1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠠᠷᠪᠠᠨ ᠲᠠᠪᠤ
 ᠪᠤᠷᠬᠠᠨ ᠠᠪᠷᠠᠮ ᠲᠠᠢ ᠭᠡᠷ᠎ᠡ ᠪᠠᠢᠭᠤᠯᠪᠠ

1 ᠡᠳᠡᠭᠡᠷ ᠦᠨ ᠳᠠᠷᠠᠭ᠎ᠠ᠂ ᠶᠣᠬᠣᠸᠠ ᠶᠢᠨ ᠦᠭᠡ ᠠᠪᠷᠠᠮ ᠳᠤ ᠦᠵᠡᠭᠳᠡᠯ ᠢᠶᠡᠷ ᠢᠷᠡᠵᠦ᠄ 《ᠪᠦᠦ ᠠᠶᠤ︕ ᠠᠪᠷᠠᠮ ᠡ᠂ ᠪᠢ ᠪᠣᠯ ᠴᠢᠨᠦ ᠪᠠᠮᠪᠠᠢ᠂ ᠴᠢᠮᠠᠶᠢ ᠦᠯᠡᠮᠵᠢ ᠶᠡᠬᠡ ᠪᠡᠷ ᠱᠠᠩᠨᠠᠬᠤ ᠪᠣᠯᠣᠨ᠎ᠠ》 ᠭᠡᠵᠡᠢ᠃ 2 ᠠᠪᠷᠠᠮ᠄ 《ᠡᠵᠡᠨ ᠶᠣᠬᠣᠸᠠ ᠮᠢᠨᠢ︕ ᠲᠠ ᠨᠠᠳᠠ ᠳᠤ ᠶᠠᠭᠤ ᠬᠠᠢᠷᠠᠯᠠᠬᠤ ᠰᠠᠨ ᠪᠣᠯ︖ ᠪᠢ ᠦᠷ᠎ᠡ ᠬᠡᠦᠬᠡᠳ ᠦᠭᠡᠢ ᠪᠣᠯᠬᠣᠷ ᠳ᠋ᠠᠮᠠᠰᠺᠦ᠋ᠰ ᠬᠥᠮᠦᠨ ᠡᠯᠢᠶᠧᠽᠧᠷ ᠮᠢᠨᠦ ᠥᠪ ᠢ ᠵᠠᠯᠭᠠᠮᠵᠢᠯᠠᠬᠤ ᠪᠣᠯᠣᠨ᠎ᠠ》 ᠭᠡᠪᠡ᠃ 3 ᠠᠪᠷᠠᠮ ᠵᠠᠯᠭᠠᠭᠠᠳ᠄ 《ᠲᠠ ᠨᠠᠳᠠ ᠳᠤ ᠦᠷ᠎ᠡ ᠤᠳᠤᠮ ᠵᠠᠶᠠᠭᠠᠭ᠎ᠠ ᠦᠭᠡᠢ ᠰᠢᠦ᠃ ᠡᠨᠡ ᠭᠡᠷ ᠲᠦ ᠲᠥᠷᠥᠭᠰᠡᠨ ᠵᠠᠷᠤᠴᠠ ᠮᠢᠨᠦ ᠥᠪ ᠵᠠᠯᠭᠠᠮᠵᠢᠯᠠᠭᠴᠢ ᠪᠣᠯᠬᠤ ᠨᠢ ᠡ︕》 ᠭᠡᠵᠦ ᠬᠡᠯᠡᠵᠡᠢ᠃ 4 ᠲᠡᠭᠡᠲᠡᠯ᠎ᠡ ᠶᠣᠬᠣᠸᠠ ᠶᠢᠨ ᠦᠭᠡ ᠲᠡᠭᠦᠨ ᠳᠦ ᠢᠷᠡᠵᠦ᠄ 《ᠴᠢᠨᠦ ᠥᠪ ᠢ ᠵᠠᠯᠭᠠᠮᠵᠢᠯᠠᠭᠴᠢ ᠨᠢ ᠲᠡᠷᠡ ᠪᠢᠰᠢ᠂ ᠬᠠᠷᠢᠨ ᠥᠪᠡᠷ ᠦᠨ ᠴᠢᠨᠢ ᠪᠡᠶ᠎ᠡ ᠡᠴᠡ ᠲᠥᠷᠥᠬᠦ ᠬᠥᠪᠡᠭᠦᠨ ᠯᠠ ᠴᠢᠨᠦ ᠥᠪ ᠵᠠᠯᠭᠠᠮᠵᠢᠯᠠᠭᠴᠢ ᠪᠣᠯᠣᠨ᠎ᠠ》 ᠭᠡᠳ᠂ 5 ᠲᠡᠭᠦᠨ ᠢ ᠭᠠᠳᠠᠭᠰᠢ ᠭᠠᠷᠭᠠᠭᠠᠳ᠄ 《ᠲᠩᠷᠢ ᠥᠭᠡᠳᠡ ᠬᠠᠷᠠ ᠴᠢ᠂ ᠲᠡᠷᠡ ᠣᠳᠣᠳ ᠢ ᠲᠣᠭᠠᠯᠠᠵᠤ ᠴᠢᠳᠠᠪᠠᠰᠤ ᠲᠣᠭᠠᠯᠠ》 ᠭᠡᠪᠡ᠃ ᠲᠡᠷᠡ ᠪᠠᠰᠠ ᠳᠠᠬᠢᠨ᠄ 《ᠴᠢᠨᠦ ᠦᠷ᠎ᠡ ᠤᠳᠤᠮ ᠡᠢᠮᠦ ᠣᠯᠠᠨ ᠪᠣᠯᠣᠨ᠎ᠠ》 ᠭᠡᠵᠦ ᠠᠢᠯᠠᠳᠪᠠ᠃ 6 ᠠᠪᠷᠠᠮ ᠶᠣᠬᠣᠸᠠ ᠳᠤ ᠢᠲᠡᠭᠡᠭᠰᠡᠨ ᠳᠦ᠂ ᠶᠣᠬᠣᠸᠠ ᠲᠡᠭᠦᠨ ᠢ ᠵᠥᠪᠲᠦ ᠳᠦ ᠲᠣᠭᠠᠴᠠᠪᠠ᠃

7 ᠲᠡᠷᠡ ᠪᠡᠷ ᠠᠪᠷᠠᠮ ᠳᠤ᠄ 《ᠪᠢ ᠪᠣᠯ ᠶᠣᠬᠣᠸᠠ᠂ ᠴᠢᠮ᠎ᠠ ᠳᠤ ᠡᠨᠡ ᠭᠠᠵᠠᠷ ᠨᠤᠲᠤᠭ ᠢ ᠥᠭᠴᠦ ᠡᠵᠡᠮᠰᠢᠭᠦᠯᠬᠦ ᠪᠡᠷ ᠴᠢᠮᠠᠶᠢ ᠺᠠᠯᠳᠧᠶ᠎ᠠ ᠶᠢᠨ ᠦᠦᠷ ᠡᠴᠡ ᠠᠪᠴᠢᠷᠠᠭᠰᠠᠨ ᠶᠤᠮ》 ᠭᠡᠬᠦ ᠳᠦ᠂ 8 ᠠᠪᠷᠠᠮ᠄ 《ᠡᠵᠡᠨ ᠶᠣᠬᠣᠸᠠ ᠮᠢᠨᠢ︕ ᠪᠢ ᠡᠨᠡ ᠭᠠᠵᠠᠷ ᠢ ᠡᠵᠡᠮᠰᠢᠬᠦ ᠪᠡᠨ ᠶᠠᠭᠠᠬᠢᠨ ᠮᠡᠳᠡᠬᠦ ᠪᠤᠢ︖》 ᠭᠡᠵᠦ ᠠᠰᠠᠭᠤᠪᠠ᠃ 9 ᠶᠣᠬᠣᠸᠠ ᠲᠡᠭᠦᠨ ᠳᠦ᠄ 《ᠨᠠᠳᠠ ᠳᠤ ᠵᠣᠷᠢᠭᠤᠯᠵᠤ ᠭᠤᠨᠵᠢᠨ ᠦᠨᠢᠶ᠎ᠡ᠂ ᠬᠢᠵᠠᠯᠠᠩ ᠡᠮ᠎ᠡ ᠢᠮᠠᠭ᠎ᠠ᠂ ᠬᠢᠵᠠᠯᠠᠩ ᠡᠷ᠎ᠡ ᠬᠣᠨᠢ᠂ ᠬᠡᠭᠦᠷᠵᠡᠭᠡᠨ᠎ᠡ᠂ ᠲᠠᠭᠲᠠᠭᠠᠨ ᠵᠤᠯᠵᠠᠭ᠎ᠠ ᠵᠡᠷᠭᠡ ᠶᠢ ᠠᠪᠴᠢᠷᠠ》 ᠭᠡᠪᠡ᠃ 10 ᠠᠪᠷᠠᠮ ᠲᠡᠷᠡ ᠪᠦᠬᠦᠨ ᠢ ᠠᠪᠴᠤ ᠬᠣᠶᠠᠷ ᠲᠠᠯᠠᠯᠠᠨ ᠬᠤᠪᠢᠶᠠᠭᠠᠳ ᠲᠠᠯ᠎ᠠ ᠪᠦᠷᠢ ᠶᠢ ᠥᠭᠡᠳᠡ ᠥᠭᠡᠳᠡ ᠡᠴᠡ ᠨᠢ ᠬᠠᠷᠠᠭᠤᠯᠤᠨ ᠲᠠᠯᠪᠢᠵᠠᠢ᠃ ᠬᠠᠷᠢᠨ ᠰᠢᠪᠠᠭᠤᠳ ᠢ ᠬᠤᠪᠢᠶᠠᠭᠰᠠᠨ ᠦᠭᠡᠢ᠃ 11 ᠮᠢᠬᠠᠴᠢᠨ ᠰᠢᠪᠠᠭᠤᠳ ᠦᠬᠦᠭᠰᠡᠨ ᠠᠮᠢᠲᠠᠳ ᠳᠡᠭᠡᠷ᠎ᠡ ᠪᠠᠭᠤᠵᠤ ᠢᠷᠡᠬᠦ ᠳᠦ᠂ ᠠᠪᠷᠠᠮ ᠦᠷᠭᠦᠭᠡᠵᠦ ᠬᠥᠭᠡᠭᠡᠪᠡ᠃

12 ᠨᠠᠷᠠ ᠰᠢᠩᠭᠡᠬᠦ ᠦᠶ᠎ᠡ ᠪᠡᠷ ᠠᠪᠷᠠᠮ ᠭᠦᠨ ᠨᠣᠢᠷ ᠲᠤ ᠠᠪᠲᠠᠵᠤ᠂ ᠲᠦᠨᠡᠷ ᠬᠠᠷᠠᠩ᠋ᠭᠤᠢ ᠪᠣᠯᠣᠨ ᠠᠶᠤᠮᠰᠢᠭᠲᠤ ᠠᠢᠳᠠᠰ ᠲᠡᠭᠦᠨ ᠢ ᠨᠥᠮᠥᠷᠪᠡ︕ 13 ᠶᠣᠬᠣᠸᠠ ᠠᠪᠷᠠᠮ ᠳᠤ᠄

14 ᠬᠠᠷᠢᠨ ᠲᠡᠳᠡᠨ ᠢ ᠪᠣᠭᠣᠯᠴᠢᠯᠠᠬᠤ ᠲᠡᠷᠡ ᠭᠦᠷᠦᠨ ᠢ ᠪᠢ ᠰᠢᠳᠬᠡᠨ᠎ᠡ᠃ ᠡᠭᠦᠨ ᠦ ᠳᠠᠷᠠᠭ᠎ᠠ ᠯᠠ ᠲᠡᠳᠡ ᠶᠡᠬᠡ ᠡᠳ᠋ ᠬᠥᠷᠥᠩᠭᠡ ᠲᠡᠢ ᠭᠠᠷᠴᠤ ᠢᠷᠡᠨ᠎ᠡ᠃ 15 ᠴᠢᠨᠦ ᠲᠤᠬᠠᠢ ᠳᠤ ᠭᠡᠪᠡᠯ᠂ ᠴᠢ ᠤᠷᠲᠤ ᠨᠠᠰᠤᠯᠠᠭᠠᠳ ᠡᠴᠢᠭᠡ ᠡᠪᠦᠭᠡᠳ ᠤᠷᠤᠭᠤ ᠪᠠᠨ ᠠᠮᠤᠷ ᠲᠠᠢᠪᠤᠩ ᠢᠶᠠᠷ ᠣᠴᠢᠵᠤ ᠶᠠᠰᠤ ᠪᠠᠨ ᠲᠠᠯᠪᠢᠬᠤ ᠪᠣᠯᠣᠨ᠎ᠠ᠃ 16 ᠬᠠᠷᠢᠨ ᠴᠢᠨᠦ ᠦᠷ᠎ᠡ ᠤᠳᠤᠮ ᠳᠥᠷᠪᠡᠳᠡᠬᠢ ᠦᠶ᠎ᠡ ᠳᠡᠭᠡᠨ ᠡ᠊ᠨᠳᠡ ᠪᠤᠴᠠᠵᠤ ᠢᠷᠡᠬᠦ ᠪᠣᠯᠣᠨ᠎ᠠ᠃ ᠠᠮᠣᠷᠢᠴᠤᠳ ᠤᠨ ᠭᠡᠮ ᠨᠢᠭᠦᠯ ᠠᠷᠠᠢ ᠳᠦᠭᠦᠷᠦᠭᠡ ᠦᠭᠡᠢ》 ᠭᠡᠪᠡ᠃

17 ᠨᠠᠷᠠ ᠰᠢᠩ᠋ᠭᠡᠵᠦ ᠬᠠᠷᠠᠩ᠋ᠭᠤᠢ ᠪᠣᠯᠬᠤ ᠳᠤ ᠤᠲᠤᠭ᠎ᠠ ᠭᠠᠷᠴᠤ ᠪᠠᠢᠭ᠎ᠠ ᠵᠤᠤᠬ᠎ᠠ ᠪᠣᠯᠣᠨ ᠭᠠᠯ ᠪᠠᠮᠪᠠᠷ ᠨᠥᠭᠥᠭᠡ ᠲᠠᠯᠠᠯᠠᠭᠳᠠᠭᠰᠠᠨ ᠮᠢᠬᠠᠨ ᠤ ᠳᠤᠮᠳᠠᠭᠤᠷ ᠥᠩᠭᠡᠷᠡᠨ ᠭᠠᠷᠪᠠ︕ 18 ᠲᠡᠷᠡ ᠡᠳᠦᠷ ᠶᠣᠬᠣᠸᠠ ᠠᠪᠷᠠᠮ ᠲᠠᠢ ᠭᠡᠷ᠎ᠡ ᠪᠠᠢᠭᠤᠯᠵᠤ᠄ 《ᠪᠢ ᠴᠢᠨᠦ ᠦᠷ᠎ᠡ ᠤᠳᠤᠮ ᠳᠤ ᠶᠧᠵᠢᠫᠲ ᠮᠥᠷᠡᠨ ᠡᠴᠡ ᠶᠡᠬᠡ ᠮᠥᠷᠡᠨ ᠪᠤᠶᠤ ᠡᠶᠦ᠋ᠹᠷᠠᠲ᠋ᠧᠰ ᠬᠦᠷᠲᠡᠯᠡᠬᠢ ᠡᠨᠡ ᠭᠠᠵᠠᠷ ᠢ ᠥᠭᠭᠥᠶ᠎ᠡ᠃ 19 ᠲᠡᠨᠳᠡ ᠺᠧᠨᠴᠦᠳ᠂ ᠺᠧᠨᠢᠽᠴᠦᠳ᠂ ᠺᠠᠳ᠋ᠮᠣᠨᠴᠤᠳ᠂ 20 ᠾᠧᠲ᠋ᠴᠦᠳ᠂ ᠫᠧᠷᠢᠽᠴᠦᠳ᠂ ᠷᠧᠹᠠᠢᠮᠴᠤᠳ᠂ 21 ᠠᠮᠣᠷᠢᠴᠤᠳ᠂ ᠺᠠᠨᠠᠨᠴᠤᠳ᠂ ᠭᠢᠷᠭᠠᠱᠴᠤᠳ᠂ ᠶᠧᠪᠦ᠋ᠰᠴᠦᠳ ᠰᠠᠭᠤᠳᠠᠭ ᠶᠤᠮ》 ᠭᠡᠵᠦ ᠠᠢᠯᠠᠳᠪᠠ᠃