ᠡᠬᠢᠯᠡᠯ ᠲᠠᠪᠢ
1 ᠶᠣᠰᠧᠹ ᠡᠴᠢᠭᠡ ᠶᠢᠨ ᠢᠶᠠᠨ ᠨᠢᠭᠤᠷ ᠤᠨ ᠡᠮᠦᠨ᠎ᠡ ᠰᠥᠭᠥᠳᠥᠨ ᠤᠬᠢᠯᠠᠵᠤ᠂ ᠲᠡᠭᠦᠨ ᠢ ᠦᠨᠦᠰᠪᠡ᠃ 2 ᠶᠣᠰᠧᠹ ᠡᠴᠢᠭᠡ ᠶᠢᠨ ᠢᠶᠠᠨ ᠪᠡᠶ᠎ᠡ ᠳᠦ ᠭᠦᠭᠦᠯ ᠬᠢᠯᠭᠡᠬᠦ ᠪᠡᠷ ᠦᠢᠯᠡᠴᠢᠯᠡᠭᠴᠢ ᠡᠮᠴᠢ ᠨᠠᠷ ᠲᠡᠭᠡᠨ ᠲᠤᠰᠢᠶᠠᠭᠰᠠᠨ ᠳᠤ᠂ ᠡᠮᠴᠢ ᠨᠠᠷ ᠨᠢ ᠢᠰᠷᠧᠯ ᠤᠨ ᠪᠡᠶ᠎ᠡ ᠳᠦ ᠭᠦᠭᠦᠯ ᠬᠢᠪᠡ᠃ 3 ᠡᠭᠦᠨ ᠦ ᠲᠥᠯᠥᠭᠡ ᠳᠥᠴᠢ ᠬᠣᠨᠣᠭ ᠵᠠᠷᠤᠴᠠᠭᠤᠯᠵᠠᠢ᠃ ᠡᠨᠡ ᠨᠢ ᠭᠦᠭᠦᠯ ᠬᠢᠬᠦ ᠳᠦ ᠱᠠᠭᠠᠷᠳᠠᠭᠳᠠᠬᠤ ᠬᠤᠭᠤᠴᠠᠭ᠎ᠠ ᠶᠤᠮ᠃ ᠶᠧᠵᠢᠫᠲ᠋ᠴᠦᠳ ᠲᠡᠭᠦᠨ ᠦ ᠬᠣᠢᠨ᠎ᠠ ᠠᠴᠠ ᠳᠠᠯᠠᠨ ᠬᠣᠨᠣᠭ ᠭᠠᠰᠢᠭᠤᠳᠠᠭᠰᠠᠨ ᠪᠠᠢᠪᠠ᠃
4 ᠭᠠᠰᠢᠭᠤᠳᠠᠯ ᠤᠨ ᠬᠤᠭᠤᠴᠠᠭ᠎ᠠ ᠥᠩᠭᠡᠷᠡᠮᠡᠭᠴᠡ ᠶᠣᠰᠧᠹ ᠹᠠᠷᠠᠣ᠋ ᠶᠢᠨ ᠣᠷᠳᠣᠨ ᠤ ᠬᠢᠨ ᠳᠤ ᠳᠤᠭᠤᠯᠭᠠᠵᠤ᠄ 《ᠬᠡᠷᠪᠡ ᠪᠢ ᠲᠠ ᠨᠠᠷ ᠤᠨ ᠲᠠᠭᠠᠯᠠᠯ ᠢ ᠣᠯᠣᠭᠰᠠᠨ ᠪᠣᠯ ᠲᠠ ᠨᠠᠷ ᠹᠠᠷᠠᠣ᠋ ᠳᠤ ᠰᠣᠨᠣᠷᠳᠠᠭᠤᠯᠵᠤ ᠥᠭᠭᠥᠨ᠎ᠡ ᠤᠤ︖ 5 ᠡᠴᠢᠭᠡ ᠮᠢᠨᠢ ᠨᠠᠳᠠ ᠪᠠᠷ ᠲᠠᠩ᠋ᠭᠠᠷᠢᠭᠯᠠᠭᠤᠯᠤᠨ ᠬᠡᠯᠡᠬᠦ ᠳᠡᠭᠡᠨ᠄ 