠᠺᠣᠪ ᠲᠤ ᠷᠠᠾᠢᠯ ᠤᠨ ᠲᠥᠷᠥᠭᠦᠯᠵᠦ ᠥᠭᠭᠥᠭᠰᠡᠨ ᠦᠷ᠎ᠡ ᠬᠡᠦᠬᠡᠳ ᠤᠳ ᠪᠢᠯᠡ᠃ ᠲᠡᠳᠡ ᠪᠦᠭᠦᠳᠡ ᠠᠷᠪᠠᠨ ᠳᠥᠷᠪᠡᠭᠦᠯᠡ ᠶᠤᠮ᠃ 23 ᠳ᠋ᠠᠨ ᠤ ᠬᠦᠦ᠄ ᠾᠦᠱᠢᠮ᠃ 24 ᠨᠠᠹᠲ᠋ᠠᠯᠢ ᠶᠢᠨ ᠬᠥᠪᠡᠭᠦᠳ᠄ ᠶᠠᠽᠧᠯ᠂ ᠭᠦᠨᠢ᠂ ᠶᠧᠽᠧᠷ᠂ ᠰᠢᠯᠧᠮ᠃ 25 ᠡᠳᠡᠭᠡᠷ ᠨᠢ ᠯᠠᠪᠠᠨ ᠤ ᠥᠬᠢᠨ ᠷᠠᠾᠢᠯ ᠳᠠᠭᠠᠨ ᠥᠭᠭᠥᠭᠰᠡᠨ ᠪᠢᠯᠾᠠ ᠶᠢᠨ ᠶᠠᠺᠣᠪ ᠲᠤ ᠲᠥᠷᠥᠭᠦᠯᠦᠭᠰᠡᠨ ᠬᠥᠪᠡᠭᠦᠳ ᠪᠥᠭᠡᠳ ᠲᠡᠳᠡ ᠪᠦᠭᠦᠳᠡ ᠳᠣᠯᠣᠭᠤᠯᠠ ᠶᠤᠮ᠃ 26 ᠶᠧᠵᠢᠫᠲ ᠲᠤ ᠶᠠᠺᠣᠪ ᠲᠠᠢ ᠬᠠᠮᠲᠤ ᠢᠷᠡᠭᠰᠡᠨ ᠬᠥᠮᠦᠰ ᠨᠢ ᠲᠡᠭᠦᠨ ᠦ ᠪᠡᠷᠢᠶᠡᠳ ᠡᠴᠡ ᠭᠠᠳᠠᠨ᠎ᠠ ᠵᠢᠷᠠᠨ ᠵᠢᠷᠭᠤᠭ᠎ᠠ ᠪᠠᠢᠪᠠ᠃ ᠡᠳᠡᠭᠡᠷ ᠨᠢ ᠪᠦᠭᠦᠳᠡ ᠶᠠᠺᠣᠪ ᠠᠴᠠ ᠭᠠᠷᠤᠭᠰᠠᠨ ᠶᠤᠮ᠃ 27 ᠶᠧᠵᠢᠫᠲ ᠲᠤ ᠲᠥᠷᠥᠭᠰᠡᠨ ᠶᠣᠰᠧᠹ ᠤᠨ ᠬᠣᠶᠠᠷ ᠬᠦᠦ ᠶᠢ ᠣᠷᠣᠭᠤᠯᠪᠠᠯ ᠶᠧᠵᠢᠫᠲ ᠲᠤ ᠢᠷᠡᠭᠰᠡᠨ ᠶᠠᠺᠣᠪ ᠤᠨ ᠭᠡᠷ ᠦᠨ ᠬᠢᠨ ᠪᠦᠭᠦᠳᠡ ᠳᠠᠯᠠᠭᠤᠯᠠ ᠪᠢᠯᠡ᠃
28 ᠶᠠᠺᠣᠪ ᠤᠷᠢᠳᠠᠪᠠᠷ ᠶᠦᠳᠠ ᠶᠢ ᠶᠣᠰᠧᠹ ᠤᠷᠤᠭᠤ ᠢᠯᠡᠭᠡᠵᠦ᠂ ᠭᠣᠱᠧᠨ ᠤᠷᠤᠭᠤ ᠵᠠᠮᠴᠢᠯᠠᠭᠤᠯᠬᠤ ᠪᠠᠷ ᠪᠣᠯᠵᠠᠢ᠂ ᠲᠡᠭᠡᠭᠡᠳ ᠲᠡᠳᠡ ᠭᠣᠱᠧᠨ ᠨᠤᠲᠤᠭ ᠲᠤ ᠬᠦᠷᠪᠡ᠃ 29 ᠶᠣᠰᠧᠹ ᠡᠴᠢᠭᠡ ᠢᠰᠷᠧᠯ ᠲᠠᠢ ᠪᠠᠨ ᠠᠭᠤᠯᠵᠠᠬᠤ ᠪᠠᠷ ᠲᠡᠷᠭᠡ ᠪᠡᠨ ᠬᠥᠯᠯᠡᠵᠦ᠂ ᠭᠣᠱᠧᠨ ᠳᠤ ᠬᠦᠷᠴᠦ ᠢᠷᠡᠭᠡᠳ ᠲᠡᠭᠦᠨ ᠢ ᠦᠵᠡᠮᠡᠭᠴᠡ ᠪᠡᠨ ᠬᠦᠵᠦᠭᠦᠦ ᠪᠡᠷ ᠨᠢ ᠲᠡᠪᠡᠷᠢᠨ ᠤᠳᠠᠲᠠᠯ᠎ᠠ ᠤᠬᠢᠯᠠᠪᠠ᠃ 30 ᠢᠰᠷᠧᠯ ᠶᠣᠰᠧᠹ ᠲᠤ᠄ 《ᠨᠢᠭᠤᠷ ᠢ ᠴᠢᠨᠢ ᠬᠠᠷᠠᠭᠰᠠᠨ ᠪᠣᠯᠬᠣᠷ ᠪᠢ ᠣᠳᠣ ᠪᠠᠷ ᠢᠶᠠᠨ ᠦᠬᠦᠭᠰᠡᠨ ᠴᠤ ᠪᠣᠯᠣᠨ᠎ᠠ᠃ ᠴᠢ ᠮᠠᠨᠢ ᠠᠮᠢᠳᠤ ᠰᠡᠷᠡᠭᠦᠨ ᠪᠠᠢᠵᠠᠢ》 ᠭᠡᠪᠡ᠃ 31 ᠶᠣᠰᠧᠹ ᠠᠬ᠎ᠠ ᠳᠡᠭᠦᠦ ᠨᠠᠷ ᠪᠣᠯᠣᠨ ᠡᠴᠢᠭᠡ ᠶᠢᠨ ᠢᠶᠠᠨ ᠭᠡᠷ ᠦᠨ ᠬᠢᠨ ᠳᠤ᠄
32 ᠲᠡᠳᠡ ᠪᠣᠯ ᠮᠠᠯᠴᠢᠳ᠂ ᠤᠭ ᠠᠴᠠ ᠪᠠᠨ ᠮᠠᠯ ᠮᠠᠯᠵᠢᠳᠠᠭ ᠬᠥᠮᠦᠰ ᠪᠣᠯᠬᠣᠷ ᠮᠠᠯ ᠰᠦᠷᠦᠭ ᠢᠶᠡᠨ᠂ ᠬᠠᠮᠤᠭ ᠡᠳ᠋ ᠬᠥᠷᠥᠩᠭᠡ ᠪᠡᠨ ᠠᠪᠴᠤ ᠢᠷᠡᠭᠰᠡᠨ〉 ᠭᠡᠵᠦ ᠬᠡᠯᠡᠶ᠎ᠡ᠃ 33 ᠹᠠᠷᠠᠣ᠋ ᠳᠠᠭᠤᠳᠠᠵᠤ᠄ 〈ᠲᠠ ᠨᠠᠷ ᠶᠠᠭᠤ ᠬᠢᠳᠡᠭ ᠤᠯᠤᠰ ᠪᠤᠢ︖〉 ᠭᠡᠵᠦ ᠠᠰᠠᠭᠤᠬᠤ ᠪᠠᠷ ᠨᠢ᠂ 34 〈ᠲᠠᠨ ᠤ ᠵᠠᠷᠤᠴᠠ ᠪᠢᠳᠡ ᠡᠪᠦᠭᠡ ᠳᠡᠭᠡᠳᠦᠰ ᠲᠡᠢ ᠪᠡᠨ ᠠᠳᠠᠯᠢᠬᠠᠨ ᠪᠠᠭ᠎ᠠ ᠠᠴᠠ ᠪᠠᠨ ᠡᠳᠦᠢ ᠬᠦᠷᠲᠡᠯ᠎ᠡ ᠮᠠᠯ ᠮᠠᠯᠵᠢᠵᠤ ᠢᠷᠡᠯ᠎ᠡ〉 ᠭᠡᠵᠦ ᠬᠡᠯᠡᠭᠡᠷᠡᠢ᠃ ᠲᠡᠭᠡᠪᠡᠯ ᠲᠠ ᠨᠠᠷ ᠢ ᠭᠣᠱᠧᠨ ᠨᠤᠲᠤᠭ ᠲᠤ ᠰᠠᠭᠤᠯᠭᠠᠬᠤ ᠶᠤᠮ᠃ ᠤᠴᠢᠷ ᠨᠢ ᠶᠧᠵᠢᠫᠲ᠋ᠴᠦᠳ ᠬᠣᠨᠢᠴᠢᠳ ᠲᠠᠢ ᠣᠢᠷᠠᠲᠤᠬᠤ ᠶᠢ ᠴᠡᠭᠡᠷᠯᠡᠳᠡᠭ》 ᠭᠡᠪᠡ᠃