1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠠᠷᠪᠠᠨ ᠨᠢᠭᠡ
 ᠪᠠᠪᠧᠯ ᠴᠠᠮᠬᠠᠭ

1 ᠳᠡᠯᠡᠬᠡᠢ ᠶᠢᠨ ᠪᠦᠬᠦ ᠬᠥᠮᠦᠨ ᠨᠢᠭᠡ ᠬᠡᠯᠡ ᠲᠠᠢ᠂ ᠠᠳᠠᠯᠢᠬᠠᠨ ᠦᠭᠡᠰ ᠲᠡᠢ ᠪᠠᠢᠯ᠎ᠠ᠃ 2 ᠲᠡᠳᠡ ᠳᠣᠷᠣᠨ᠎ᠠ ᠠᠴᠠ 18 ᠶᠠᠪᠤᠵᠤ ᠪᠠᠢᠬᠤ ᠳᠠᠭᠠᠨ᠂ ᠱᠢᠨᠠᠷ ᠤᠨ ᠨᠤᠲᠤᠭ ᠲᠤ ᠲᠠᠯ᠎ᠠ ᠭᠠᠵᠠᠷ ᠣᠯᠵᠤ ᠲᠡᠨᠳᠡ ᠪᠡᠨ ᠰᠠᠭᠤᠷᠢᠰᠢᠵᠠᠢ᠃ 3 ᠲᠡᠳᠡ ᠬᠣᠭᠣᠷᠣᠨᠳᠣ ᠪᠠᠨ᠄ 《ᠢᠷᠡᠵᠡᠭᠡ᠂ ᠪᠢᠳᠡ ᠲᠣᠭᠣᠰᠬ᠎ᠠ ᠬᠢᠵᠦ᠂ ᠲᠡᠭᠦᠨ ᠢᠶᠡᠨ ᠰᠠᠢᠨ ᠰᠢᠲᠠᠭᠠᠵᠠᠭᠠᠶ᠎ᠠ》 ᠭᠡᠵᠡᠭᠡᠪᠡ᠃ ᠲᠡᠭᠡᠭᠡᠳ ᠲᠡᠳᠡ ᠴᠢᠯᠠᠭᠤᠨ ᠤ ᠣᠷᠣᠨ ᠳᠤ ᠲᠣᠭᠣᠰᠬ᠎ᠠ᠂ ᠰᠢᠪᠠᠷ ᠤᠨ ᠣᠷᠣᠨ ᠳᠤ ᠳᠠᠪᠠᠷᠬᠠᠢ ᠬᠡᠷᠡᠭᠯᠡᠭᠰᠡᠨ ᠪᠠᠢᠨ᠎ᠠ᠃ 4 ᠲᠡᠭᠡᠭᠰᠡᠨ ᠢᠶᠡᠨ ᠲᠡᠳᠡ᠄ 《ᠢᠷᠡᠵᠡᠭᠡ᠂ ᠪᠢᠳᠡ ᠴᠤᠭᠭᠠᠷ ᠬᠣᠲᠠ ᠪᠣᠯᠣᠨ ᠴᠠᠮᠬᠠᠭ ᠪᠠᠢᠭᠤᠯᠵᠠᠭᠠᠶ᠎ᠠ᠂ ᠴᠠᠮᠬᠠᠭ ᠢ ᠲᠩᠷᠢ ᠲᠤᠯᠤᠮ᠎ᠠ ᠣᠷᠣᠢ ᠲᠠᠢ ᠪᠣᠯᠭᠠᠶ᠎ᠠ᠂ ᠡᠢᠨ ᠬᠦ ᠪᠢᠳᠡᠨ ᠦ ᠨᠡᠷ᠎ᠡ ᠠᠯᠳᠠᠷᠰᠢᠬᠤ ᠪᠥᠭᠡᠳ ᠪᠢᠳᠡ ᠪᠦᠬᠦ ᠳᠡᠯᠡᠬᠡᠢ ᠪᠠᠷ ᠲᠠᠷᠬᠠᠵᠤ ᠪᠤᠲᠠᠷᠠᠬᠤ ᠦᠭᠡᠢ ᠪᠣᠯᠣᠨ᠎ᠠ》 ᠭᠡᠵᠦ ᠬᠡᠯᠡᠯᠴᠡᠵᠡᠢ᠃ 5 ᠶᠣᠬᠣᠸᠠ ᠬᠥᠮᠦᠨ ᠲᠥᠷᠥᠯᠬᠢᠲᠡᠨ ᠦ ᠪᠠᠷᠢᠵᠤ ᠪᠠᠢᠭ᠎ᠠ ᠬᠣᠲᠠ ᠪᠠ ᠴᠠᠮᠬᠠᠭ ᠢ ᠦᠵᠡᠬᠦ ᠪᠡᠷ ᠪᠠᠭᠤᠵᠤ ᠢᠷᠡᠯ᠎ᠡ᠃ 6 ᠶᠣᠬᠣᠸᠠ ᠠᠢᠯᠠᠳᠤᠭᠰᠠᠨ ᠨᠢ᠄ 《ᠲᠡᠳᠡ ᠪᠦᠭᠦᠳᠡ ᠨᠢᠭᠡ ᠠᠷᠠᠳ ᠲᠦᠮᠡᠨ᠂ ᠨᠢᠭᠡ ᠬᠡᠯᠡ ᠲᠠᠢ᠂ ᠶᠠᠭᠤ ᠬᠢᠵᠦ ᠡᠬᠢᠯᠡᠭᠰᠡᠨ ᠢ ᠨᠢ ᠬᠠᠷᠠᠭᠠᠴᠢ︕ ᠴᠢᠨᠠᠭᠰᠢ ᠪᠠᠨ ᠲᠥᠯᠥᠪᠯᠡᠭᠰᠡᠨ ᠵᠦᠢᠯᠡᠰ ᠢᠶᠡᠨ ᠬᠢᠬᠦ ᠡᠴᠡ ᠪᠤᠴᠠᠬᠤ ᠦᠭᠡᠢ ᠪᠠᠢᠬᠤ ᠪᠣᠯᠣᠨ᠎ᠠ᠃ 7 ᠢᠷᠡᠵᠡᠭᠡ᠂ ᠪᠠᠭᠤᠵᠤ ᠣᠴᠢᠶ᠎ᠠ᠂ ᠲᠡᠳᠡᠨ ᠦ ᠬᠡᠯᠡ ᠶᠢ ᠬᠤᠳᠬᠤᠯᠳᠤᠭᠤᠯᠵᠤ᠂ ᠨᠢᠭᠡ ᠨᠢᠭᠡᠨ ᠦ ᠪᠠᠨ ᠬᠡᠯᠡ ᠶᠢ ᠣᠢᠯᠠᠭᠠᠬᠤ ᠦᠭᠡᠢ ᠪᠣᠯᠭᠠᠶ᠎ᠠ》 ᠭᠡᠵᠡᠢ᠃ 8 ᠡᠢᠨ ᠬᠦ ᠶᠣᠬᠣᠸᠠ ᠲᠡᠳᠡᠨ ᠢ ᠲᠡᠨᠳᠡ ᠡᠴᠡ ᠪᠦᠬᠦ ᠭᠠᠵᠠᠷ ᠲᠤ ᠲᠠᠷᠬᠠᠭᠠᠭᠰᠠᠨ ᠳᠤ᠂ ᠲᠡᠳᠡ ᠬᠣᠲᠠ ᠪᠠᠢᠭᠤᠯᠬᠤ ᠪᠠᠨ ᠵᠣᠭᠰᠣᠭᠠᠵᠠᠢ᠃ 9 ᠶᠣᠬᠣᠸᠠ ᠪᠦᠬᠦ ᠭᠠᠵᠠᠷ ᠤᠨ ᠬᠡᠯᠡ ᠶᠢ ᠬᠤᠳᠬᠤᠯᠳᠤᠭᠤᠯᠤᠭᠰᠠᠨ ᠤ ᠤᠴᠢᠷ ᠢᠶᠠᠷ ᠲᠡᠷᠡ ᠬᠣᠲᠠ ᠶᠢ ᠪᠠᠪᠧᠯ 19 ᠭᠡᠳᠡᠭ᠃ ᠶᠣᠬᠣᠸᠠ ᠲᠡᠨᠳᠡ ᠡᠴᠡ ᠲᠡᠳᠡᠨ ᠢ ᠪᠦᠬᠦ ᠭᠠᠵᠠᠷ ᠲᠤ ᠲᠠᠷᠬᠠᠭᠠᠭᠰᠠᠨ ᠶᠤᠮ᠃
 ᠱᠧᠮ ᠡᠴᠡ ᠠᠪᠷᠠᠮ ᠬᠦᠷᠲᠡᠯ᠎ᠡ

