ᠡᠬᠢᠯᠡᠯ ᠳᠥᠴᠢᠨ ᠨᠠᠢ᠌ᠮᠠ
ᠮᠠᠨᠠᠰᠧ ᠡᠹᠷᠠᠢᠮ ᠬᠣᠶᠠᠷ
1 ᠡᠳᠡᠭᠡᠷ ᠶᠠᠪᠤᠳᠠᠯ ᠤᠨ ᠳᠠᠷᠠᠭ᠎ᠠ ᠨᠢᠭᠡᠨ ᠬᠥᠮᠦᠨ ᠶᠣᠰᠧᠹ ᠲᠤ᠄ 《ᠡᠴᠢᠭᠡ ᠲᠠᠨᠢ ᠡᠪᠡᠳᠴᠢᠲᠡᠢ ᠪᠠᠢᠨ᠎ᠠ︕》 ᠭᠡᠵᠦ ᠬᠡᠯᠡᠭᠰᠡᠨ ᠳᠦ᠂ ᠲᠡᠷᠡ ᠮᠠᠨᠠᠰᠧ᠂ ᠡᠹᠷᠠᠢᠮ ᠬᠣᠶᠠᠷ ᠬᠦᠦ ᠪᠡᠨ ᠳᠠᠭᠠᠭᠤᠯᠤᠨ ᠣᠴᠢᠪᠠ᠃ 2 《ᠬᠦᠦ ᠶᠣᠰᠧᠹ ᠴᠢᠨᠢ ᠲᠠᠨ ᠳᠡᠭᠡᠷ᠎ᠡ ᠬᠦᠷᠴᠦ ᠢᠷᠡᠯ᠎ᠡ》 ᠭᠡᠵᠦ ᠨᠢᠭᠡ ᠨᠢ ᠶᠠᠺᠣᠪ ᠲᠤ ᠬᠡᠯᠡᠬᠦ ᠳᠦ᠂ ᠢᠰᠷᠧᠯ ᠥᠪᠡᠷ ᠢ ᠪᠠᠨ ᠬᠦᠴᠦᠯᠡᠨ ᠣᠷᠣ ᠳᠡᠭᠡᠷ᠎ᠡ ᠪᠡᠨ ᠥᠨᠳᠡᠢᠵᠦ ᠰᠠᠭᠤᠪᠠ᠃ 3 ᠶᠠᠺᠣᠪ ᠶᠣᠰᠧᠹ ᠲᠤ᠄ 《ᠲᠡᠭᠦᠰ ᠬᠦᠴᠦᠲᠦ ᠪᠤᠷᠬᠠᠨ ᠺᠠᠨᠠᠨ ᠨᠤᠲᠤᠭ ᠤᠨ ᠯᠦᠽ ᠲᠤ ᠨᠠᠳᠠ ᠳᠤ ᠦᠵᠡᠭᠳᠡᠵᠦ᠂ ᠨᠠᠮᠠᠶᠢ ᠢᠷᠥᠭᠡᠨ᠄ 4 〈ᠪᠢ ᠴᠢᠮᠠᠶᠢ ᠦᠷᠡᠵᠢᠭᠦᠯᠦᠨ ᠣᠯᠠᠰᠢᠷᠠᠭᠤᠯᠤᠨ᠎ᠠ︕ ᠪᠢ ᠴᠢᠮ᠎ᠠ ᠠᠴᠠ ᠣᠯᠠᠨ ᠦᠨᠳᠦᠰᠦᠲᠡᠨ ᠢ ᠡᠭᠦᠰᠭᠡᠵᠦ᠂ ᠡᠨᠡ ᠭᠠᠵᠠᠷ ᠢ ᠴᠢᠨᠦ ᠬᠣᠢᠴᠢ ᠦᠶ᠎ᠡ ᠶᠢᠨ ᠬᠢᠨ ᠳᠤ ᠡᠭᠦᠷᠢᠳᠡ ᠶᠢᠨ ᠥᠮᠴᠢ ᠪᠣᠯᠭᠠᠨ ᠥᠭᠭᠥᠨ᠎ᠡ〉》 ᠭᠡᠵᠦ ᠬᠡᠯᠡᠭᠰᠡᠨ᠃ 5 ᠲᠡᠢᠮᠦ ᠡᠴᠡ ᠶᠧᠵᠢᠫᠲ ᠲᠤ ᠴᠢᠮ᠎ᠠ ᠳᠡᠭᠡᠷ᠎ᠡ ᠢᠷᠡᠬᠦ ᠶᠢᠨ ᠮᠢᠨᠢ ᠡᠮᠦᠨ᠎ᠡ ᠡ᠊ᠨᠳᠡ ᠲᠥᠷᠥᠭᠰᠡᠨ ᠬᠣᠶᠠᠷ ᠬᠦᠦ ᠴᠢᠨᠢ ᠮᠢᠨᠦᠬᠢ ᠪᠣᠯᠣᠨ᠎ᠠ᠃ ᠷᠧᠣᠪᠧᠨ᠂ ᠰᠢᠮᠧᠶᠣᠨ ᠬᠣᠶᠠᠷ ᠨᠢ ᠮᠢᠨᠦ ᠬᠦᠦ ᠮᠥᠨ ᠰᠢᠭ ᠡᠹᠷᠠᠢᠮ᠂ ᠮᠠᠨᠠᠰᠧ ᠬᠣᠶᠠᠷ ᠴᠤ ᠮᠢᠨᠦᠬᠢ ᠶᠤᠮ᠃ 6 ᠲᠡᠳᠡᠨ ᠦ ᠳᠠᠷᠠᠭ᠎ᠠ ᠴᠢᠮ᠎ᠠ ᠳᠤ ᠲᠥᠷᠥᠭᠰᠡᠨ ᠬᠡᠦᠬᠡᠳ ᠤᠳ ᠨᠢ ᠴᠢᠨᠦᠬᠢ ᠪᠣᠯᠪᠠᠴᠤ ᠲᠡᠳᠡ ᠴᠤ ᠠᠬ᠎ᠠ ᠨᠠᠷ ᠤᠨ ᠢᠶᠠᠨ ᠥᠪᠯᠡᠬᠦ ᠭᠠᠵᠠᠷ ᠲᠤ ᠨᠡᠷ᠎ᠡ ᠶᠢᠨ ᠬᠢᠨᠢ ᠳᠣᠣᠷ᠎ᠠ ᠥᠪᠡᠷᠰᠡᠳ ᠦᠨ ᠢᠶᠠᠨ ᠥᠪ ᠢ ᠥᠪᠯᠡᠬᠦ ᠶᠣᠰᠣᠲᠠᠢ᠃ 7 ᠤᠴᠢᠷ ᠨᠢ ᠨᠠᠮᠠᠶᠢ ᠫᠠᠳᠠᠨ ᠠᠴᠠ ᠪᠤᠴᠠᠬᠤ ᠦᠶ᠎ᠡ ᠳᠦ᠂ ᠺᠠᠨᠠᠨ ᠨᠤᠲᠤᠭ ᠤᠨ ᠡᠹᠷᠠᠲ ᠳᠥᠭᠥᠲᠡᠯᠡ ᠡᠵᠢ ᠷᠠᠾᠢᠯ ᠴᠢᠨᠢ ᠵᠠᠮ ᠳᠡᠭᠡᠷ᠎ᠡ ᠮᠢᠨᠦ ᠡᠮᠦᠨ᠎ᠡ ᠨᠠᠰᠤ ᠪᠠᠷᠠᠭᠰᠠᠨ ᠶᠤᠮ᠃ ᠪᠢ ᠲᠡᠭᠦᠨ ᠢ ᠡᠹᠷᠠᠲ (ᠪᠧᠲ᠋ᠯᠧᠾᠧᠮ) ᠬᠦᠷᠬᠦ ᠵᠠᠮ ᠳᠤ ᠣᠷᠣᠰᠢᠭᠤᠯᠤᠭᠰᠠᠨ ᠪᠢᠯᠡ᠃
8 ᠢᠰᠷᠧᠯ ᠶᠣᠰᠧᠹ ᠤᠨ ᠬᠥᠪᠡᠭᠦᠳ ᠢ ᠬᠠᠷᠠᠭᠠᠳ᠄ 《ᠡᠳᠡ ᠨᠠᠷ ᠴᠢᠨᠢ ᠬᠡᠨ ᠪᠤᠢ︖》 ᠭᠡᠪᠡ᠃ 9 ᠶᠣᠰᠧᠹ ᠡᠴᠢᠭᠡ ᠳᠡᠭᠡᠨ᠄ 《ᠡ᠊ᠨᠳᠡ ᠪᠠᠢᠬᠤ ᠳᠤ ᠮᠢᠨᠢ ᠪᠤᠷᠬᠠᠨ ᠤ ᠨᠠᠳᠠ ᠳᠤ ᠬᠠᠢᠷᠠᠯᠠᠭᠰᠠᠨ ᠬᠥᠪᠡᠭᠦᠳ ᠶᠤᠮ》 ᠭᠡᠰᠡᠨ ᠳᠦ᠂ ᠲᠡᠷᠡ᠄ 《ᠨᠠᠳᠠ ᠳᠡᠭᠡᠷ᠎ᠡ ᠠᠪᠴᠢᠷᠠ︕ ᠪᠢ ᠲᠡᠳᠡᠨ ᠢ ᠢᠷᠥᠭᠡᠶ᠎ᠡ︕》 ᠭᠡᠯᠡ᠃ 10 ᠢᠰᠷᠧᠯ ᠥᠨᠳᠥᠷ ᠨᠠᠰᠤᠲᠠᠢ ᠪᠣᠯᠣᠭᠰᠠᠨ ᠪᠣᠯᠬᠣᠷ ᠬᠠᠷᠠᠭ᠎ᠠ ᠨᠢ ᠮᠠᠭᠤᠳᠠᠵᠤ᠂ ᠰᠠᠢᠨ ᠬᠠᠷᠠᠵᠤ ᠴᠢᠳᠠᠬᠤ ᠦᠭᠡᠢ ᠪᠠᠢᠯ᠎ᠠ᠃ ᠶᠣᠰᠧᠹ ᠬᠥᠪᠡᠭᠦᠳ ᠢᠶᠡᠨ ᠠᠪᠴᠢᠷᠠᠬᠤ ᠳᠤ᠂ ᠢᠰᠷᠧᠯ ᠲᠡᠳᠡᠨ ᠢ ᠦᠨᠦᠰᠦᠭᠡᠳ ᠲᠡᠪᠡᠷᠢᠪᠡ᠃ 11 ᠢᠰᠷᠧᠯ ᠶᠣᠰᠧᠹ ᠲᠤ᠄ 《ᠴᠢᠨᠦ ᠴᠢᠷᠠᠢ ᠶᠢ ᠳᠠᠬᠢᠨ ᠬᠠᠷᠠᠨ᠎ᠠ ᠭᠡᠵᠦ ᠪᠢ ᠪᠣᠳᠣᠳᠠᠭ ᠦᠭᠡᠢ ᠪᠠᠢᠵᠤ ᠪᠢᠯᠡ᠃ ᠭᠡᠲᠡᠯ᠎ᠡ ᠪᠤᠷᠬᠠᠨ ᠴᠢᠨᠦ ᠦᠷ᠎ᠡ ᠬᠡᠦᠬᠡᠳ ᠤᠳ ᠢ ᠴᠤ ᠨᠠᠳᠠ ᠳᠤ ᠬᠠᠷᠠᠭᠤᠯᠤᠯ᠎ᠠ︕》 ᠭᠡᠪᠡ᠃ 12 ᠶᠣᠰᠧᠹ ᠡᠴᠢᠭᠡ ᠶᠢᠨ ᠢᠶᠠᠨ ᠡᠪᠦᠳᠦᠭ ᠡᠴᠡ ᠬᠣᠶᠠᠷ ᠬᠦᠦ ᠪᠡᠨ ᠵᠠᠢᠯᠠᠭᠤᠯᠵᠤ᠂ ᠭᠠᠵᠠᠷ ᠲᠤ ᠰᠥᠭᠥᠳᠥᠨ ᠮᠥᠷᠭᠥᠪᠡ᠃ 13 ᠶᠣᠰᠧᠹ ᠬᠣᠶᠠᠷ ᠬᠦᠦ ᠪᠡᠨ ᠠᠪᠤᠭᠠᠳ᠂ ᠡᠹᠷᠠᠢᠮ ᠢ ᠥᠪᠡᠷ ᠦᠨ ᠢᠶᠠᠨ ᠪᠠᠷᠠᠭᠤᠨ ᠭᠠᠷ ᠢᠶᠠᠷ ᠢᠰᠷᠧᠯ ᠤᠨ ᠵᠡᠭᠦᠨ ᠭᠠᠷ ᠲᠠᠯ᠎ᠠ ᠳᠤ᠂ ᠮᠠᠨᠠᠰᠧ ᠶᠢ ᠥᠪᠡᠷ ᠦᠨ ᠢᠶᠠᠨ ᠵᠡᠭᠦᠨ ᠭᠠᠷ ᠢᠶᠠᠷ ᠢᠰᠷᠧᠯ ᠤᠨ ᠪᠠᠷᠠᠭᠤᠨ ᠭᠠᠷ ᠲᠠᠯ᠎ᠠ ᠳᠤ ᠭᠠᠷᠭᠠᠨ ᠡᠴᠢᠭᠡ ᠤᠷᠤᠭᠤ ᠪᠠᠨ ᠠᠪᠴᠢᠷᠠᠪᠠ᠃ 14 ᠭᠡᠪᠡᠴᠦ ᠢᠰᠷᠧᠯ ᠪᠠᠷᠠᠭᠤᠨ ᠭᠠᠷ ᠢᠶᠠᠨ ᠰᠤᠩ᠋ᠭᠠᠨ᠂ ᠪᠠᠭ᠎ᠠ ᠬᠦᠦ ᠡᠹᠷᠠᠢᠮ ᠤᠨ ᠲᠣᠯᠣᠭᠠᠢ ᠳᠡᠭᠡᠷ᠎ᠡ ᠲᠠᠯᠪᠢᠵᠤ᠂ ᠮᠠᠨᠠᠰᠧ ᠨᠢ ᠬᠡᠳᠦᠢᠪᠡᠷ ᠲᠣᠮᠣ ᠬᠦᠦ ᠨᠢ ᠪᠣᠯᠪᠠᠴᠤ ᠲᠡᠭᠦᠨ ᠦ ᠲᠣᠯᠣᠭᠠᠢ ᠳᠡᠭᠡᠷ᠎ᠡ ᠵᠡᠭᠦᠨ ᠭᠠᠷ ᠢᠶᠠᠨ ᠵᠥᠷᠢᠭᠦᠯᠦᠨ ᠲᠠᠯᠪᠢᠵᠠᠢ᠃ 15 ᠲᠡᠭᠡᠭᠡᠳ ᠶᠣᠰᠧᠹ ᠢ ᠢᠷᠥᠭᠡᠨ 《ᠮᠢᠨᠦ ᠡᠴᠢᠭᠡ ᠡᠪᠦᠭᠡᠳ ᠠᠪᠷᠠᠬᠠᠮ᠂ ᠢᠰᠠᠺ ᠨᠠᠷ ᠢ ᠥᠪᠡᠷ ᠦᠨ ᠢᠶᠠᠨ ᠡᠮᠦᠨ᠎ᠡ ᠠᠯᠬᠤᠭᠤᠯᠤᠭᠰᠠᠨ ᠪᠤᠷᠬᠠᠨ ᠥᠨᠥᠳᠥᠷ ᠬᠦᠷᠲᠡᠯ᠎ᠡ ᠦᠷᠭᠦᠯᠵᠢ ᠮᠢᠨᠦ ᠬᠣᠨᠢᠴᠢᠨ ᠪᠠᠢᠭᠰᠠᠨ ᠪᠤᠷᠬᠠᠨ
16 ᠦᠢ ᠣᠯᠠᠨ ᠭᠠᠢ ᠵᠣᠪᠠᠯᠠᠩ ᠠᠴᠠ ᠨᠠᠮᠠᠶᠢ ᠵᠣᠯᠢᠭᠰᠠᠨ ᠲᠩᠷᠢ ᠡᠯᠴᠢ ᠡᠨᠡ ᠵᠠᠯᠠᠭᠤᠰ ᠢ ᠢᠪᠡᠭᠡᠭᠡᠴᠢ ᠲᠡᠳᠡ ᠮᠢᠨᠦ ᠨᠡᠷ᠎ᠡ ᠪᠡᠷ᠂ ᠪᠠᠰᠠ ᠮᠢᠨᠦ ᠳᠡᠭᠡᠳᠦᠰ ᠠᠪᠷᠠᠬᠠᠮ ᠪᠣᠯᠣᠨ ᠢᠰᠠᠺ ᠤᠨ ᠨᠡᠷ᠎ᠡ ᠪᠡᠷ ᠳᠠᠭᠤᠳᠠᠭᠤᠯᠬᠤ ᠪᠣᠯᠲᠤᠭᠠᠢ ᠲᠡᠳᠡ ᠭᠠᠵᠠᠷ ᠳᠡᠯᠡᠬᠡᠢ ᠳᠡᠭᠡᠷ᠎ᠡ ᠦᠷᠡᠵᠢᠨ ᠣᠯᠠᠰᠢᠷᠠᠬᠤ ᠪᠣᠯᠲᠤᠭᠠᠢ︕》 ᠭᠡᠪᠡ᠃
17 ᠡᠴᠢᠭᠡ ᠨᠢ ᠪᠠᠷᠠᠭᠤᠨ ᠭᠠᠷ ᠢᠶᠠᠨ ᠡᠹᠷᠠᠢᠮ ᠤᠨ ᠲᠣᠯᠣᠭᠠᠢ ᠳᠡᠭᠡᠷ᠎ᠡ ᠲᠠᠯᠪᠢᠭᠰᠠᠨ ᠢ ᠶᠣᠰᠧᠹ ᠬᠠᠷᠠᠭᠠᠳ᠂ ᠰᠡᠳᠬᠢᠯ ᠨᠢ ᠠᠶᠠᠭᠦᠢᠷᠡᠵᠦ ᠡᠴᠢᠭᠡ ᠶᠢᠨ ᠢᠶᠠᠨ ᠪᠠᠷᠠᠭᠤᠨ ᠭᠠᠷ ᠢ ᠮᠠᠨᠠᠰᠧ ᠶᠢᠨ ᠲᠣᠯᠣᠭᠠᠢ ᠳᠡᠭᠡᠷ᠎ᠡ ᠰᠢᠯᠵᠢᠭᠦᠯᠬᠦ ᠭᠡᠵᠦ ᠡᠹᠷᠠᠢᠮ ᠤᠨ ᠲᠣᠯᠣᠭᠠᠢ ᠳᠡᠭᠡᠷ᠎ᠡ ᠡᠴᠡ ᠠᠪᠴᠤ᠂ 18 ᠡᠴᠢᠭᠡ ᠳᠡᠭᠡᠨ᠄ 《ᠢᠩᠭᠢᠵᠦ ᠪᠣᠯᠬᠤ ᠦᠭᠡᠢ᠂ ᠠᠪᠤ ᠮᠢᠨᠢ ᠡ︕ ᠤᠤᠭᠠᠨ ᠬᠦᠦ ᠨᠢ ᠡᠨᠡ ᠪᠠᠢᠨ᠎ᠠ︕ ᠡᠨᠡ ᠬᠦᠦ ᠶᠢᠨ ᠲᠣᠯᠣᠭᠠᠢ ᠳᠡᠭᠡᠷ᠎ᠡ ᠪᠠᠷᠠᠭᠤᠨ ᠭᠠᠷ ᠢᠶᠠᠨ ᠲᠠᠯᠪᠢᠭᠠᠷᠠᠢ》 ᠭᠡᠰᠡᠨ ᠳᠦ᠂ 19 ᠡᠴᠢᠭᠡ ᠨᠢ ᠦᠯᠦ ᠵᠥᠪᠰᠢᠶᠡᠷᠡᠵᠦ᠄ 《ᠪᠢ ᠮᠡᠳᠡᠵᠦ ᠪᠠᠢᠨ᠎ᠠ᠂ ᠬᠦᠦ ᠮᠢᠨᠢ᠂ ᠪᠢ ᠮᠡᠳᠡᠵᠦ ᠪᠠᠢᠨ᠎ᠠ᠃ ᠲᠡᠷᠡ ᠴᠤ ᠨᠢᠭᠡᠨ ᠣᠪᠣᠭ ᠪᠣᠯᠵᠤ᠂ ᠠᠭᠤᠤ ᠶᠡᠬᠡ ᠪᠣᠯᠣᠨ᠎ᠠ᠃ ᠬᠠᠷᠢᠨ ᠳᠡᠭᠦᠦ ᠨᠢ ᠲᠡᠭᠦᠨ ᠡᠴᠡ ᠠᠭᠤᠤ ᠪᠣᠯᠵᠤ᠂ ᠦᠷ᠎ᠡ ᠤᠳᠤᠮ ᠠᠴᠠ ᠨᠢ ᠣᠯᠠᠨ ᠦᠨᠳᠦᠰᠦᠲᠡᠨ ᠡᠭᠦᠰᠦᠨ᠎ᠡ》 ᠭᠡᠵᠦ ᠬᠡᠯᠡᠪᠡ᠃ 20 ᠲᠡᠭᠡᠭᠡᠳ ᠲᠡᠷᠡ ᠡᠳᠦᠷ ᠲᠡᠭᠡᠨ ᠲᠡᠳᠡᠨ ᠢ ᠢᠷᠥᠭᠡᠵᠦ᠄ 《ᠢᠰᠷᠧᠯ ᠢᠷᠥᠭᠡᠯ ᠲᠠᠯᠪᠢᠬᠤ ᠳᠠᠭᠠᠨ ᠴᠢᠨᠦ ᠨᠡᠷ᠎ᠡ ᠶᠢ ᠳᠠᠭᠤᠳᠠᠵᠤ 〈ᠪᠤᠷᠬᠠᠨ ᠴᠢᠮᠠᠶᠢ ᠡᠹᠷᠠᠢᠮ ᠲᠠᠢ ᠠᠳᠠᠯᠢ ᠮᠠᠨᠠᠰᠧ ᠲᠠᠢ ᠠᠳᠠᠯᠢ ᠪᠣᠯᠭᠠᠬᠤ ᠪᠣᠯᠲᠤᠭᠠᠢ︕〉 ᠬᠡᠮᠡᠬᠦ ᠪᠣᠯᠣᠨ᠎ᠠ》
ᠭᠡᠳ ᠡᠹᠷᠠᠢᠮ ᠢ ᠮᠠᠨᠠᠰᠧ ᠶᠢᠨ ᠲᠦᠷᠦᠭᠦᠨ ᠳᠦ ᠲᠠᠯᠪᠢᠪᠠ᠃ 21 ᠢᠰᠷᠧᠯ ᠶᠣᠰᠧᠹ ᠲᠤ᠄ 《ᠬᠠᠷ᠎ᠠ᠂ ᠦᠬᠦᠬᠦ ᠴᠠᠭ ᠮᠢᠨᠢ ᠪᠣᠯᠣᠯ᠎ᠠ᠃ ᠬᠠᠷᠢᠨ ᠪᠤᠷᠬᠠᠨ ᠲᠠ ᠨᠠᠷ ᠲᠠᠢ ᠬᠠᠮᠲᠤ ᠪᠠᠢᠭᠰᠠᠭᠠᠷ᠂ ᠲᠠ ᠨᠠᠷ ᠢ ᠡᠪᠦᠭᠡ ᠳᠡᠭᠡᠳᠦᠰ ᠦᠨ ᠴᠢᠨᠢ ᠨᠤᠲᠤᠭ ᠤᠷᠤᠭᠤ ᠪᠤᠴᠠᠭᠠᠨ᠎ᠠ᠃ 22 ᠪᠢ ᠴᠢᠮ᠎ᠠ ᠳᠤ ᠠᠬ᠎ᠠ ᠨᠠᠷ ᠲᠤ ᠴᠢᠨᠢ ᠥᠭᠭᠥᠭᠰᠡᠨ ᠡᠴᠡ ᠢᠯᠡᠭᠦᠦ ᠨᠢᠭᠡ ᠬᠤᠪᠢ 79 ᠶᠢ ᠥᠭᠭᠥᠨ᠎ᠡ᠃ ᠡᠭᠦᠨ ᠢ ᠪᠢ ᠠᠮᠣᠷᠢᠴᠤᠳ ᠤᠨ ᠭᠠᠷ ᠠᠴᠠ ᠢᠯᠳᠦ᠂ ᠨᠤᠮᠤ ᠪᠠᠷ ᠢᠶᠠᠨ ᠪᠤᠯᠢᠶᠠᠨ ᠠᠪᠤᠭᠰᠠᠨ ᠶᠤᠮ》 ᠭᠡᠪᠡ᠃