ᠡᠬᠢᠯᠡᠯ ᠳᠥᠴᠢ
ᠬᠣᠶᠠᠷ ᠬᠣᠷᠢᠭᠳᠠᠯ ᠤᠨ ᠵᠡᠭᠦᠳᠦ
1 ᠡᠳᠡᠭᠡᠷ ᠶᠠᠪᠤᠳᠠᠯ ᠤᠨ ᠳᠠᠷᠠᠭ᠎ᠠ ᠶᠧᠵᠢᠫᠲ ᠤᠨ ᠬᠠᠭᠠᠨ ᠤ ᠰᠥᠩ ᠪᠠᠷᠢᠭᠴᠢ᠂ ᠪᠣᠣᠪᠣᠴᠢᠨ ᠬᠣᠶᠠᠷ ᠥᠪᠡᠷᠰᠡᠳ ᠦᠨ ᠡᠵᠡᠨ ᠶᠧᠵᠢᠫᠲ ᠤᠨ ᠬᠠᠭᠠᠨ ᠳᠤ ᠤᠰᠤᠯᠳᠤᠭᠰᠠᠨ ᠪᠠᠢᠨ᠎ᠠ᠃ 2 ᠹᠠᠷᠠᠣ᠋ ᠥᠪᠡᠷ ᠦᠨ ᠢᠶᠠᠨ ᠬᠣᠶᠠᠷ ᠠᠯᠪᠠᠲᠤ ᠪᠣᠯᠬᠤ ᠠᠬᠠᠯᠠᠬᠤ ᠰᠥᠩ ᠪᠠᠷᠢᠭᠴᠢ᠂ ᠠᠬᠠᠯᠠᠬᠤ ᠪᠣᠣᠪᠣᠴᠢᠨ ᠬᠣᠶᠠᠷ ᠲᠤ ᠠᠭᠤᠷᠯᠠᠵᠤ᠂ 3 ᠲᠡᠳᠡᠨ ᠢ ᠰᠢᠳᠠᠷ ᠬᠠᠮᠠᠭᠠᠯᠠᠭᠴᠢᠳ ᠤᠨ ᠠᠬᠠᠯᠠᠭᠴᠢ ᠶᠢᠨ ᠪᠠᠢᠰᠢᠩ ᠳᠣᠲᠣᠷᠠᠬᠢ ᠱᠣᠷᠣᠩ᠂ ᠲᠤᠬᠠᠢᠯᠠᠪᠠᠯ ᠶᠣᠰᠧᠹ ᠤᠨ ᠬᠣᠷᠢᠭᠳᠠᠵᠤ ᠪᠠᠢᠭ᠎ᠠ ᠭᠠᠵᠠᠷ ᠲᠤ ᠬᠣᠷᠢᠪᠠ᠃ 4 ᠰᠢᠳᠠᠷ ᠬᠠᠮᠠᠭᠠᠯᠠᠭᠴᠢᠳ ᠤᠨ ᠠᠬᠠᠯᠠᠭᠴᠢ ᠲᠡᠳᠡᠨ ᠢ ᠶᠣᠰᠧᠹ ᠢᠶᠠᠷ ᠬᠠᠯᠠᠮᠵᠢᠯᠠᠭᠤᠯᠤᠭᠰᠠᠨ ᠳᠤ᠂ ᠬᠣᠷᠢᠭᠳᠠᠵᠤ ᠪᠠᠢᠭ᠎ᠠ ᠡᠳᠦᠷ ᠤᠳ ᠲᠤᠨᠢ ᠶᠣᠰᠧᠹ ᠲᠡᠳᠡᠨ ᠳᠦ ᠦᠢᠯᠠᠴᠢᠯᠡᠵᠦ ᠪᠠᠢᠪᠠ᠃ 5 ᠱᠣᠷᠣᠩ ᠳᠤ ᠬᠣᠷᠢᠭᠳᠠᠵᠤ ᠪᠠᠢᠭᠰᠠᠨ ᠶᠧᠵᠢᠫᠲ ᠤᠨ ᠬᠠᠭᠠᠨ ᠤ ᠰᠥᠩ ᠪᠠᠷᠢᠭᠴᠢ᠂ ᠪᠣᠣᠪᠣᠴᠢᠨ ᠬᠣᠶᠠᠷ ᠨᠢᠭᠡᠨ ᠰᠥᠨᠢ ᠬᠣᠶᠠᠭᠤᠯᠠ ᠪᠠᠨ ᠵᠡᠭᠦᠳᠦᠯᠡᠭᠰᠡᠨ ᠪᠥᠭᠡᠳ ᠲᠡᠷᠡ ᠬᠣᠶᠠᠷ ᠤᠨ ᠵᠡᠭᠦᠳᠦᠨ ᠦ ᠰᠤᠪᠢᠩ ᠥᠭᠡᠷ᠎ᠡ ᠥᠭᠡᠷ᠎ᠡ ᠪᠠᠢᠯ᠎ᠠ᠃ 6 ᠥᠷᠯᠥᠭᠡᠭᠦᠷ ᠨᠢ ᠶᠣᠰᠧᠹ ᠲᠡᠳᠡᠨ ᠳᠡᠭᠡᠷ᠎ᠡ ᠢᠷᠡᠭᠡᠳ ᠬᠠᠷᠠᠬᠤ ᠳᠤ᠂ ᠲᠡᠳᠡ ᠶᠡᠬᠡ ᠭᠤᠨᠢᠭ ᠲᠠᠢ ᠪᠠᠢᠪᠠ᠃ 7 ᠶᠣᠰᠧᠹ ᠡᠵᠡᠨ ᠦ ᠬᠢᠨᠢ ᠪᠠᠢᠰᠢᠩ ᠳᠤ ᠥᠪᠡᠷ ᠲᠡᠢ ᠨᠢ ᠬᠠᠮᠲᠤ ᠬᠣᠷᠢᠭᠳᠠᠵᠤ ᠪᠠᠢᠭ᠎ᠠ ᠹᠠᠷᠠᠣ᠋ ᠶᠢᠨ ᠬᠣᠶᠠᠷ ᠠᠯᠪᠠᠲᠤ ᠠᠴᠠ᠄ 《ᠥᠨᠥᠳᠥᠷ ᠲᠠ ᠬᠣᠶᠠᠷ ᠤᠨ ᠴᠢᠷᠠᠢ ᠶᠠᠭᠠᠬᠢᠭᠠᠳ ᠮᠠᠭᠤ ᠪᠠᠢᠨ᠎ᠠ ᠪᠤᠢ︖》 ᠭᠡᠵᠦ ᠠᠰᠠᠭᠤᠭᠰᠠᠨ ᠳᠤ᠂ 8 ᠲᠡᠳᠡ᠄ 《ᠪᠢᠳᠡ ᠬᠣᠶᠠᠭᠤᠯᠠ ᠪᠠᠨ ᠵᠡᠭᠦᠳᠦ ᠵᠡᠭᠦᠳᠦᠯᠡᠯ᠎ᠡ᠂ ᠬᠠᠷᠢᠨ ᠲᠡᠭᠦᠨ ᠢ ᠲᠠᠢᠯᠬᠤ ᠬᠥᠮᠦᠨ ᠠᠯᠠᠭ᠎ᠠ》 ᠭᠡᠪᠡ᠃ ᠶᠣᠰᠧᠹ ᠲᠡᠳᠡᠨ ᠳᠦ᠄ 《ᠲᠠᠢᠯᠤᠯ ᠨᠢ ᠪᠤᠷᠬᠠᠨ ᠤ ᠬᠢ ᠪᠢᠰᠢ ᠤᠤ︖ ᠨᠠᠳᠠ ᠳᠤ ᠶᠠᠷᠢᠵᠤ ᠥᠭᠭᠥᠨ᠎ᠡ ᠤᠤ︖》 ᠭᠡᠵᠡᠢ᠃
9 ᠲᠡᠭᠡᠭᠡᠳ ᠠᠬᠠᠯᠠᠬᠤ ᠰᠥᠩ ᠪᠠᠷᠢᠭᠴᠢ ᠵᠡᠭᠦᠳᠦ ᠪᠡᠨ ᠶᠣᠰᠧᠹ ᠲᠤ ᠶᠠᠷᠢᠵᠤ᠄ 《ᠪᠢ ᠵᠡᠭᠦᠳᠦᠨ ᠳᠡᠭᠡᠨ ᠮᠢᠨᠦ ᠡᠮᠦᠨ᠎ᠡ ᠨᠢᠭᠡ ᠦᠵᠦᠮ ᠦᠨ ᠮᠣᠳᠣ ᠪᠠᠢᠭ᠎ᠠ ᠶᠢ ᠬᠠᠷᠠᠯ᠎ᠠ︕ 10 ᠲᠡᠷᠡ ᠦᠵᠦᠮ ᠦᠨ ᠮᠣᠳᠣ ᠭᠤᠷᠪᠠᠨ ᠮᠥᠴᠢᠷ ᠲᠠᠢ ᠪᠥᠭᠡᠳ ᠤᠷᠭᠤᠵᠤ ᠳᠡᠯᠭᠡᠷᠡᠭᠡᠳ ᠦᠵᠦᠮ ᠪᠣᠯᠪᠠᠰᠤᠷᠠᠵᠠᠢ᠃ 11 ᠮᠢᠨᠦ ᠭᠠᠷ ᠲᠤ ᠹᠠᠷᠠᠣ᠋ ᠶᠢᠨ ᠬᠤᠨᠳᠠᠭ᠎ᠠ ᠪᠠᠢᠨ᠎ᠠ᠂ ᠪᠢ ᠦᠵᠦᠮ ᠲᠡᠭᠦᠵᠦ᠂ ᠹᠠᠷᠠᠣ᠋ ᠶᠢᠨ ᠬᠤᠨᠳᠠᠭᠠᠨ ᠳᠤ ᠰᠢᠭᠦᠰᠦ ᠶᠢ ᠨᠢ ᠰᠢᠬᠠᠵᠤ ᠬᠢᠭᠡᠳ ᠲᠡᠷᠡ ᠬᠤᠨᠳᠠᠭ᠎ᠠ ᠪᠠᠨ ᠹᠠᠷᠠᠣ᠋ ᠶᠢᠨ ᠭᠠᠷ ᠲᠤ ᠥᠭᠭᠥᠭᠰᠡᠨ ᠪᠠᠢᠪᠠ》 ᠭᠡᠰᠡᠨ ᠪᠠᠢᠯ᠎ᠠ᠃ 12 ᠶᠣᠰᠧᠹ ᠲᠡᠭᠦᠨ ᠳᠦ᠄ 《ᠲᠡᠭᠦᠨ ᠦ ᠲᠠᠢᠯᠤᠯ ᠭᠡᠪᠡᠯ᠂ ᠭᠤᠷᠪᠠᠨ ᠮᠥᠴᠢᠷ ᠨᠢ ᠭᠤᠷᠪᠠᠨ ᠡᠳᠦᠷ ᠶᠤᠮ᠃ 13 ᠹᠠᠷᠠᠣ᠋ ᠭᠤᠷᠪᠠᠨ ᠡᠳᠦᠷ ᠦᠨ ᠳᠣᠲᠣᠷ᠎ᠠ ᠲᠠᠨ ᠤ ᠲᠣᠯᠣᠭᠠᠢ ᠶᠢ ᠥᠨᠳᠡᠢᠯᠭᠡᠵᠦ᠂ ᠬᠠᠭᠤᠴᠢᠨ ᠠᠯᠪᠠᠨ ᠳᠤ ᠴᠢᠨᠢ ᠳᠠᠬᠢᠨ ᠣᠷᠣᠭᠤᠯᠤᠨ᠎ᠠ᠃ ᠲᠡᠭᠡᠭᠡᠳ ᠲᠠ ᠤᠷᠢᠳᠤ ᠨᠢ ᠲᠡᠭᠦᠨ ᠦ ᠰᠥᠩ ᠪᠠᠷᠢᠭᠴᠢ ᠪᠠᠢᠬᠤ ᠦᠶ᠎ᠡ ᠳᠡᠭᠡᠨ ᠬᠢᠳᠡᠭ ᠪᠠᠢᠭᠰᠠᠨ ᠶᠣᠰᠣᠭᠠᠷ ᠢᠶᠠᠨ ᠹᠠᠷᠠᠣ᠋ ᠶᠢᠨ ᠬᠤᠨᠳᠠᠭ᠎ᠠ ᠶᠢ ᠳᠠᠬᠢᠨ ᠭᠠᠷ ᠲᠤᠨᠢ ᠪᠠᠷᠢᠭᠤᠯᠬᠤ ᠪᠣᠯᠣᠨ᠎ᠠ᠃ 14 ᠬᠠᠷᠢᠨ ᠪᠦᠬᠦ ᠶᠠᠭᠤᠮ᠎ᠠ ᠴᠢᠨᠢ ᠰᠠᠢᠨ ᠪᠣᠯᠬᠤ ᠳᠤ᠂ ᠨᠠᠮᠠᠶᠢ ᠰᠠᠨᠠᠵᠤ ᠬᠠᠢᠷ᠎ᠠ ᠡᠨᠡᠷᠢᠯ ᠢᠶᠠᠨ ᠦᠵᠡᠭᠦᠯᠦᠨ᠎ᠡ ᠤᠤ︖ ᠹᠠᠷᠠᠣ᠋ ᠳᠤ ᠮᠢᠨᠦ ᠲᠤᠬᠠᠢ ᠶᠠᠷᠢᠵᠤ᠂ ᠨᠠᠮᠠᠶᠢ ᠡᠨᠡ ᠪᠠᠢᠰᠢᠩ ᠠᠴᠠ ᠭᠠᠷᠭᠠᠵᠤ ᠥᠭᠭᠥᠨ᠎ᠡ ᠤᠤ︖ 15 ᠦᠨᠡᠨ ᠢ ᠬᠡᠯᠡᠬᠦ ᠳᠦ᠂ ᠪᠢ ᠢᠪᠷᠠᠢᠴᠤᠳ ᠤᠨ ᠨᠤᠲᠤᠭ ᠠᠴᠠ ᠤᠤᠯᠭᠠᠯᠠᠭᠳᠠᠭᠰᠠᠨ ᠬᠥᠮᠦᠨ᠂ ᠡ᠊ᠨᠳᠡ ᠴᠤ ᠪᠢ ᠭᠢᠨᠳᠠᠨ ᠳᠤ ᠣᠷᠣᠬᠤ ᠶᠠᠮᠠᠷ ᠨᠢᠭᠡᠨ ᠬᠡᠷᠡᠭ ᠬᠢᠭᠡ ᠦᠭᠡᠢ ᠪᠢᠯᠡ》 ᠭᠡᠵᠡᠢ᠃
16 ᠲᠡᠭᠦᠨ ᠦ ᠲᠠᠢᠯᠤᠯ ᠰᠠᠢᠨ ᠪᠠᠢᠬᠤ ᠶᠢ ᠠᠬᠠᠯᠠᠬᠤ ᠪᠣᠣᠪᠣᠴᠢᠨ ᠦᠵᠡᠭᠡᠳ᠂ ᠶᠣᠰᠧᠹ ᠲᠤ᠄ 《ᠬᠠᠷᠢᠨ ᠪᠢ ᠵᠡᠭᠦᠳᠦᠨ ᠳᠡᠭᠡᠨ ᠲᠣᠯᠣᠭᠠᠢ ᠳᠡᠭᠡᠷ᠎ᠡ ᠮᠢᠨᠢ ᠴᠠᠭᠠᠨ ᠪᠣᠣᠪᠣ ᠲᠠᠢ ᠭᠤᠷᠪᠠᠨ ᠰᠠᠭᠰᠤ ᠪᠠᠢᠭ᠎ᠠ ᠶᠢ ᠬᠠᠷᠠᠯ᠎ᠠ︕ 17 ᠳᠡᠭᠡᠳᠦ ᠲᠠᠯ᠎ᠠ ᠶᠢᠨ ᠰᠠᠭᠰᠤᠨ ᠳᠤᠨᠢ ᠹᠠᠷᠠᠣ᠋ ᠳᠤ ᠥᠭᠬᠦ ᠪᠡᠷ ᠵᠢᠩᠨᠡᠭᠰᠡᠨ ᠶᠠᠩᠵᠤ ᠪᠦᠷᠢ ᠶᠢᠨ ᠢᠳᠡᠭᠡ ᠪᠠᠢᠨ᠎ᠠ᠃ ᠭᠡᠲᠡᠯ᠎ᠡ ᠰᠢᠪᠠᠭᠤᠳ ᠮᠢᠨᠦ ᠲᠣᠯᠣᠭᠠᠢ ᠳᠡᠭᠡᠷᠡᠬᠢ ᠰᠠᠭᠰᠤᠨ ᠠᠴᠠ ᠲᠡᠭᠦᠨ ᠢ ᠠᠪᠴᠤ ᠢᠳᠡᠵᠦ ᠪᠠᠢᠯ᠎ᠠ》 ᠭᠡᠰᠡᠨ ᠳᠦ᠂ 18 ᠶᠣᠰᠧᠹ᠄ 《ᠲᠡᠭᠦᠨ ᠦ ᠲᠠᠢᠯᠤᠯ ᠭᠡᠪᠡᠯ᠂ ᠭᠤᠷᠪᠠᠨ ᠰᠠᠭᠰᠤ ᠨᠢ ᠭᠤᠷᠪᠠᠨ ᠡᠳᠦᠷ ᠶᠤᠮ᠃ 19 ᠭᠤᠷᠪᠠᠨ ᠡᠳᠦᠷ ᠦᠨ ᠳᠣᠲᠣᠷ᠎ᠠ ᠹᠠᠷᠠᠣ᠋ ᠲᠣᠯᠣᠭᠠᠢ ᠶᠢ ᠴᠢᠨᠢ ᠠᠪᠴᠤ᠂ ᠲᠠᠨ ᠢ ᠮᠣᠳᠣᠨ ᠳᠤ ᠡᠯᠭᠦᠬᠦ ᠪᠥᠭᠡᠳ ᠰᠢᠪᠠᠭᠤᠳ ᠮᠢᠬ᠎ᠠ ᠶᠢ ᠴᠢᠨᠢ ᠢᠳᠡᠬᠦ ᠪᠣᠯᠣᠨ᠎ᠠ》 ᠭᠡᠪᠡ᠃
20 ᠭᠤᠷᠪᠠᠳᠠᠬᠢ ᠡᠳᠦᠷ ᠨᠢ ᠹᠠᠷᠠᠣ᠋ ᠶᠢᠨ ᠲᠥᠷᠥᠭᠰᠡᠨ ᠡᠳᠦᠷ ᠪᠠᠢᠪᠠ᠃ ᠹᠠᠷᠠᠣ᠋ ᠪᠦᠬᠦ ᠲᠦᠰᠢᠮᠡᠳ ᠦᠨ ᠢᠶᠠᠨ ᠲᠥᠯᠥᠭᠡ ᠨᠠᠢᠷ ᠬᠢᠵᠦ᠂ ᠲᠡᠳᠡ ᠨᠠᠷ ᠤᠨ ᠡᠮᠦᠨ᠎ᠡ ᠠᠬᠠᠯᠠᠬᠤ ᠰᠥᠩ ᠪᠠᠷᠢᠭᠴᠢ᠂ ᠠᠬᠠᠯᠠᠬᠤ ᠪᠣᠣᠪᠣᠴᠢᠨ ᠬᠣᠶᠠᠷ ᠢᠶᠠᠨ ᠱᠣᠷᠣᠩ ᠠᠴᠠ ᠭᠠᠷᠭᠠᠵᠠᠢ 73 ᠃ 21 ᠹᠠᠷᠠᠣ᠋ ᠠᠬᠠᠯᠠᠬᠤ ᠰᠥᠩᠴᠢ ᠶᠢ ᠬᠠᠭᠤᠴᠢᠨ ᠠᠯᠪᠠᠨ ᠳᠤᠨᠢ ᠳᠠᠬᠢᠨ ᠣᠷᠣᠭᠤᠯᠤᠭᠰᠠᠨ ᠪᠥᠭᠡᠳ ᠠᠬᠠᠯᠠᠬᠤ ᠰᠥᠩ ᠪᠠᠷᠢᠭᠴᠢ ᠹᠠᠷᠠᠣ᠋ ᠶᠢᠨ ᠭᠠᠷ ᠲᠤ ᠬᠤᠨᠳᠠᠭ᠎ᠠ ᠶᠢ ᠨᠢ ᠪᠠᠷᠢᠭᠤᠯᠵᠤ ᠥᠭᠴᠡᠢ᠃ 22 ᠬᠠᠷᠢᠨ ᠹᠠᠷᠠᠣ᠋ ᠠᠬᠠᠯᠠᠬᠤ ᠪᠣᠣᠪᠣᠴᠢᠨ ᠢ ᠳᠡᠭᠦᠵᠢᠯᠡᠵᠦ ᠠᠯᠠᠵᠠᠢ᠃ ᠡᠢᠨ ᠬᠦ ᠶᠣᠰᠧᠹ ᠤᠨ ᠲᠠᠢᠯᠤᠭᠰᠠᠨ ᠶᠣᠰᠣᠭᠠᠷ ᠪᠣᠯᠣᠭᠰᠠᠨ ᠪᠣᠯᠪᠠᠴᠤ 23 ᠠᠬᠠᠯᠠᠬᠤ ᠰᠥᠩ ᠪᠠᠷᠢᠭᠴᠢ ᠶᠣᠰᠧᠹ ᠢ ᠡᠷᠭᠢᠨ ᠰᠠᠨᠠᠭᠰᠠᠨ ᠦᠭᠡᠢ᠂ ᠲᠠᠭ ᠮᠠᠷᠲᠠᠪᠠ᠃