〈ᠬᠠᠷ᠎ᠠ᠂ ᠦᠬᠦᠬᠦ ᠴᠠᠭ ᠮᠢᠨᠢ ᠪᠣᠯᠣᠯ᠎ᠠ᠃ ᠨᠠᠮᠠᠶᠢ ᠺᠠᠨᠠᠨ ᠨᠤᠲᠤᠭ ᠲᠤ ᠥᠪᠡᠷ ᠲᠡᠭᠡᠨ ᠤᠬᠤᠵᠤ ᠪᠡᠯᠡᠳᠬᠡᠭᠰᠡᠨ ᠣᠷᠣᠰᠢᠭᠤᠯᠭ᠎ᠠ ᠶᠢᠨ ᠭᠠᠵᠠᠷ ᠲᠤ ᠮᠢᠨᠢ ᠣᠷᠣᠰᠢᠭᠤᠯᠤᠭᠠᠷᠠᠢ︕〉 ᠭᠡᠰᠡᠨ ᠪᠢᠯᠡ᠃ ᠲᠡᠢᠮᠦ ᠡᠴᠡ ᠲᠡᠨᠳᠡ ᠣᠴᠢᠵᠤ ᠡᠴᠢᠭᠡ ᠪᠡᠨ ᠨᠤᠲᠤᠭᠯᠠᠭᠤᠯᠤᠭᠠᠳ ᠡᠷᠭᠢᠵᠦ ᠢᠷᠡᠬᠦ ᠶᠢ ᠮᠢᠨᠢ ᠪᠣᠯᠭᠣᠭᠠᠨ᠎ᠠ ᠤᠤ︖》 ᠭᠡᠰᠡᠨ ᠳᠦ᠂ 6 ᠹᠠᠷᠠᠣ᠋᠄ 《ᠴᠢ ᠲᠡᠨᠳᠡ ᠣᠴᠢᠵᠤ᠂ ᠲᠠᠩ᠋ᠭᠠᠷᠢᠭᠯᠠᠭᠰᠠᠨ ᠶᠣᠰᠣᠭᠠᠷ ᠢᠶᠠᠨ ᠡᠴᠢᠭᠡ ᠪᠡᠨ ᠣᠷᠣᠰᠢᠭᠤᠯ》 ᠭᠡᠪᠡ᠃
7 ᠡᠢᠨ ᠬᠦ ᠶᠣᠰᠧᠹ ᠡᠴᠢᠭᠡ ᠪᠡᠨ ᠣᠷᠣᠰᠢᠭᠤᠯᠬᠤ ᠪᠠᠷ ᠶᠠᠪᠤᠵᠠᠢ᠃ ᠲᠡᠭᠦᠨ ᠲᠡᠢ ᠬᠠᠮᠲᠤ ᠹᠠᠷᠠᠣ᠋ ᠶᠢᠨ ᠲᠦᠰᠢᠮᠡᠯ ᠤᠳ᠂ ᠲᠡᠭᠦᠨ ᠦ ᠣᠷᠳᠣᠨ ᠤ ᠠᠬᠠᠯᠠᠭᠴᠢᠳ᠂ ᠶᠧᠵᠢᠫᠲ ᠤᠨ ᠠᠬᠠᠯᠠᠭᠴᠢᠳ᠂ 8 ᠮᠥᠨ ᠶᠣᠰᠧᠹ ᠤᠨ ᠪᠦᠬᠦ ᠭᠡᠷ ᠦᠨ ᠬᠢᠨ᠂ ᠲᠡᠭᠦᠨ ᠦ ᠠᠬ᠎ᠠ ᠳᠡᠭᠦᠦ ᠨᠠᠷ᠂ ᠲᠡᠭᠦᠨ ᠦ ᠡᠴᠢᠭᠡ ᠶᠢᠨ ᠭᠡᠷ ᠪᠦᠯᠢ ᠶᠢᠨ ᠬᠢᠨ ᠴᠥᠮ ᠢᠶᠡᠷ ᠢᠶᠠᠨ ᠶᠠᠪᠤᠵᠠᠢ᠃ ᠵᠥᠪᠬᠡᠨ ᠲᠡᠳᠡᠨ ᠦ ᠬᠡᠦᠬᠡᠳ ᠪᠠᠭᠠᠴᠤᠳ ᠪᠣᠯᠣᠨ ᠮᠠᠯ ᠰᠦᠷᠦᠭ ᠨᠢ ᠭᠣᠱᠧᠨ ᠳᠤ ᠦᠯᠡᠳᠡᠵᠡᠢ᠃ 9 ᠡᠭᠦᠨ ᠡᠴᠡ ᠭᠠᠳᠠᠨ᠎ᠠ᠂ ᠵᠡᠪᠰᠡᠭᠲᠦ ᠲᠡᠷᠭᠡ᠂ ᠮᠣᠷᠢᠲᠠᠨ ᠪᠠᠰᠠ ᠶᠣᠰᠧᠹ ᠲᠠᠢ ᠬᠠᠮᠲᠤ ᠣᠴᠢᠪᠠ᠃ ᠲᠡᠳᠡ ᠪᠦᠭᠦᠳᠡᠭᠡᠷ ᠠᠰᠤᠷᠤ ᠶᠡᠬᠡ ᠡᠩᠨᠡᠭᠡ ᠪᠣᠯᠵᠠᠢ᠃ 10 ᠲᠡᠳᠡ ᠶᠣᠷᠳᠠᠨ ᠭᠣᠣᠯ ᠤᠨ ᠨᠥᠭᠥᠭᠡ ᠬᠥᠪᠡᠭᠡᠨ ᠳᠦ ᠪᠠᠢᠭ᠎ᠠ ᠠᠲ᠋ᠠᠳ᠋ ᠤᠨ ᠦᠲᠦᠷᠮ᠎ᠡ ᠳᠡᠭᠡᠷ᠎ᠡ ᠬᠦᠷᠴᠦ ᠢᠷᠡᠭᠡᠳ ᠲᠡᠨᠳᠡ ᠴᠢᠩᠭ᠍᠎ᠠ ᠪᠠᠷ ᠤᠬᠢᠯᠠᠯᠳᠤᠨ᠂ ᠭᠦᠨ ᠢᠶᠡᠷ ᠡᠮᠭᠡᠨᠢᠵᠡᠭᠡᠭᠰᠡᠨ ᠪᠠᠢᠨ᠎ᠠ᠃ ᠶᠣᠰᠧᠹ ᠲᠡᠨᠳᠡ ᠡᠴᠢᠭᠡ ᠶᠢᠨ ᠢᠶᠠᠨ ᠬᠣᠢᠨ᠎ᠠ ᠠᠴᠠ ᠳᠣᠯᠣᠭᠠᠨ ᠬᠣᠨᠣᠭ ᠭᠠᠰᠢᠭᠤᠳᠠᠵᠠᠢ᠃ 11 ᠲᠡᠨᠳᠡ ᠣᠷᠣᠰᠢᠨ ᠰᠠᠭᠤᠭᠴᠢ ᠺᠠᠨᠠᠨᠴᠤᠳ ᠠᠲ᠋ᠠᠳ᠋ ᠤᠨ ᠦᠲᠦᠷᠮ᠎ᠡ ᠳᠡᠭᠡᠷ᠎ᠡ ᠪᠣᠯᠣᠭᠰᠠᠨ ᠭᠠᠰᠢᠭᠤᠳᠠᠯ ᠢ ᠬᠠᠷᠠᠭᠠᠳ᠄ 《ᠶᠧᠵᠢᠫᠲ᠋ᠴᠦᠳ ᠦᠨ ᠮᠠᠰᠢ ᠲᠣᠮᠣ ᠭᠠᠰᠢᠭᠤᠳᠠᠯ ᠪᠣᠯᠵᠤ ᠪᠠᠢᠨ᠎ᠠ》 ᠭᠡᠵᠦ ᠶᠠᠷᠢᠯᠴᠠᠵᠠᠭᠠᠪᠠ᠃ ᠡᠨᠡ ᠤᠴᠢᠷ ᠢᠶᠠᠷ ᠶᠣᠷᠳᠠᠨ ᠭᠣᠣᠯ ᠤᠨ ᠨᠥᠭᠥᠭᠡ ᠡᠷᠭᠢ ᠶᠢᠨ ᠲᠡᠷᠡ ᠭᠠᠵᠠᠷ ᠢ ᠠᠪᠧᠯ ᠮᠢᠽᠷᠠᠢᠮ 87 ᠭᠡᠵᠦ ᠨᠡᠷᠡᠯᠡᠬᠦ ᠪᠣᠯᠵᠠᠢ᠃ 12 ᠬᠥᠪᠡᠭᠦᠳ ᠨᠢ ᠡᠢᠨ ᠬᠦ ᠲᠡᠭᠦᠨ ᠦ ᠲᠤᠰᠢᠶᠠᠭᠰᠠᠨ ᠶᠣᠰᠣᠭᠠᠷ ᠭᠦᠢᠴᠡᠳᠬᠡᠵᠡᠢ᠃ 13 ᠬᠥᠪᠡᠭᠦᠳ ᠨᠢ ᠲᠡᠭᠦᠨ ᠢ ᠺᠠᠨᠠᠨ ᠨᠤᠲᠤᠭ ᠤᠷᠤᠭᠤ ᠠᠪᠴᠢᠷᠠᠭᠠᠳ᠂ ᠮᠠᠮᠷᠧ ᠶᠢᠨ ᠬᠠᠵᠠᠭᠤ ᠳᠠᠬᠢ ᠮᠠᠺᠫᠧᠯᠠ ᠶᠢᠨ ᠲᠠᠯᠠᠪᠠᠢ ᠳᠤ ᠪᠠᠢᠭ᠎ᠠ ᠠᠭᠤᠢ ᠳᠤ ᠣᠷᠣᠰᠢᠭᠤᠯᠪᠠ᠃ ᠠᠪᠷᠠᠬᠠᠮ ᠲᠡᠷᠡ ᠠᠭᠤᠢ ᠶᠢ ᠣᠷᠣᠰᠢᠭᠤᠯᠭ᠎ᠠ ᠶᠢᠨ ᠭᠠᠵᠠᠷ ᠪᠣᠯᠭᠠᠬᠤ ᠪᠠᠷ ᠾᠢᠲ᠋ᠴᠦᠳ ᠦᠨ ᠡᠹᠷᠣᠨ ᠠᠴᠠ ᠲᠠᠯᠠᠪᠠᠢ ᠲᠠᠢ ᠨᠢ ᠬᠠᠮᠲᠤ ᠬᠤᠳᠠᠯᠳᠤᠵᠤ ᠠᠪᠤᠭᠰᠠᠨ ᠪᠠᠢᠪᠠ᠃ 14 ᠶᠣᠰᠧᠹ ᠡᠴᠢᠭᠡ ᠪᠡᠨ ᠣᠷᠣᠰᠢᠭᠤᠯᠤᠭᠰᠠᠨ ᠤ ᠳᠠᠷᠠᠭ᠎ᠠ ᠠᠬ᠎ᠠ ᠳᠡᠭᠦᠦ ᠨᠠᠷ ᠲᠠᠢ ᠪᠠᠨ ᠬᠠᠮᠲᠤ᠂ ᠪᠠᠰᠠ ᠡᠴᠢᠭᠡ ᠶᠢ ᠨᠢ ᠣᠷᠣᠰᠢᠭᠤᠯᠬᠤ ᠪᠠᠷ ᠶᠠᠪᠤᠭᠰᠠᠨ ᠪᠤᠰᠤᠳ ᠪᠦᠬᠦ ᠬᠥᠮᠦᠨ ᠦ ᠬᠠᠮᠲᠤ ᠶᠧᠵᠢᠫᠲ ᠲᠡᠭᠡᠨ ᠪᠤᠴᠠᠨ ᠢᠷᠡᠵᠡᠢ᠃
ᠶᠣᠰᠧᠹ ᠠᠬ᠎ᠠ ᠨᠠᠷ ᠢᠶᠠᠨ ᠲᠠᠢᠪᠤᠰᠢᠷᠠᠭᠤᠯᠪᠠ
