1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠳᠥᠴᠢᠨ ᠳᠥᠷᠪᠡ
 ᠶᠣᠰᠧᠹ ᠤᠨ ᠮᠥᠩᠭᠥᠨ ᠠᠶᠠᠭ᠎ᠠ

1 ᠶᠣᠰᠧᠹ ᠭᠡᠷ ᠦᠨ ᠳᠠᠭᠠᠭᠠᠮᠠᠯ ᠳᠠᠭᠠᠨ᠄ 《ᠲᠡᠳᠡᠨ ᠦ ᠤᠭᠤᠲᠠ ᠶᠢ ᠳᠠᠭᠠᠭᠠᠴᠠ ᠶᠢᠨ ᠬᠢᠨᠢ ᠬᠢᠷᠢ ᠪᠠᠷ ᠠᠮᠤ ᠬᠦᠨᠡᠰᠦ ᠪᠡᠷ ᠳᠦᠭᠦᠷᠭᠡᠵᠦ᠂ ᠬᠥᠮᠦᠨ ᠪᠦᠷᠢ ᠶᠢᠨ ᠲᠥᠯᠥᠭᠰᠡᠨ ᠮᠥᠩᠭᠥ ᠶᠢ ᠤᠭᠤᠲᠠᠨ ᠤ ᠬᠢᠨᠢ ᠠᠮᠠᠰᠠᠷ ᠲᠤ ᠪᠤᠴᠠᠭᠠᠵᠤ ᠬᠢ᠃ 2 ᠪᠠᠰᠠ ᠮᠢᠨᠦ ᠠᠶᠠᠭ᠎ᠠ᠂ ᠨᠥᠭᠥᠭᠡ ᠮᠥᠩᠭᠥᠨ ᠠᠶᠠᠭ᠎ᠠ ᠶᠢ ᠬᠠᠮᠤᠭ ᠤᠨ ᠵᠠᠯᠠᠭᠤ ᠶᠢᠨ ᠬᠢᠨᠢ ᠤᠭᠤᠲᠠᠨ ᠤ ᠬᠢᠨᠢ ᠠᠮᠠᠰᠠᠷ ᠲᠤ ᠬᠦᠨᠡᠰᠦᠨ ᠦ ᠮᠥᠩᠭᠥ ᠲᠠᠢ ᠨᠢ ᠬᠠᠮᠲᠤ ᠬᠢ》 ᠭᠡᠵᠦ ᠲᠤᠰᠢᠶᠠᠪᠠ᠃ ᠲᠡᠷᠡ ᠪᠡᠷ ᠶᠣᠰᠧᠹ ᠤᠨ ᠬᠡᠯᠡᠭᠰᠡᠨ ᠶᠣᠰᠣᠭᠠᠷ ᠪᠦᠭᠦᠳᠡ ᠶᠢ ᠬᠢᠵᠦ᠂ 3 ᠦᠷ ᠭᠡᠭᠡᠷᠡᠬᠦ ᠳᠦ ᠲᠡᠳᠡᠨ ᠢ ᠡᠯᠵᠢᠭᠡ ᠨᠦᠭᠦᠳ ᠲᠠᠢ ᠨᠢ ᠬᠠᠮᠲᠤ ᠶᠠᠪᠤᠭᠤᠯᠵᠠᠢ᠃ 4 ᠲᠡᠳᠡ ᠬᠣᠲᠠ ᠠᠴᠠ ᠭᠠᠷᠤᠭᠠᠳ ᠬᠣᠯᠠᠳᠠᠭ᠎ᠠ ᠦᠭᠡᠢ ᠪᠠᠢᠬᠤ ᠳᠤ᠂ ᠶᠣᠰᠧᠹ ᠳᠠᠭᠠᠭᠠᠮᠠᠯ ᠳᠠᠭᠠᠨ ᠵᠠᠬᠢᠨ᠄ 《ᠨᠥᠭᠥᠭᠡ ᠬᠥᠮᠦᠰ ᠦᠨ ᠬᠣᠢᠨ᠎ᠠ ᠠᠴᠠ ᠳᠠᠷᠤᠢᠬᠠᠨ ᠮᠥᠷᠳᠡᠨ ᠭᠦᠢᠴᠡᠵᠦ ᠲᠡᠳᠡᠨ ᠳᠦ᠄ 〈ᠲᠠ ᠨᠠᠷ ᠶᠠᠭᠤᠨ ᠳᠤ ᠠᠴᠢ ᠶᠢ ᠪᠠᠴᠢ ᠪᠠᠷ ᠬᠠᠷᠢᠭᠤᠯᠤᠨ᠎ᠠ ᠪᠤᠢ︖ 5 ᠡᠨᠡ ᠴᠢᠨᠢ ᠮᠢᠨᠦ ᠡᠵᠡᠨ ᠦ ᠤᠤᠭᠤᠳᠠᠭ᠂ ᠮᠥᠨ ᠮᠡᠷᠭᠡᠯᠡᠬᠦ ᠳᠡᠭᠡᠨ ᠳᠠᠩᠳᠠ ᠪᠠᠨ ᠬᠡᠷᠡᠭᠯᠡᠳᠡᠭ ᠲᠡᠷᠡ ᠠᠶᠠᠭ᠎ᠠ ᠪᠢᠰᠢ ᠤᠤ︖ ᠢᠩᠭᠢᠭᠰᠡᠨ ᠢᠶᠡᠷ ᠴᠢ ᠮᠠᠭᠤ ᠶᠠᠭᠤᠮ᠎ᠠ ᠬᠢᠯ᠎ᠡ〉 ᠭᠡᠵᠦ ᠬᠡᠯᠡ》 ᠭᠡᠪᠡ᠃

6 ᠳᠠᠭᠠᠭᠠᠮᠠᠯ ᠲᠡᠳᠡᠨ ᠢ ᠭᠦᠢᠴᠡᠨ ᠣᠴᠢᠵᠤ᠂ ᠲᠡᠷᠡ ᠶᠣᠰᠣᠭᠠᠷ ᠬᠡᠯᠡᠭᠰᠡᠨ ᠳᠦ᠂ 7 ᠲᠡᠳᠡ᠄ 《ᠡᠵᠡᠨᠲᠡᠨ ᠮᠢᠨᠢ︕ ᠲᠠ ᠶᠠᠭᠠᠬᠢᠭᠠᠳ ᠡᠢᠮᠦ ᠦᠭᠡ ᠬᠡᠯᠡᠵᠦ ᠪᠠᠢᠨ᠎ᠠ ᠪᠤᠢ︖ ᠲᠠᠨ ᠤ ᠵᠠᠷᠤᠴᠠ ᠪᠢᠳᠡ ᠬᠡᠵᠢᠶ᠎ᠡ ᠴᠤ ᠡᠢᠮᠦᠷᠬᠦ ᠵᠦᠢᠯ ᠢ ᠬᠢᠬᠦ ᠦᠭᠡᠢ ᠳᠠ᠃ 8 ᠪᠢᠳᠡ ᠤᠭᠤᠲᠠᠨ ᠳᠣᠲᠣᠷ᠎ᠠ ᠪᠠᠢᠭᠰᠠᠨ ᠮᠥᠩᠭᠥ ᠶᠢ ᠴᠤ ᠲᠠᠨ ᠳᠤ ᠪᠤᠴᠠᠭᠠᠬᠤ ᠪᠠᠷ ᠺᠠᠨᠠᠨ ᠨᠤᠲᠤᠭ ᠠᠴᠠ ᠠᠪᠴᠢᠷᠠᠭᠰᠠᠨ ᠪᠠᠢᠬᠤ ᠳᠤ᠂ ᠲᠠᠨ ᠤ ᠡᠵᠡᠨ ᠦ ᠭᠡᠷ ᠡᠴᠡ ᠠᠯᠲᠠ ᠮᠥᠩᠭᠥ ᠬᠤᠯᠠᠭᠠᠢᠯᠠᠨ᠎ᠠ ᠭᠡᠵᠢ ᠤᠤ︖ 9 ᠲᠡᠷᠡ ᠶᠠᠭᠤᠮ᠎ᠠ ᠲᠠᠨ ᠤ ᠵᠠᠷᠤᠴᠠ ᠪᠢᠳᠡᠨ ᠦ ᠬᠡᠨ ᠡᠴᠡ ᠨᠢ ᠣᠯᠳᠠᠪᠡᠯ ᠲᠡᠷᠡ ᠦᠬᠦᠬᠦ ᠶᠣᠰᠣᠲᠠᠢ᠃ ᠪᠢᠳᠡ ᠴᠤ ᠡᠵᠡᠨ ᠦ ᠪᠠᠨ ᠪᠣᠭᠣᠯ ᠪᠣᠯᠣᠨ᠎ᠠ》 ᠭᠡᠵᠡᠢ᠃ 10 ᠳᠠᠭᠠᠭᠠᠮᠠᠯ᠄ 《ᠰᠠᠢᠨ ᠪᠠᠢᠨ᠎ᠠ᠂ ᠲᠠ ᠨᠠᠷ ᠤᠨ ᠬᠡᠯᠡᠭᠰᠡᠨ ᠢᠶᠡᠷ ᠪᠣᠯᠣᠭ᠃ ᠬᠠᠷᠢᠨ ᠬᠡᠨ ᠡᠴᠡ ᠲᠡᠷᠡ ᠶᠠᠭᠤᠮ᠎ᠠ ᠣᠯᠳᠠᠪᠠᠯ ᠲᠡᠷᠡ ᠯᠠ ᠮᠢᠨᠦ ᠪᠣᠭᠣᠯ ᠪᠣᠯᠵᠤ᠂ ᠪᠤᠰᠤᠳ ᠨᠢ ᠶᠠᠯ᠎ᠠ ᠦᠭᠡᠢ ᠪᠣᠯᠣᠨ᠎ᠠ》 ᠭᠡᠬᠦ ᠳᠦ᠂ 11 ᠲᠡᠳᠡ ᠳᠠᠷᠤᠢᠬᠠᠨ ᠲᠤᠰ ᠲᠤᠰ ᠤᠨ ᠢᠶᠠᠨ ᠤᠭᠤᠲᠠ ᠶᠢ ᠭᠠᠵᠠᠷ ᠲᠤ ᠪᠠᠭᠤᠯᠭᠠᠵᠤ᠂ ᠬᠥᠮᠦᠨ ᠪᠦᠷᠢ ᠤᠭᠤᠲᠠ ᠪᠠᠨ ᠨᠡᠭᠡᠭᠡᠵᠦ ᠥᠭᠪᠡ᠃ 12 ᠳᠠᠭᠠᠭᠠᠮᠠᠯ ᠬᠠᠮᠤᠭ ᠤᠨ ᠠᠬᠠᠮᠠᠳ ᠠᠴᠠ ᠨᠢ ᠡᠬᠢᠯᠡᠭᠡᠳ ᠬᠠᠮᠤᠭ ᠤᠨ ᠵᠠᠯᠠᠭᠤ ᠳᠤᠨᠢ ᠬᠦᠷᠲᠡᠯ᠎ᠡ ᠨᠡᠩᠵᠢᠭᠰᠡᠨ ᠳᠦ᠂ ᠨᠥᠭᠥᠭᠡ ᠠᠶᠠᠭ᠎ᠠ ᠪᠢᠨᠶᠠᠮᠢᠨ ᠤ ᠤᠭᠤᠲᠠᠨ ᠠᠴᠠ ᠣᠯᠳᠠᠵᠠᠢ᠃ 13 ᠲᠡᠳᠡ ᠬᠤᠪᠴᠠᠰᠤ ᠪᠠᠨ ᠤᠷᠠᠵᠠᠭᠠᠵᠤ᠂ ᠬᠥᠮᠦᠨ ᠪᠦᠷᠢ ᠡᠯᠵᠢᠭᠡ ᠪᠡᠨ ᠠᠴᠢᠶᠠᠯᠠᠵᠤ᠂ ᠬᠣᠲᠠ ᠤᠷᠤᠭᠤ ᠪᠤᠴᠠᠵᠠᠭᠠᠪᠠ᠃

14 ᠶᠦᠳᠠ ᠪᠣᠯᠣᠨ ᠲᠡᠭᠦᠨ ᠦ ᠠᠬ᠎ᠠ ᠳᠡᠭᠦᠦ ᠨᠠᠷ ᠶᠣᠰᠧᠹ ᠤᠨ ᠭᠡᠷ ᠲᠦ ᠢᠷᠡᠬᠦ ᠳᠦ᠂ ᠲᠡᠷᠡ ᠭᠡᠷ ᠲᠡᠭᠡᠨ ᠪᠠᠢᠵᠤ ᠪᠠᠢᠯ᠎ᠠ᠃ ᠲᠡᠳᠡ ᠶᠣᠰᠧᠹ ᠤᠨ ᠡᠮᠦᠨ᠎ᠡ ᠭᠠᠵᠠᠷ ᠲᠤ ᠪᠥᠬᠥᠢᠵᠡᠭᠡᠵᠡᠢ᠃ 15 ᠶᠣᠰᠧᠹ ᠲᠡᠳᠡᠨ ᠳᠦ᠄ 《ᠲᠠ ᠨᠠᠷ ᠶᠠᠭᠤᠨ ᠳᠤ ᠡᠢᠮᠦ ᠬᠡᠷᠡᠭ ᠬᠢᠪᠡ︖ ᠨᠠᠳᠠ ᠮᠡᠲᠦ ᠬᠥᠮᠦᠨ ᠮᠡᠷᠭᠡ ᠲᠥᠯᠭᠡ ᠲᠠᠯᠪᠢᠳᠠᠭ ᠭᠡᠳᠡᠭ ᠢ ᠲᠠ ᠨᠠᠷ ᠮᠡᠳᠡᠬᠦ ᠦᠭᠡᠢ ᠤᠤ︖》 ᠭᠡᠪᠡ᠃ 16 ᠶᠦᠳᠠ᠄ 《ᠪᠢᠳᠡ ᠡᠵᠡᠨ ᠳᠡᠭᠡᠨ ᠶᠠᠭᠤ ᠴᠤ ᠭᠡᠵᠦ ᠬᠡᠯᠡᠬᠦ ᠪᠢᠯᠡ᠃ ᠪᠢᠳᠡ ᠶᠠᠭᠤ ᠭᠡᠵᠦ ᠲᠠᠢᠯᠪᠤᠷᠢᠯᠠᠵᠤ᠂ ᠦᠨᠡᠨᠴᠢ ᠰᠢᠳᠤᠷᠭᠤ ᠪᠠᠨ ᠶᠠᠭᠠᠬᠢᠵᠤ ᠪᠠᠲᠤᠯᠠᠬᠤ ᠪᠤᠢ︖ ᠪᠤᠷᠬᠠᠨ ᠥᠪᠡᠷ ᠢᠶᠡᠨ ᠲᠠᠨ ᠤ ᠵᠠᠷᠤᠴᠠ ᠨᠠᠷ ᠤᠨ ᠭᠡᠮ ᠪᠤᠷᠤᠭᠤ ᠶᠢ ᠣᠯᠣᠭᠰᠠᠨ ᠶᠤᠮ ᠪᠠᠢᠨ᠎ᠠ᠃ ᠪᠢᠳᠡ ᠪᠦᠭᠦᠳᠡᠭᠡᠷ ᠢᠶᠡᠨ ᠭᠠᠷ ᠠᠴᠠ ᠨᠢ ᠠᠶᠠᠭ᠎ᠠ ᠣᠯᠳᠠᠭᠰᠠᠨ ᠲᠡᠷᠡ ᠬᠦᠦ ᠲᠠᠢ ᠬᠠᠮᠲᠤ ᠡᠵᠡᠨ ᠲᠠᠨ ᠤ ᠪᠣᠭᠣᠯ ᠪᠣᠯᠣᠶ᠎ᠠ》 ᠭᠡᠪᠡ᠃ 17 ᠬᠠᠷᠢᠨ ᠶᠣᠰᠧᠹ᠄ 《ᠲᠡᠭᠡᠬᠦ ᠨᠢ ᠨᠠᠳᠠ ᠠᠴᠠ ᠬᠣᠯᠠ ᠪᠠᠢᠭ᠃ ᠭᠠᠷ ᠠᠴᠠ ᠨᠢ ᠠᠶᠠᠭ᠎ᠠ ᠣᠯᠳᠠᠭᠰᠠᠨ ᠲᠡᠷᠡ ᠬᠥᠮᠦᠨ ᠯᠠ ᠮᠢᠨᠦ ᠪᠣᠭᠣᠯ ᠪᠣᠯᠣᠨ᠎ᠠ᠃ ᠬᠠᠷᠢᠨ ᠲᠠ ᠨᠠᠷ ᠡᠴᠢᠭᠡ ᠤᠷᠤᠭᠤ ᠪᠠᠨ ᠠᠮᠤᠷ ᠲᠠᠢᠪᠤᠩ ᠪᠤᠴᠠᠵᠠᠭ᠎ᠠ》 ᠭᠡᠪᠡ᠃

