ᠡᠬᠢᠯᠡᠯ ᠠᠷᠪᠠᠨ ᠬᠣᠶᠠᠷ
ᠪᠤᠷᠬᠠᠨ ᠠᠪᠷᠠᠮ ᠢ ᠳᠠᠭᠤᠳᠠᠪᠠ
1 ᠶᠣᠬᠣᠸᠠ ᠠᠪᠷᠠᠮ ᠳᠤ ᠠᠢᠯᠠᠳᠤᠭᠰᠠᠨ ᠨᠢ᠄ 《ᠴᠢ ᠥᠪᠡᠷ ᠦᠨ ᠢᠶᠠᠨ ᠭᠠᠵᠠᠷ ᠨᠤᠲᠤᠭ ᠥᠪᠡᠷ ᠦᠨ ᠢᠶᠠᠨ ᠲᠥᠷᠥᠯ ᠰᠠᠳᠤᠨ ᠪᠠ ᠡᠴᠢᠭᠡ ᠶᠢᠨ ᠢᠶᠠᠨ ᠭᠡᠷ ᠢ ᠣᠷᠬᠢᠵᠤ ᠮᠢᠨᠦ ᠴᠢᠮ᠎ᠠ ᠳᠤ ᠬᠠᠷᠠᠭᠤᠯᠬᠤ ᠭᠠᠵᠠᠷ ᠤᠷᠤᠭᠤ ᠶᠠᠪᠤ᠃
2 ᠴᠢᠮ᠎ᠠ ᠠᠴᠠ ᠪᠢ ᠠᠭᠤᠤ ᠦᠨᠳᠦᠰᠦᠲᠡᠨ ᠢ ᠡᠭᠦᠰᠭᠡᠵᠦ ᠴᠢᠮᠠᠶᠢ ᠪᠢ ᠢᠷᠥᠭᠡᠵᠦ ᠴᠢᠨᠦ ᠨᠡᠷ᠎ᠡ ᠶᠢ ᠠᠭᠤᠤ ᠪᠣᠯᠭᠠᠨ᠎ᠠ ᠡᠢᠨ ᠬᠦ ᠴᠢ ᠢᠷᠥᠭᠡᠯ ᠪᠣᠯᠣᠭᠲᠤᠨ 20 ᠃
3 ᠴᠢᠮᠠᠶᠢ ᠢᠷᠥᠭᠡᠭᠴᠢᠳ ᠢ ᠪᠢ ᠢᠷᠥᠭᠡᠵᠦ ᠴᠢᠮᠠᠶᠢ ᠬᠠᠷᠢᠶᠠᠭᠴᠢ ᠶᠢ ᠪᠢ ᠬᠠᠷᠢᠶᠠᠨ᠎ᠠ ᠭᠠᠵᠠᠷ ᠤᠨ ᠪᠦᠬᠦ ᠦᠨᠳᠦᠰᠦᠲᠡᠨ ᠴᠢᠮ᠎ᠠ ᠪᠠᠷ ᠳᠠᠮᠵᠢᠨ ᠢᠷᠥᠭᠡᠭᠳᠡᠨᠡ》 ᠭᠡᠪᠡ᠃
4 ᠡᠢᠮᠦ ᠡᠴᠡ ᠠᠪᠷᠠᠮ ᠶᠣᠬᠣᠸᠠ ᠶᠢᠨ ᠥᠪᠡᠷ ᠲᠤᠨᠢ ᠬᠡᠯᠡᠭᠰᠡᠨ ᠶᠣᠰᠣᠭᠠᠷ ᠶᠠᠪᠤᠵᠠᠢ᠃ ᠯᠣᠲ ᠴᠤ ᠬᠠᠮᠲᠤ ᠶᠠᠪᠤᠪᠠ᠃ ᠠᠪᠷᠠᠮ ᠾᠠᠷᠠᠨ ᠠᠴᠠ ᠭᠠᠷᠬᠤ ᠳᠠᠭᠠᠨ ᠳᠠᠯᠠᠨ ᠲᠠᠪᠤᠨ ᠨᠠᠰᠤᠲᠠᠢ ᠪᠠᠢᠯ᠎ᠠ᠃ 5 ᠠᠪᠷᠠᠮ ᠡᠬᠡᠨᠡᠷ ᠰᠠᠷᠠᠢ᠂ ᠠᠴᠢ ᠬᠦᠦ ᠯᠣᠲ ᠬᠢᠭᠡᠳ ᠾᠠᠷᠠᠨ ᠳᠤ ᠴᠤᠭᠯᠠᠭᠤᠯᠤᠭᠰᠠᠨ ᠬᠠᠮᠤᠭ ᠬᠥᠷᠥᠩᠭᠡ᠂ ᠣᠯᠵᠤ ᠠᠪᠤᠭᠰᠠᠨ ᠬᠥᠮᠦᠰ ᠢᠶᠡᠨ ᠳᠠᠭᠠᠭᠤᠯᠤᠨ ᠲᠡᠨᠳᠡ ᠡᠴᠡ ᠭᠠᠷᠴᠤ ᠺᠠᠨᠠᠨ ᠨᠤᠲᠤᠭ ᠢ ᠵᠣᠷᠢᠨ ᠠᠶᠠᠯᠠᠭᠰᠠᠭᠠᠷ ᠺᠠᠨᠠᠨ ᠨᠤᠲᠤᠭ ᠲᠤ ᠣᠷᠣᠵᠤ ᠢᠷᠡᠪᠡ᠃ 6 ᠠᠪᠷᠠᠮ ᠲᠡᠷᠡ ᠭᠠᠵᠠᠷ ᠢ ᠲᠤᠭᠤᠯᠤᠨ᠂ ᠱᠧᠺᠧᠮ ᠳᠠᠬᠢ ᠮᠣᠷᠧ ᠶᠢᠨ ᠴᠠᠷᠠᠰᠤᠨ ᠮᠣᠳᠣᠨ ᠳᠤ ᠬᠦᠷᠪᠡ᠃ ᠲᠡᠷᠡ ᠦᠶ᠎ᠡ ᠳᠦ ᠲᠡᠨᠳᠡ ᠺᠠᠨᠠᠨᠴᠤᠳ ᠪᠠᠢᠵᠠᠢ᠃ 7 ᠶᠣᠬᠣᠸᠠ ᠠᠪᠷᠠᠮ ᠳᠤ ᠦᠵᠡᠭᠳᠡᠨ᠄ 《ᠪᠢ ᠴᠢᠨᠦ ᠦᠷ᠎ᠡ ᠤᠳᠤᠮ ᠳᠤ ᠡᠨᠡ ᠨᠤᠲᠤᠭ ᠢ ᠥᠭᠭᠥᠨ᠎ᠡ》 ᠭᠡᠵᠦ ᠠᠢᠯᠠᠳᠪᠠ᠃ ᠠᠪᠷᠠᠮ ᠥᠪᠡᠷ ᠲᠤᠨᠢ ᠦᠵᠡᠭᠳᠡᠭᠰᠡᠨ ᠶᠣᠬᠣᠸᠠ ᠳᠤ ᠵᠣᠷᠢᠭᠤᠯᠤᠨ ᠲᠡᠨᠳᠡ ᠲᠠᠬᠢᠯ ᠤᠨ ᠰᠢᠷᠡᠭᠡ ᠪᠣᠰᠬᠠᠵᠠᠢ᠃ 8 ᠠᠪᠷᠠᠮ ᠲᠡᠨᠳᠡ ᠡᠴᠡ ᠴᠠᠭᠠᠰᠢᠯᠠᠨ ᠪᠧᠲ᠋ᠧᠯ ᠤᠨ ᠵᠡᠭᠦᠨ ᠲᠠᠯ᠎ᠠ ᠶᠢᠨ ᠠᠭᠤᠯᠠᠨ ᠳᠤ ᠬᠦᠷᠴᠦ ᠮᠠᠢᠬᠠᠨ ᠢᠶᠠᠨ ᠪᠣᠰᠬᠠᠭᠰᠠᠨ ᠪᠠᠢᠯ᠎ᠠ᠃ ᠥᠷᠥᠨ᠎ᠡ ᠲᠠᠯ᠎ᠠ ᠨᠢ ᠪᠧᠲ᠋ᠧᠯ᠂ ᠳᠣᠷᠣᠨ᠎ᠠ ᠲᠠᠯ᠎ᠠ ᠨᠢ ᠠᠢ ᠪᠠᠢᠪᠠ᠃ ᠲᠡᠷᠡ ᠲᠡᠨᠳᠡ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ ᠶᠣᠬᠣᠸᠠ ᠶᠢᠨ ᠨᠡᠷ᠎ᠡ ᠶᠢ ᠳᠠᠭᠤᠳᠠᠪᠠ᠃ 9 ᠲᠡᠭᠡᠭᠡᠳ ᠠᠪᠷᠠᠮ ᠴᠠᠭᠠᠰᠢᠯᠠᠨ ᠨᠧᠭᠧᠪ 21 ᠲᠡᠰᠢ ᠨᠡᠭᠦᠭᠰᠡᠭᠡᠷ ᠪᠠᠢᠯ᠎ᠠ᠃
ᠠᠪᠷᠠᠮ ᠶᠧᠵᠢᠫᠲ ᠲᠤ ᠣᠴᠢᠪᠠ
10 ᠬᠠᠷᠢᠨ ᠲᠡᠷᠡ ᠨᠤᠲᠤᠭ ᠲᠤ ᠭᠠᠩ ᠭᠠᠴᠢᠭ ᠪᠣᠯᠵᠠᠢ᠃ ᠲᠡᠷᠡ ᠨᠤᠲᠤᠭ ᠶᠡᠬᠡ ᠭᠠᠩᠳᠠᠭᠰᠠᠨ ᠪᠣᠯᠬᠣᠷ ᠠᠪᠷᠠᠮ ᠶᠧᠵᠢᠫᠲ ᠲᠤ ᠲᠦᠷ ᠰᠠᠭᠤᠬᠤ ᠪᠠᠷ ᠤᠷᠤᠭᠤᠳᠠᠨ ᠶᠠᠪᠤᠪᠠ᠃ 11 ᠶᠧᠵᠢᠫᠲ ᠲᠤ ᠣᠢᠷᠠᠲᠤᠵᠤ ᠣᠴᠢᠬᠤ ᠦᠶ᠎ᠡ ᠳᠡᠭᠡᠨ ᠠᠪᠷᠠᠮ ᠡᠬᠡᠨᠡᠷ ᠰᠠᠷᠠᠢ ᠳᠠᠭᠠᠨ᠄ 《ᠬᠠᠷ᠎ᠠ᠂ ᠴᠢ ᠪᠣᠯ ᠦᠨᠡᠬᠡᠷ ᠭᠤᠸ᠎ᠠ ᠦᠵᠡᠰᠬᠦᠯᠡᠩ ᠪᠦᠰᠡᠭᠦᠢ ᠭᠡᠳᠡᠭ ᠢ ᠪᠢ ᠮᠡᠳᠡᠨ᠎ᠡ᠃ 12 ᠲᠡᠢᠮᠦ ᠡᠴᠡ ᠶᠧᠵᠢᠫᠲ᠋ᠴᠦᠳ ᠴᠢᠮᠠᠶᠢ ᠦᠵᠡᠪᠡᠯ 〈ᠡᠨᠡ ᠴᠢᠨᠢ ᠲᠡᠷᠡ ᠬᠥᠮᠦᠨ ᠦ ᠡᠬᠡᠨᠡᠷ ᠪᠠᠢᠨ᠎ᠠ︕〉 ᠭᠡᠳ ᠨᠠᠮᠠᠶᠢ ᠠᠯᠠᠵᠤ᠂ ᠴᠢᠮᠠᠶᠢ ᠠᠮᠢᠳᠤ ᠦᠯᠡᠳᠡᠭᠡᠬᠦ ᠪᠤᠢ᠃ 13 ᠴᠢ ᠥᠪᠡᠷ ᠢ ᠪᠠᠨ ᠮᠢᠨᠦ ᠥᠬᠢᠨ ᠳᠡᠭᠦᠦ ᠭᠡᠵᠦ ᠬᠡᠯᠡᠭᠡᠷᠡᠢ᠃ ᠲᠡᠭᠡᠪᠡᠯ ᠲᠡᠳᠡ ᠴᠢᠨᠦ ᠤᠴᠢᠷ ᠢᠶᠠᠷ ᠨᠠᠳᠠ ᠳᠤ ᠰᠠᠢᠨ ᠬᠠᠨᠳᠤᠨ᠂ ᠪᠢ ᠴᠢᠨᠦ ᠠᠴᠢ ᠪᠠᠷ ᠠᠮᠢᠳᠤ ᠰᠡᠷᠡᠭᠦᠨ ᠪᠠᠢᠬᠤ ᠪᠣᠯᠣᠨ᠎ᠠ》 ᠭᠡᠵᠡᠢ᠃ 14 ᠠᠪᠷᠠᠮ ᠶᠧᠵᠢᠫᠲ ᠲᠤ ᠣᠷᠣᠬᠤ ᠳᠤ᠂ ᠶᠧᠵᠢᠫᠲ᠋ᠴᠦᠳ ᠲᠡᠷᠡ ᠪᠦᠰᠡᠭᠦᠢ ᠶᠢᠨ ᠦᠨᠡᠬᠡᠷ ᠦᠵᠡᠰᠬᠦᠯᠡᠩ ᠲᠡᠢ ᠪᠠᠢᠭ᠎ᠠ ᠶᠢ ᠬᠠᠷᠠᠪᠠ᠃ 15 ᠹᠠᠷᠠᠣ᠋ ᠶᠢᠨ ᠲᠦᠰᠢᠮᠡᠳ ᠴᠤ ᠲᠡᠭᠦᠨ ᠢ ᠬᠠᠷᠠᠭᠠᠳ ᠹᠠᠷᠠᠣ᠋ ᠳᠤ ᠮᠠᠭᠲᠠᠵᠠᠢ᠃ ᠲᠡᠭᠡᠭᠡᠳ ᠲᠡᠷᠡ ᠪᠦᠰᠡᠭᠦᠢ ᠹᠠᠷᠠᠣ᠋ ᠶᠢᠨ ᠣᠷᠳᠣᠨ ᠳᠤ ᠬᠦᠷᠭᠡᠭᠳᠡᠵᠡᠢ᠃ 16 ᠹᠠᠷᠠᠣ᠋ ᠲᠡᠷᠡ ᠪᠦᠰᠡᠭᠦᠢ ᠶᠢᠨ ᠤᠴᠢᠷ ᠢᠶᠠᠷ ᠠᠪᠷᠠᠮ ᠳᠤ ᠰᠠᠢᠨ ᠬᠠᠨᠳᠤᠨ᠂ ᠪᠣᠭ ᠮᠠᠯ᠂ ᠦᠬᠡᠷ᠂ ᠡᠷ᠎ᠡ ᠡᠮ᠎ᠡ ᠡᠯᠵᠢᠭᠡ ᠨᠦᠭᠦᠳ᠂ ᠪᠣᠭᠣᠯ ᠰᠢᠪᠡᠭᠴᠢᠳ ᠬᠢᠭᠡᠳ ᠲᠡᠮᠡᠭᠡᠳ ᠥᠭᠴᠡᠢ᠃
17 ᠬᠠᠷᠢᠨ ᠠᠪᠷᠠᠮ ᠤᠨ ᠡᠬᠡᠨᠡᠷ ᠰᠠᠷᠠᠢ ᠶᠢᠨ ᠤᠯᠠᠮ ᠢᠶᠠᠷ ᠶᠣᠬᠣᠸᠠ ᠹᠠᠷᠠᠣ᠋ ᠬᠢᠭᠡᠳ ᠲᠡᠭᠦᠨ ᠦ ᠭᠡᠷ ᠪᠦᠯᠢ ᠶᠢᠨ ᠬᠢᠨ ᠢ ᠬᠦᠨᠳᠦ ᠡᠪᠡᠳᠴᠢᠨ ᠵᠣᠪᠠᠯᠠᠩ ᠢᠶᠠᠷ ᠴᠣᠬᠢᠪᠠ᠃ 18 ᠹᠠᠷᠠᠣ᠋ ᠠᠪᠷᠠᠮ ᠢ ᠳᠠᠭᠤᠳᠠᠵᠤ᠄ 《ᠨᠠᠳᠠ ᠳᠤ ᠶᠠᠭᠤ ᠬᠢᠵᠦ ᠪᠠᠢᠭ᠎ᠠ ᠴᠢᠨᠢ ᠡᠨᠡ ᠪᠤᠢ︖ ᠴᠢ ᠶᠠᠭᠤᠨ ᠳᠤ ᠲᠡᠭᠦᠨ ᠢ ᠡᠬᠡᠨᠡᠷ ᠢᠶᠡᠨ ᠭᠡᠵᠦ ᠨᠠᠳᠠ ᠳᠤ ᠬᠡᠯᠡᠭᠰᠡᠨ ᠦᠭᠡᠢ ᠪᠤᠢ︖ 19 ᠴᠢ ᠶᠠᠭᠤᠨ ᠳᠤ᠄ 〈ᠲᠡᠷᠡ ᠮᠢᠨᠦ ᠥᠬᠢᠨ ᠳᠡᠭᠦᠦ〉 ᠭᠡᠵᠦ ᠬᠡᠯᠡᠭᠰᠡᠨ ᠶᠤᠮ ᠪᠤᠢ︖ ᠲᠡᠭᠡᠭᠰᠡᠨ ᠢᠶᠡᠷ ᠪᠢ ᠲᠡᠭᠦᠨ ᠢ ᠡᠬᠡᠨᠡᠷ ᠢᠶᠡᠨ ᠪᠣᠯᠭᠠᠬᠤ ᠪᠠᠷ ᠠᠪᠴᠢᠷᠠᠭᠰᠠᠨ᠃ ᠬᠠᠷ᠎ᠠ᠂ ᠡᠬᠡᠨᠡᠷ ᠴᠢᠨᠢ ᠡᠨᠡ ᠪᠠᠢᠨ᠎ᠠ᠂ ᠣᠳᠣ ᠲᠡᠭᠦᠨ ᠢ ᠪᠠᠨ ᠠᠪᠤᠭᠠᠳ ᠶᠠᠪᠤ》 ᠭᠡᠪᠡ᠃ 20 ᠹᠠᠷᠠᠣ᠋ ᠬᠥᠮᠦᠰ ᠲᠡᠭᠡᠨ ᠲᠤᠰᠢᠶᠠᠭᠰᠠᠨ ᠳᠤ᠂ ᠲᠡᠳᠡ ᠠᠪᠷᠠᠮ ᠪᠣᠯᠣᠨ ᠡᠬᠡᠨᠡᠷ ᠢ ᠨᠢ ᠬᠠᠮᠤᠭ ᠡᠳ᠋ ᠶᠠᠭᠤᠮᠠᠰ ᠲᠠᠢ ᠨᠢ ᠶᠠᠪᠤᠭᠤᠯᠪᠠ᠃