15 ᠶᠣᠰᠧᠹ ᠤᠨ ᠠᠬ᠎ᠠ ᠳᠡᠭᠦᠦ ᠨᠠᠷ ᠡᠴᠢᠭᠡ ᠶᠢᠨ ᠢᠶᠠᠨ ᠨᠠᠰᠤ ᠪᠠᠷᠠᠭᠰᠠᠨ ᠢ ᠦᠵᠡᠭᠡᠳ ᠬᠣᠭᠣᠷᠣᠨᠳᠣ ᠪᠠᠨ᠄ 《ᠬᠡᠷᠪᠡ ᠶᠣᠰᠧᠹ ᠪᠢᠳᠡᠨ ᠳᠦ ᠥᠰᠢᠶ᠎ᠡ ᠪᠣᠳᠣᠵᠤ᠂ ᠪᠢᠳᠡᠨ ᠦ ᠥᠪᠡᠷ ᠲᠤᠨᠢ ᠬᠢᠭᠰᠡᠨ ᠪᠦᠬᠦ ᠭᠡᠮ ᠪᠤᠷᠤᠭᠤ ᠶᠢ ᠪᠢᠳᠡᠨ ᠳᠦ ᠵᠠᠪᠠᠯ ᠡᠷᠭᠢᠭᠦᠯᠵᠦ ᠬᠢᠬᠦ ᠭᠡᠪᠡᠯ ᠶᠠᠭᠠᠬᠢᠬᠤ ᠪᠤᠢ︖》 ᠭᠡᠯᠴᠡᠪᠡ᠃ 16 ᠲᠡᠳᠡ ᠶᠣᠰᠧᠹ ᠲᠤ ᠬᠡᠯᠡ ᠳᠠᠮᠵᠢᠭᠤᠯᠵᠤ᠄ 《ᠡᠴᠢᠭᠡ ᠴᠢᠨᠢ ᠨᠠᠰᠤ ᠪᠠᠷᠠᠬᠤ ᠠᠴᠠ ᠪᠠᠨ ᠡᠮᠦᠨ᠎ᠡ 17 〈ᠥᠪᠡᠷ ᠲᠦ ᠴᠢᠨᠢ ᠬᠣᠷᠣᠨ ᠮᠠᠭᠤ ᠶᠢ ᠬᠢᠭᠰᠡᠨ ᠠᠬ᠎ᠠ ᠨᠠᠷ ᠤᠨ ᠢᠶᠠᠨ ᠭᠡᠮ ᠨᠢᠭᠦᠯ ᠢ ᠴᠢ ᠣᠳᠣ ᠠᠭᠤᠴᠢᠯᠠᠭᠠᠷᠠᠢ ᠭᠡᠵᠦ ᠲᠠᠨ ᠳᠤ ᠬᠡᠯᠡᠬᠦ ᠶᠢ ᠵᠠᠬᠢᠭᠰᠠᠨ ᠶᠤᠮ〉᠂ ᠡᠢᠮᠦ ᠡᠴᠡ ᠲᠠ ᠡᠴᠢᠭᠡ ᠶᠢᠨ ᠢᠶᠠᠨ ᠪᠤᠷᠬᠠᠨ ᠤ ᠵᠠᠷᠤᠴᠠ ᠪᠢᠳᠡᠨ ᠦ ᠭᠡᠮ ᠪᠤᠷᠤᠭᠤ ᠶᠢ ᠣᠳᠣ ᠠᠭᠤᠴᠢᠯᠠᠨ᠎ᠠ ᠤᠤ︖》 ᠭᠡᠰᠡᠨ ᠳᠦ᠂ ᠲᠡᠳᠡᠨ ᠦ ᠦᠭᠡ ᠶᠢ ᠰᠣᠨᠣᠰᠣᠭᠰᠠᠨ ᠶᠣᠰᠧᠹ ᠤᠬᠢᠯᠠᠪᠠ᠃ 18 ᠠᠬ᠎ᠠ ᠨᠠᠷ ᠨᠢ ᠢᠷᠡᠵᠦ ᠲᠡᠭᠦᠨ ᠦ ᠡᠮᠦᠨ᠎ᠡ ᠰᠥᠭᠥᠳᠥᠨ᠄ 《ᠪᠢᠳᠡ ᠨᠠᠷ ᠲᠠᠨ ᠤ ᠪᠣᠭᠣᠯ ᠰᠢᠦ》 ᠭᠡᠰᠡᠨ ᠳᠦ᠂ 19 ᠶᠣᠰᠧᠹ ᠲᠡᠳᠡᠨ ᠳᠦ᠄ 《ᠪᠢᠲᠡᠭᠡᠢ ᠠᠶᠤᠵᠠᠭ᠎ᠠ᠃ ᠪᠢ ᠶᠠᠭᠠᠬᠢᠨ ᠪᠤᠷᠬᠠᠨ ᠢ ᠣᠷᠣᠯᠠᠨ᠎ᠠ ᠪᠤᠢ︖ 20 ᠲᠠ ᠨᠠᠷ ᠨᠠᠳᠠ ᠳᠤ ᠮᠠᠭᠤ ᠶᠢ ᠦᠢᠯᠡᠳᠬᠦ ᠪᠡᠷ ᠲᠥᠯᠥᠪᠯᠡᠭᠰᠡᠨ ᠪᠣᠯᠪᠠᠴᠤ ᠪᠤᠷᠬᠠᠨ ᠡᠭᠦᠨ ᠢᠶᠡᠷ ᠰᠠᠢᠨ ᠢ ᠦᠢᠯᠡᠳᠬᠦ ᠪᠡᠷ ᠲᠥᠯᠥᠪᠯᠡᠵᠦ ᠥᠨᠥᠳᠥᠷ ᠦᠨ ᠬᠢ ᠰᠢᠭ ᠦᠢ ᠣᠯᠠᠨ ᠬᠥᠮᠦᠨ ᠦ ᠠᠮᠢ ᠶᠢ ᠠᠪᠤᠷᠠᠭᠰᠠᠨ ᠶᠤᠮ᠃ 21 ᠲᠠ ᠨᠠᠷ ᠣᠳᠣ ᠪᠢᠲᠡᠭᠡᠢ ᠠᠶᠤᠵᠠᠭ᠎ᠠ᠃ ᠪᠢ ᠥᠪᠡᠷ ᠢᠶᠡᠨ ᠲᠠ ᠨᠠᠷ ᠢ ᠪᠣᠯᠣᠨ ᠬᠡᠦᠬᠡᠳ ᠤᠳ ᠢ ᠴᠢᠨᠢ ᠲᠡᠳᠬᠦᠨ᠎ᠡ》 ᠭᠡᠵᠦ ᠲᠡᠳᠡᠨ ᠦ ᠰᠡᠳᠬᠢᠯ ᠢ ᠲᠠᠢᠪᠤᠰᠢᠷᠠᠭᠤᠯᠬᠤ ᠦᠭᠡ ᠶᠠᠷᠢᠭᠰᠠᠨ ᠪᠠᠢᠯ᠎ᠠ᠃
ᠶᠣᠰᠧᠹ ᠥᠭᠡᠳᠡ ᠪᠣᠯᠪᠠ
22 ᠡᠢᠨ ᠬᠦ ᠶᠣᠰᠧᠹ ᠡᠴᠢᠭᠡ ᠶᠢᠨ ᠢᠶᠠᠨ ᠭᠡᠷ ᠪᠦᠯᠢ ᠶᠢᠨ ᠬᠢᠨ ᠲᠠᠢ ᠬᠠᠮᠲᠤ ᠶᠧᠵᠢᠫᠲ ᠲᠤ ᠠᠮᠢᠳᠤᠷᠠᠨ ᠰᠠᠭᠤᠪᠠ᠃ ᠲᠡᠷᠡ ᠵᠠᠭᠤ ᠠᠷᠪᠠᠨ ᠵᠢᠯ ᠠᠮᠢᠳᠤᠷᠠᠵᠤ᠂ 23 ᠡᠹᠷᠠᠢᠮ ᠤᠨ ᠬᠥᠪᠡᠭᠦᠳ ᠦᠨ ᠭᠤᠷᠪᠠᠨ ᠦᠶ᠎ᠡ ᠶᠢ ᠦᠵᠡᠭᠰᠡᠨ ᠪᠥᠭᠡᠳ ᠮᠠᠨᠠᠰᠧ ᠶᠢᠨ ᠬᠦᠦ ᠮᠠᠺᠢᠷ ᠤᠨ ᠬᠥᠪᠡᠭᠦᠳ ᠲᠥᠷᠥᠬᠦ ᠳᠦ᠂ ᠲᠡᠳᠡᠨ ᠢ ᠠᠪᠴᠤ ᠡᠪᠦᠷ ᠳᠡᠭᠡᠷ᠎ᠡ ᠪᠡᠨ ᠥᠰᠭᠡᠵᠡᠢ᠃