18 ᠶᠦᠳᠠ ᠲᠡᠭᠦᠨ ᠳᠦ ᠣᠢᠷᠠᠲᠤᠨ ᠣᠴᠢᠵᠤ ᠬᠡᠯᠡᠭᠰᠡᠨ ᠨᠢ᠄ 《ᠡᠵᠡᠨᠲᠡᠨ ᠮᠢᠨᠢ ᠡ︕ ᠵᠠᠷᠤᠴᠠ ᠲᠠᠨᠢ ᠡᠵᠡᠨ ᠦ ᠪᠠᠨ ᠰᠣᠨᠣᠷ ᠲᠤ ᠨᠢᠭᠡ ᠦᠭᠡ ᠬᠡᠯᠡᠶ᠎ᠡ᠃ ᠲᠠ ᠪᠣᠯᠭᠣᠭᠠᠨ᠎ᠠ ᠤᠤ︖ ᠲᠠ ᠪᠣᠯ ᠹᠠᠷᠠᠣ᠋ ᠲᠠᠢ ᠠᠳᠠᠯᠢ ᠪᠢᠯᠡ᠃ ᠲᠠᠨ ᠤ ᠠᠭᠤᠷ ᠬᠢᠯᠢᠩ ᠵᠠᠷᠤᠴᠠ ᠳᠡᠭᠡᠷ᠎ᠡ ᠪᠡᠨ ᠪᠦᠦ ᠪᠠᠳᠠᠷᠠᠭ᠃ 19 ᠡᠵᠡᠨᠲᠡᠨ ᠮᠢᠨᠢ᠂ ᠵᠠᠷᠤᠴᠠ ᠨᠠᠷ ᠠᠴᠠ ᠪᠠᠨ᠄ 〈ᠡᠴᠢᠭᠡ ᠲᠠᠢ ᠤᠤ᠂ ᠳᠡᠭᠦᠦ ᠲᠠᠢ ᠤᠤ︖〉 ᠭᠡᠵᠦ ᠠᠰᠠᠭᠤᠬᠤ ᠳᠤ ᠲᠠᠨᠢ ᠪᠢᠳᠡ᠄ 20 〈ᠥᠨᠳᠥᠷ ᠨᠠᠰᠤᠲᠠᠢ ᠡᠴᠢᠭᠡ ᠪᠤᠢ᠃ ᠪᠠᠰᠠ ᠲᠡᠭᠦᠨ ᠦ ᠮᠠᠨᠢ ᠥᠨᠳᠥᠷ ᠨᠠᠰᠤᠨ ᠳᠤᠨᠢ ᠭᠠᠷᠤᠭᠰᠠᠨ ᠨᠢᠭᠡ ᠵᠢᠭᠠᠬᠠᠨ ᠬᠦᠦ ᠴᠤ ᠪᠤᠢ᠂ ᠲᠡᠭᠦᠨ ᠦ ᠠᠬ᠎ᠠ ᠨᠠᠰᠤ ᠪᠠᠷᠠᠭᠰᠠᠨ ᠪᠥᠭᠡᠳ ᠲᠡᠷᠡ ᠡᠬᠡ ᠡᠴᠡ ᠪᠡᠨ ᠭᠠᠭᠴᠠᠭᠠᠷ ᠢᠶᠠᠨ ᠦᠯᠡᠳᠡᠭᠰᠡᠨ ᠤᠴᠢᠷ ᠠᠴᠠ ᠡᠴᠢᠭᠡ ᠨᠢ ᠲᠡᠭᠦᠨ ᠳᠦ ᠬᠠᠢᠷᠠᠲᠠᠢ〉 ᠭᠡᠵᠦ ᠡᠵᠡᠨ ᠳᠡᠭᠡᠨ ᠬᠡᠯᠡᠭᠰᠡᠨ ᠪᠢᠯᠡ᠃ 21 ᠲᠠ ᠵᠠᠷᠤᠴᠠ ᠪᠢᠳᠡᠨ ᠳᠦ᠄ 〈ᠲᠡᠭᠦᠨ ᠢ ᠪᠠᠨ ᠨᠠᠳᠠ ᠤᠷᠤᠭᠤ ᠠᠪᠤᠭᠠᠳ ᠢᠷ᠎ᠡ︕ ᠪᠢ ᠲᠡᠭᠦᠨ ᠢ ᠴᠢᠨᠢ ᠨᠢᠳᠦ ᠪᠡᠷ ᠢᠶᠠᠨ ᠦᠵᠡᠶ᠎ᠡ〉 ᠭᠡᠵᠦ ᠬᠡᠯᠡᠭᠰᠡᠨ ᠰᠢᠦ ᠳᠠ᠃ 22 ᠲᠡᠭᠡᠬᠦ ᠳᠦ ᠪᠢᠳᠡ ᠡᠵᠡᠨ ᠳᠡᠭᠡᠨ᠄ 〈ᠲᠡᠷᠡ ᠬᠦᠦ ᠡᠴᠢᠭᠡ ᠪᠡᠨ ᠣᠷᠬᠢᠵᠤ ᠪᠣᠯᠬᠤ ᠦᠭᠡᠢ᠃ ᠬᠡᠷᠪᠡ ᠲᠡᠷᠡ ᠡᠴᠢᠭᠡ ᠪᠡᠨ ᠣᠷᠬᠢᠪᠠᠯ ᠡᠴᠢᠭᠡ ᠨᠢ ᠨᠠᠰᠤ ᠪᠠᠷᠠᠬᠤ ᠪᠣᠯᠣᠨ᠎ᠠ〉 ᠭᠡᠵᠦ ᠬᠡᠯᠡᠭᠰᠡᠨ ᠶᠤᠮ᠃ 23 ᠲᠡᠭᠡᠬᠦ ᠳᠦ ᠲᠠ ᠵᠠᠷᠤᠴᠠ ᠨᠠᠷ ᠲᠠᠭᠠᠨ᠄ 〈ᠣᠳᠬᠣᠨ ᠳᠡᠭᠦᠦ ᠴᠢᠨᠢ ᠬᠠᠮᠲᠤ ᠢᠷᠡᠬᠦ ᠦᠭᠡᠢ ᠪᠣᠯ ᠲᠠ ᠨᠠᠷ ᠮᠢᠨᠦ ᠨᠢᠭᠤᠷ ᠢ ᠳᠠᠬᠢᠨ ᠬᠠᠷᠠᠬᠤ ᠦᠭᠡᠢ〉 ᠭᠡᠰᠡᠨ ᠪᠢᠯᠡ᠃ 24 ᠲᠡᠭᠡᠭᠡᠳ ᠪᠢᠳᠡ ᠲᠠᠨ ᠤ ᠵᠠᠷᠤᠴᠠ ᠪᠣᠯᠬᠤ ᠡᠴᠢᠭᠡ ᠳᠡᠭᠡᠨ ᠪᠤᠴᠠᠵᠤ ᠣᠴᠢᠭᠠᠳ᠂ ᠡᠵᠡᠨ ᠲᠠᠨ ᠤ ᠦᠭᠡ ᠶᠢ ᠲᠡᠭᠦᠨ ᠳᠦ ᠬᠡᠯᠡᠭᠰᠡᠨ᠃ 25 ᠡᠴᠢᠭᠡ ᠮᠠᠨᠢ᠄ 〈ᠳᠠᠬᠢᠨ ᠣᠴᠢᠵᠤ ᠪᠢᠳᠡᠨ ᠳᠦ ᠵᠢᠭᠠᠬᠠᠨ ᠠᠮᠤ ᠬᠦᠨᠡᠰᠦ ᠠᠪᠤᠭᠠᠳ ᠢᠷ᠎ᠡ〉 ᠭᠡᠬᠦ ᠪᠡᠷ ᠨᠢ᠂ 26 ᠪᠢᠳᠡ᠄ 〈ᠣᠴᠢᠬᠤ ᠬᠡᠷᠡᠭ ᠦᠭᠡᠢ᠂ ᠣᠳᠬᠣᠨ ᠳᠡᠭᠦᠦ ᠮᠠᠨᠢ ᠪᠢᠳᠡᠨ ᠲᠡᠢ ᠬᠠᠮᠲᠤ ᠶᠠᠪᠤᠪᠠᠯ ᠪᠢᠳᠡ ᠶᠠᠪᠤᠨ᠎ᠠ᠃ ᠣᠳᠬᠣᠨ ᠳᠡᠭᠦᠦ ᠮᠠᠨᠢ ᠪᠢᠳᠡᠨ ᠲᠡᠢ ᠬᠠᠮᠲᠤ ᠶᠠᠪᠤᠬᠤ ᠦᠭᠡᠢ ᠪᠣᠯ ᠲᠡᠷᠡ ᠬᠥᠮᠦᠨ ᠦ ᠨᠢᠭᠤᠷ ᠢ ᠪᠢᠳᠡ ᠬᠠᠷᠠᠵᠤ ᠴᠢᠳᠠᠬᠤ ᠦᠭᠡᠢ〉 