10 ᠱᠧᠮ ᠤᠨ ᠭᠡᠷ ᠦᠨ ᠴᠠᠳᠢᠭ ᠨᠢ ᠡᠢᠮᠦ᠄ ᠱᠧᠮ ᠵᠠᠭᠤᠨ ᠨᠠᠰᠤᠲᠠᠢ ᠳᠠᠭᠠᠨ᠂ ᠦᠶᠡᠷ ᠡᠴᠡ ᠬᠣᠢᠰᠢ ᠬᠣᠶᠠᠷ ᠵᠢᠯ ᠤᠨ ᠳᠠᠷᠠᠭ᠎ᠠ ᠠᠷᠫᠠᠬᠱᠠᠳ᠋ ᠢ ᠲᠥᠷᠥᠭᠦᠯᠵᠡᠢ᠃ 11 ᠠᠷᠫᠠᠬᠱᠠᠳ᠋ ᠲᠥᠷᠥᠭᠰᠡᠨ ᠡᠴᠡ ᠬᠣᠢᠰᠢ ᠱᠧᠮ ᠲᠠᠪᠤᠨ ᠵᠠᠭᠤᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

12 ᠠᠷᠫᠠᠬᠱᠠᠳ᠋ ᠭᠤᠴᠢᠨ ᠲᠠᠪᠤᠨ ᠨᠠᠰᠤᠲᠠᠢ ᠪᠠᠢᠬᠤ ᠳᠠᠭᠠᠨ ᠱᠧᠯᠠ ᠶᠢ ᠲᠥᠷᠥᠭᠦᠯᠵᠡᠢ᠃ 13 ᠱᠧᠯᠠ ᠲᠥᠷᠥᠭᠰᠡᠨ ᠡᠴᠡ ᠬᠣᠢᠰᠢ ᠠᠷᠫᠠᠬᠱᠠᠳ᠋ ᠳᠥᠷᠪᠡᠨ ᠵᠠᠭᠤ ᠭᠤᠷᠪᠠᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

14 ᠱᠧᠯᠠ ᠭᠤᠴᠢᠨ ᠨᠠᠰᠤᠲᠠᠢ ᠳᠠᠭᠠᠨ ᠡᠪᠧᠷ ᠢ ᠲᠥᠷᠥᠭᠦᠯᠪᠡ᠃ 15 ᠡᠪᠧᠷ ᠲᠥᠷᠥᠭᠰᠡᠨ ᠡᠴᠡ ᠬᠣᠢᠰᠢ ᠱᠧᠯᠠ ᠳᠥᠷᠪᠡᠨ ᠵᠠᠭᠤ ᠭᠤᠷᠪᠠᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

16 ᠡᠪᠧᠷ ᠭᠤᠴᠢᠨ ᠳᠥᠷᠪᠡᠨ ᠨᠠᠰᠤᠲᠠᠢ ᠳᠠᠭᠠᠨ ᠫᠧᠯᠧᠭ ᠢ ᠲᠥᠷᠥᠭᠦᠯᠪᠡ᠃ 17 ᠲᠡᠭᠦᠨ ᠳᠦ ᠫᠧᠯᠧᠭ ᠲᠥᠷᠥᠭᠰᠡᠨ ᠡᠴᠡ ᠬᠣᠢᠰᠢ ᠡᠪᠧᠷ ᠳᠥᠷᠪᠡᠨ ᠵᠠᠭᠤ ᠭᠤᠴᠢᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