24 ᠶᠣᠰᠧᠹ ᠠᠬ᠎ᠠ ᠳᠡᠭᠦᠦ ᠨᠠᠷ ᠲᠡᠭᠡᠨ᠄ 《ᠦᠬᠦᠬᠦ ᠴᠠᠭ ᠮᠢᠨᠢ ᠪᠣᠯᠣᠯ᠎ᠠ᠂ ᠭᠡᠪᠡᠴᠦ ᠪᠤᠷᠬᠠᠨ ᠲᠠ ᠨᠠᠷ ᠲᠤ ᠲᠤᠰᠠᠯᠠᠬᠤ ᠪᠠᠷ ᠯᠠᠪᠲᠠᠢ ᠢᠷᠡᠨ᠎ᠡ᠂ ᠲᠠ ᠨᠠᠷ ᠢ ᠡᠨᠡ ᠭᠠᠵᠠᠷ ᠠᠴᠠ ᠭᠠᠷᠭᠠᠭᠠᠳ ᠠᠪᠷᠠᠬᠠᠮ᠂ ᠢᠰᠠᠺ᠂ ᠶᠠᠺᠣᠪ ᠲᠤ ᠠᠮᠠᠯᠠᠭᠰᠠᠨ ᠲᠡᠷᠡ ᠭᠠᠵᠠᠷ ᠤᠷᠤᠭᠤ ᠠᠪᠠᠴᠢᠨ᠎ᠠ》 ᠭᠡᠪᠡ᠃ 25 ᠶᠣᠰᠧᠹ ᠪᠠᠰᠠ᠄ 《ᠪᠤᠷᠬᠠᠨ ᠲᠠ ᠨᠠᠷ ᠲᠤ ᠲᠤᠰᠠᠯᠠᠬᠤ ᠪᠠᠷ ᠯᠠᠪᠲᠠᠢ ᠢᠷᠡᠨ᠎ᠡ᠃ ᠲᠡᠭᠡᠬᠦ ᠳᠦ ᠲᠠ ᠨᠠᠷ ᠮᠢᠨᠦ ᠶᠠᠰᠤ ᠶᠢ ᠡ᠊ᠨᠳᠡ ᠡᠴᠡ ᠠᠪᠠᠴᠢᠭᠠᠷᠠᠢ》 ᠭᠡᠵᠦ ᠬᠡᠯᠡᠭᠡᠳ ᠢᠰᠷᠧᠯ ᠤᠨ ᠬᠥᠪᠡᠭᠦᠳ ᠢᠶᠡᠷ ᠲᠠᠩ᠋ᠭᠠᠷᠢᠭᠯᠠᠭᠤᠯᠪᠠ᠃ 26 ᠲᠡᠭᠡᠭᠡᠳ ᠶᠣᠰᠧᠹ ᠵᠠᠭᠤ ᠠᠷᠪᠠᠨ ᠨᠠᠰᠤᠲᠠᠢ ᠪᠠᠢᠬᠤ ᠳᠠᠭᠠᠨ ᠥᠭᠡᠳᠡ ᠪᠣᠯᠪᠠ᠃ ᠬᠥᠮᠦᠰ ᠶᠧᠵᠢᠫᠲ ᠲᠤ ᠲᠡᠭᠦᠨ ᠦ ᠪᠡᠶ᠎ᠡ ᠳᠣᠲᠣᠷ᠎ᠠ ᠭᠦᠭᠦᠯ ᠬᠢᠵᠦ ᠠᠪᠰᠠᠯᠠᠭᠰᠠᠨ ᠪᠠᠢᠪᠠ᠃