ᠭᠡᠰᠡᠨ ᠪᠣᠯᠪᠠᠴᠤ 27 ᠲᠠᠨ ᠤ ᠵᠠᠷᠤᠴᠠ ᠪᠢᠳᠡᠨ ᠦ ᠡᠴᠢᠭᠡ ᠪᠢᠳᠡᠨ ᠳᠦ᠄ 〈ᠡᠨᠡ ᠬᠦᠦ ᠶᠢᠨ ᠡᠵᠢ ᠨᠠᠳᠠ ᠳᠤ ᠬᠣᠶᠠᠷ ᠬᠦᠦ ᠲᠥᠷᠥᠭᠦᠯᠵᠦ ᠥᠭᠭᠥᠭᠰᠡᠨ ᠢ ᠲᠠ ᠨᠠᠷ ᠮᠡᠳᠡᠨ᠎ᠡ᠃ 28 ᠨᠢᠭᠡ ᠨᠢ ᠨᠠᠳᠠ ᠠᠴᠠ ᠶᠠᠪᠤᠴᠢᠬᠠᠭᠰᠠᠨ᠃ ᠲᠡᠷᠡ ᠪᠡᠷ ᠯᠠᠪ ᠲᠠᠰᠤᠳᠠᠭᠤᠯᠤᠭᠰᠠᠨ᠂ ᠲᠡᠭᠦᠨ ᠡᠴᠡ ᠬᠣᠢᠰᠢ ᠪᠢ ᠲᠡᠭᠦᠨ ᠢ ᠬᠠᠷᠠᠭ᠎ᠠ ᠦᠭᠡᠢ᠃ 29 ᠬᠡᠷᠪᠡ ᠲᠠ ᠨᠠᠷ ᠡᠨᠡ ᠨᠢᠭᠡ ᠶᠢ ᠨᠢ ᠴᠤ ᠨᠠᠳᠠ ᠠᠴᠠ ᠠᠪᠴᠤ ᠶᠠᠪᠤᠭᠠᠳ ᠲᠡᠭᠦᠨ ᠳᠦ ᠮᠢᠨᠢ ᠭᠠᠢ ᠲᠣᠬᠢᠶᠠᠯᠳᠤᠪᠠᠯ ᠪᠤᠭᠤᠷᠤᠯ ᠲᠣᠯᠣᠭᠠᠢ ᠮᠢᠨᠢ ᠲᠠ ᠨᠠᠷ ᠠᠴᠠ ᠪᠣᠯᠵᠤ ᠤᠢ ᠭᠠᠰᠢᠭᠤ ᠲᠠᠢ ᠪᠠᠷ ᠦᠬᠦᠭᠰᠡᠳ ᠦᠨ ᠣᠷᠣᠨ ᠳᠤ ᠪᠠᠭᠤᠵᠤ ᠣᠴᠢᠬᠤ ᠪᠣᠯᠣᠨ᠎ᠠ〉 ᠭᠡᠪᠡ᠃ 30 ᠲᠡᠭᠦᠨ ᠦ ᠠᠮᠢ ᠬᠦᠦ ᠶᠢᠨ ᠢᠶᠠᠨ ᠠᠮᠢ ᠲᠠᠢ ᠡᠢᠨ ᠬᠦ ᠬᠣᠯᠪᠣᠭ᠎ᠠ ᠲᠠᠢ ᠪᠠᠢᠳᠠᠭ ᠶᠤᠮ᠃ ᠣᠳᠣ ᠪᠢ ᠲᠠᠨ ᠤ ᠵᠠᠷᠤᠴᠠ ᠪᠣᠯᠬᠤ ᠡᠴᠢᠭᠡ ᠳᠡᠭᠡᠨ ᠪᠤᠴᠠᠵᠤ ᠣᠴᠢᠬᠤ ᠳᠤ᠂ ᠡᠨᠡ ᠬᠦᠦ ᠪᠢᠳᠡᠨ ᠲᠡᠢ ᠬᠠᠮᠲᠤ ᠪᠠᠢᠬᠤ ᠦᠭᠡᠢ ᠪᠣᠯ 31 ᠡᠴᠢᠭᠡ ᠮᠠᠨᠢ ᠬᠦᠦ ᠪᠡᠨ ᠪᠠᠢᠬᠤ ᠦᠭᠡᠢ ᠶᠢ ᠦᠵᠡᠭᠡᠳ ᠨᠠᠰᠤ ᠪᠠᠷᠠᠬᠤ ᠪᠣᠯᠣᠨ᠎ᠠ᠃ ᠲᠡᠭᠡᠪᠡᠯ ᠲᠠᠨ ᠤ ᠵᠠᠷᠤᠴᠠ ᠪᠢᠳᠡᠨ ᠡᠴᠡ ᠪᠣᠯᠵᠤ ᠲᠠᠨ ᠤ ᠵᠠᠷᠤᠴᠠ ᠪᠣᠯᠬᠤ ᠡᠴᠢᠭᠡ ᠶᠢᠨ ᠮᠠᠨᠢ ᠪᠤᠭᠤᠷᠤᠯ ᠲᠣᠯᠣᠭᠠᠢ ᠤᠢ ᠭᠠᠰᠢᠭᠤ ᠲᠠᠢ ᠪᠠᠷ ᠦᠬᠦᠭᠰᠡᠳ ᠦᠨ ᠣᠷᠣᠨ ᠳᠤ ᠪᠠᠭᠤᠵᠤ ᠣᠴᠢᠬᠤ ᠪᠣᠯᠣᠨ᠎ᠠ᠃ 32 ᠲᠠᠨ ᠤ ᠵᠠᠷᠤᠴᠠ ᠪᠢ ᠡᠴᠢᠭᠡ ᠳᠡᠭᠡᠨ ᠡᠨᠡ ᠬᠦᠦ ᠶᠢᠨ ᠲᠥᠯᠥᠭᠡ ᠪᠠᠲᠤᠯᠠᠨ ᠳᠠᠭᠠᠭᠠᠵᠤ᠂ ᠬᠡᠷᠪᠡ ᠪᠢ ᠲᠡᠭᠦᠨ ᠢ ᠪᠤᠴᠠᠭᠠᠵᠤ ᠠᠪᠴᠢᠷᠠᠬᠤ ᠦᠭᠡᠢ ᠪᠣᠯ ᠪᠢ ᠥᠪᠡᠷ ᠢᠶᠡᠨ ᠨᠠᠰᠤᠨ ᠲᠤᠷᠰᠢᠳᠠ ᠡᠴᠢᠭᠡ ᠶᠢᠨ ᠢᠶᠠᠨ ᠡᠮᠦᠨ᠎ᠡ ᠭᠡᠮᠲᠡᠨ ᠪᠣᠯᠣᠨ᠎ᠠ〉 ᠭᠡᠵᠦ ᠬᠡᠯᠡᠭᠰᠡᠨ ᠪᠢᠯᠡ᠃ 33 ᠣᠳᠣ ᠲᠠᠨ ᠠᠴᠠ ᠭᠤᠶᠤᠶ᠎ᠠ᠂ ᠵᠠᠷᠤᠴᠠ ᠨᠠᠮᠠᠶᠢ ᠡᠨᠡ ᠬᠦᠦ ᠶᠢᠨ ᠣᠷᠣᠨ ᠳᠤ ᠡᠵᠡᠨᠲᠡᠨ ᠦ ᠪᠣᠭᠣᠯ ᠪᠣᠯᠭᠠᠨ ᠦᠯᠡᠳᠡᠭᠡᠵᠦ᠂ ᠲᠡᠭᠦᠨ ᠢ ᠠᠬ᠎ᠠ ᠨᠠᠷ ᠲᠠᠢ ᠨᠢ ᠬᠠᠮᠲᠤ ᠶᠠᠪᠤᠭᠤᠯᠤᠭᠠᠴᠢ᠂ 34 ᠲᠡᠷᠡ ᠬᠦᠦ ᠨᠠᠳᠠ ᠲᠠᠢ ᠬᠠᠮᠲᠤ ᠪᠠᠢᠬᠤ ᠦᠭᠡᠢ ᠪᠠᠷ ᠪᠢ ᠡᠴᠢᠭᠡ ᠳᠡᠭᠡᠨ ᠬᠡᠷᠬᠢᠨ ᠣᠴᠢᠬᠤ ᠪᠤᠢ︖ ᠡᠴᠢᠭᠡ ᠳᠦ ᠮᠢᠨᠢ ᠤᠴᠠᠷᠠᠬᠤ ᠭᠠᠢ ᠵᠣᠪᠠᠯᠠᠩ ᠢ ᠪᠢ ᠶᠠᠭᠠᠬᠢᠨ ᠬᠠᠷᠠᠬᠤ ᠪᠤᠢ︖》 ᠭᠡᠪᠡ᠃