18 ᠫᠧᠯᠧᠭ ᠭᠤᠴᠢᠨ ᠨᠠᠰᠤᠲᠠᠢ ᠳᠠᠭᠠᠨ ᠷᠧᠦ᠋ ᠶᠢ ᠲᠥᠷᠥᠭᠦᠯᠪᠡ᠃ 19 ᠷᠧᠦ᠋ ᠲᠥᠷᠥᠭᠰᠡᠨ ᠡᠴᠡ ᠬᠣᠢᠰᠢ ᠫᠧᠯᠧᠭ ᠬᠣᠶᠠᠷ ᠵᠠᠭᠤ ᠶᠢᠰᠦᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

20 ᠷᠧᠦ᠋ ᠭᠤᠴᠢᠨ ᠬᠣᠶᠠᠷ ᠨᠠᠰᠤᠲᠠᠢ ᠳᠠᠭᠠᠨ ᠰᠧᠷᠦ᠋ᠭ ᠢ ᠲᠥᠷᠥᠭᠦᠯᠪᠡ᠃ 21 ᠰᠧᠷᠦ᠋ᠭ ᠲᠥᠷᠥᠭᠰᠡᠨ ᠡᠴᠡ ᠬᠣᠢᠰᠢ ᠷᠧᠦ᠋ ᠬᠣᠶᠠᠷ ᠵᠠᠭᠤ ᠳᠣᠯᠣᠭᠠᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

22 ᠰᠧᠷᠦ᠋ᠭ ᠭᠤᠴᠢᠨ ᠨᠠᠰᠤᠲᠠᠢ ᠳᠠᠭᠠᠨ ᠨᠠᠬᠣᠷ ᠢ ᠲᠥᠷᠥᠭᠦᠯᠪᠡ᠃ 23 ᠨᠠᠬᠣᠷ ᠲᠥᠷᠥᠭᠰᠡᠨ ᠡᠴᠡ ᠬᠣᠢᠰᠢ ᠰᠧᠷᠦ᠋ᠭ ᠬᠣᠶᠠᠷ ᠵᠠᠭᠤᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

24 ᠨᠠᠬᠣᠷ ᠬᠣᠷᠢ ᠶᠢᠰᠦᠨ ᠨᠠᠰᠤᠲᠠᠢ ᠳᠠᠭᠠᠨ ᠲᠧᠷᠠ ᠶᠢ ᠲᠥᠷᠥᠭᠦᠯᠪᠡ᠃ 25 ᠲᠧᠷᠠ ᠲᠥᠷᠥᠭᠰᠡᠨ ᠡᠴᠡ ᠬᠣᠢᠰᠢ ᠨᠠᠬᠣᠷ ᠵᠠᠭᠤ ᠠᠷᠪᠠ ᠶᠢᠰᠦᠨ ᠵᠢᠯ ᠠᠮᠢᠳᠤᠷᠠᠵᠤ᠂ ᠬᠥᠪᠡᠭᠦᠳ ᠥᠬᠢᠳ ᠲᠥᠷᠥᠭᠦᠯᠵᠡᠢ᠃

26 ᠲᠧᠷᠠ ᠳᠠᠯᠠᠨ ᠨᠠᠰᠤᠲᠠᠢ ᠳᠠᠭᠠᠨ ᠠᠪᠷᠠᠮ᠂ ᠨᠠᠬᠣᠷ᠂ ᠾᠠᠷᠠᠨ ᠭᠤᠷᠪᠠ ᠶᠢ ᠲᠥᠷᠥᠭᠦᠯᠪᠡ᠃

27 ᠲᠧᠷᠠ ᠶᠢᠨ ᠭᠡᠷ ᠦᠨ ᠴᠠᠳᠢᠭ ᠨᠢ ᠡᠢᠮᠦ᠄ ᠲᠧᠷᠠ ᠶᠢᠨ ᠬᠥᠪᠡᠭᠦᠳ ᠨᠢ ᠠᠪᠷᠠᠮ᠂ ᠨᠠᠬᠣᠷ᠂ ᠾᠠᠷᠠᠨ᠃ ᠾᠠᠷᠠᠨ ᠯᠣᠲ ᠢ ᠲᠥᠷᠥᠭᠦᠯᠪᠡ᠃ 28 ᠭᠡᠬᠦ ᠳᠦ ᠾᠠᠷᠠᠨ ᠥᠪᠡᠷ ᠦᠨ ᠲᠥᠷᠥᠭᠰᠡᠨ ᠨᠤᠲᠤᠭ ᠺᠠᠯᠳᠧᠶ᠎ᠠ ᠶᠢᠨ ᠦᠦᠷ ᠲᠦ ᠡᠴᠢᠭᠡ ᠲᠧᠷᠠ ᠠᠴᠠ ᠪᠠᠨ ᠡᠮᠦᠨ᠎ᠡ ᠥᠭᠡᠳᠡ ᠪᠣᠯᠣᠭᠰᠠᠨ ᠶᠤᠮ᠃ 29 ᠠᠪᠷᠠᠮ᠂ ᠨᠠᠬᠣᠷ ᠬᠣᠶᠠᠷ ᠡᠬᠡᠨᠡᠷ ᠠᠪᠴᠠᠢ᠃ ᠠᠪᠷᠠᠮ ᠤᠨ ᠡᠬᠡᠨᠡᠷ ᠦᠨ ᠨᠡᠷ᠎ᠡ ᠨᠢ ᠰᠠᠷᠠᠢ᠂ ᠨᠠᠬᠣᠷ ᠤᠨ ᠡᠬᠡᠨᠡᠷ ᠦᠨ ᠨᠡᠷ᠎ᠡ ᠨᠢ ᠮᠢᠯᠺᠠ ᠭᠡᠳᠡᠭ᠂ ᠮᠢᠯᠺᠠ ᠨᠢ ᠾᠠᠷᠠᠨ ᠤ ᠥᠬᠢᠨ ᠶᠤᠮ᠃ ᠾᠠᠷᠠᠨ ᠳᠤ ᠪᠠᠰᠠ ᠢᠰᠺᠠ ᠭᠡᠳᠡᠭ ᠥᠬᠢᠨ ᠪᠤᠢ᠃ 30 ᠬᠠᠷᠢᠨ ᠰᠠᠷᠠᠢ ᠬᠡᠭᠦᠰᠡᠷ ᠪᠣᠯᠬᠣᠷ ᠬᠡᠦᠬᠡᠳ ᠦᠭᠡᠢ ᠪᠠᠢᠯ᠎ᠠ᠃

31 ᠲᠧᠷᠠ ᠬᠦᠦ ᠠᠪᠷᠠᠮ᠂ ᠬᠦᠦ ᠾᠠᠷᠠᠨ ᠠᠴᠠ ᠨᠢ ᠲᠥᠷᠥᠭᠰᠡᠨ ᠥᠪᠡᠷ ᠦᠨ ᠢᠶᠠᠨ ᠠᠴᠢ ᠬᠦᠦ ᠯᠣᠲ ᠬᠢᠭᠡᠳ ᠥᠪᠡᠷ ᠦᠨ ᠢᠶᠠᠨ ᠪᠡᠷᠢ᠂ ᠲᠤᠬᠠᠢᠯᠠᠪᠠᠯ ᠠᠪᠷᠠᠮ ᠤᠨ ᠡᠬᠡᠨᠡᠷ ᠰᠠᠷᠠᠢ ᠲᠠᠢ ᠪᠠᠨ ᠬᠠᠮᠲᠤ ᠺᠠᠯᠳᠧᠶ᠎ᠠ ᠶᠢᠨ ᠦᠦᠷ ᠡᠴᠡ ᠭᠠᠷᠴᠤ ᠺᠠᠨᠠᠨ ᠨᠤᠲᠤᠭ ᠢ ᠵᠣᠷᠢᠨ ᠶᠠᠪᠤᠵᠤ ᠪᠠᠢᠬᠤ ᠳᠠᠭᠠᠨ ᠾᠠᠷᠠᠨ ᠳᠤ ᠬᠦᠷᠴᠦ᠂ ᠲᠡᠨᠳᠡ ᠪᠡᠨ ᠰᠠᠭᠤᠷᠢᠰᠢᠭᠰᠠᠨ ᠠᠵᠢ᠃ 32 ᠲᠧᠷᠠ ᠬᠣᠶᠠᠷ ᠵᠠᠭᠤ ᠲᠠᠪᠤ ᠨᠠᠰᠤᠯᠠᠭᠠᠳ ᠾᠠᠷᠠᠨ ᠳᠤ ᠥᠭᠡᠳᠡ ᠪᠣᠯᠵᠠᠢ᠃