1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠠᠷᠪᠠᠨ ᠵᠢᠷᠭᠤᠭ᠎ᠠ
 ᠬᠠᠭᠠᠷ ᠢᠱᠮᠠᠶᠧᠯ ᠬᠣᠶᠠᠷ

1 ᠠᠪᠷᠠᠮ ᠤᠨ ᠡᠬᠡᠨᠡᠷ ᠰᠠᠷᠠᠢ ᠬᠡᠦᠬᠡᠳ ᠲᠥᠷᠥᠭᠦᠯᠦᠭᠡ ᠦᠭᠡᠢ ᠪᠠᠢᠪᠠ᠂ ᠲᠡᠭᠦᠨ ᠳᠦ ᠬᠠᠭᠠᠷ ᠭᠡᠳᠡᠭ ᠶᠧᠵᠢᠫᠲ ᠰᠢᠪᠡᠭᠴᠢᠨ ᠪᠠᠢᠵᠠᠢ᠃ 2 ᠰᠠᠷᠠᠢ ᠠᠪᠷᠠᠮ ᠳᠤ᠄ 《ᠶᠠᠭᠠᠬᠢᠬᠤ ᠪᠤᠢ︖ ᠶᠣᠬᠣᠸᠠ ᠮᠢᠨᠦ ᠲᠥᠷᠥᠬᠦ ᠶᠢ ᠵᠥᠪᠰᠢᠶᠡᠷᠡᠭᠡ ᠦᠭᠡᠢ ᠶᠤᠮ ᠪᠠᠢᠨ᠎ᠠ᠃ ᠲᠡᠢᠮᠦ ᠡᠴᠡ ᠲᠠ ᠮᠢᠨᠦ ᠰᠢᠪᠡᠭᠴᠢᠨ ᠳᠡᠭᠡᠷ᠎ᠡ ᠣᠷᠣᠨ᠎ᠠ ᠤᠤ︖ ᠪᠢ ᠲᠡᠭᠦᠨ ᠢᠶᠡᠷ ᠳᠠᠮᠵᠢᠭᠤᠯᠤᠨ ᠬᠡᠦᠬᠡᠳ ᠲᠡᠢ ᠪᠣᠯᠵᠤ ᠮᠠᠭᠠᠳ ᠦᠭᠡᠢ》 ᠭᠡᠵᠦ ᠭᠤᠶᠤᠭᠰᠠᠨ ᠳᠤ᠂ ᠠᠪᠷᠠᠮ ᠰᠠᠷᠠᠢ ᠶᠢᠨ ᠦᠭᠡ ᠶᠢ ᠳᠠᠭᠠᠪᠠ᠃ 3 ᠡᠢᠨ ᠬᠦ ᠠᠪᠷᠠᠮ ᠤᠨ ᠡᠬᠡᠨᠡᠷ ᠰᠠᠷᠠᠢ ᠶᠧᠵᠢᠫᠲ ᠰᠢᠪᠡᠭᠴᠢᠨ ᠬᠠᠭᠠᠷ ᠢᠶᠠᠨ ᠠᠪᠴᠢᠷᠠᠵᠤ᠂ ᠥᠪᠡᠷ ᠦᠨ ᠢᠶᠠᠨ ᠨᠥᠬᠥᠷ ᠠᠪᠷᠠᠮ ᠳᠤ ᠲᠠᠲᠠᠪᠤᠷᠢ ᠪᠣᠯᠭᠠᠨ ᠥᠭᠴᠡᠢ᠃ ᠡᠨᠡ ᠶᠠᠪᠤᠳᠠᠯ ᠠᠪᠷᠠᠮ ᠢ ᠺᠠᠨᠠᠨ ᠳᠤ ᠠᠷᠪᠠᠨ ᠵᠢᠯ ᠰᠠᠭᠤᠭᠰᠠᠨ ᠤ ᠳᠠᠷᠠᠭ᠎ᠠ ᠪᠣᠯᠣᠭᠰᠠᠨ ᠶᠤᠮ᠃ 4 ᠲᠡᠭᠡᠭᠡᠳ ᠠᠪᠷᠠᠮ ᠬᠠᠭᠠᠷ ᠳᠡᠭᠡᠷ᠎ᠡ ᠣᠷᠣᠭᠰᠠᠨ ᠳᠤ᠂ ᠬᠠᠭᠠᠷ ᠵᠢᠷᠮᠦᠰᠦᠯᠡᠪᠡ᠃ ᠬᠠᠭᠠᠷ ᠵᠢᠷᠮᠦᠰᠦᠨ ᠪᠣᠯᠣᠭᠰᠠᠨ ᠢᠶᠠᠨ ᠮᠡᠳᠡᠭᠡᠳ ᠡᠵᠡᠭᠲᠡᠢ ᠪᠡᠨ ᠳᠣᠣᠷ᠎ᠠ ᠦᠵᠡᠬᠦ ᠪᠣᠯᠪᠠ᠃ 5 ᠰᠠᠷᠠᠢ ᠠᠪᠷᠠᠮ ᠳᠤ᠄ 《ᠲᠠᠨ ᠠᠴᠠ ᠪᠣᠯᠵᠤ ᠪᠢ ᠵᠣᠪᠠᠵᠤ ᠦᠬᠦᠯ᠎ᠡ︕ ᠪᠢ ᠰᠢᠪᠡᠭᠴᠢᠨ ᠢᠶᠠᠨ ᠲᠠᠨ ᠤ ᠡᠪᠦᠷ ᠲᠦ ᠥᠭᠭᠥᠭᠰᠡᠨ ᠯᠠ ᠳᠠ᠃ ᠣᠳᠣ ᠲᠡᠷᠡ ᠵᠢᠷᠮᠦᠰᠦᠨ ᠪᠣᠯᠣᠭᠰᠠᠨ ᠢᠶᠠᠨ ᠮᠡᠳᠡᠭᠡᠳ ᠨᠠᠮᠠᠶᠢ ᠳᠣᠣᠷ᠎ᠠ ᠦᠵᠡᠵᠦ ᠪᠠᠢᠨ᠎ᠠ᠃ ᠲᠠ ᠪᠢᠳᠡ ᠬᠣᠶᠠᠷ ᠤᠨ ᠬᠡᠨ ᠦ ᠬᠢᠨᠢ ᠵᠥᠪ ᠪᠠᠢᠬᠤ ᠶᠢ ᠶᠣᠬᠣᠸᠠ ᠰᠢᠭᠦᠭ》 ᠭᠡᠪᠡ᠃ 6 ᠠᠪᠷᠠᠮ ᠰᠠᠷᠠᠢ ᠳᠤ᠄ 《ᠰᠢᠪᠡᠭᠴᠢᠨ ᠴᠢᠨᠢ ᠴᠢᠨᠦ ᠭᠠᠷ ᠲᠤ ᠪᠠᠢᠨ᠎ᠠ︕ ᠶᠠᠭᠤ ᠳᠤᠷᠠᠲᠠᠢ ᠪᠠᠨ ᠲᠡᠭᠦᠨ ᠳᠦ ᠬᠢ》 ᠭᠡᠪᠡ᠃ ᠲᠡᠭᠡᠭᠡᠳ ᠰᠠᠷᠠᠢ ᠬᠠᠭᠠᠷ ᠲᠤ ᠰᠢᠷᠦᠭᠦᠨ ᠬᠠᠨᠳᠤᠭᠰᠠᠨ ᠳᠤ᠂ ᠬᠠᠭᠠᠷ ᠲᠡᠭᠦᠨ ᠡᠴᠡ ᠵᠢᠭᠤᠲᠠᠵᠠᠢ᠃

7 ᠶᠣᠬᠣᠸᠠ ᠶᠢᠨ ᠲᠩᠷᠢ ᠡᠯᠴᠢ ᠴᠥᠯ ᠦᠨ ᠨᠢᠭᠡᠨ ᠪᠤᠯᠠᠭ ᠤᠨ ᠬᠠᠪᠢ ᠳᠤ ᠬᠠᠭᠠᠷ ᠢ ᠣᠯᠵᠤ ᠬᠠᠷᠠᠪᠠ᠃ ᠲᠡᠷᠡ ᠪᠤᠯᠠᠭ ᠱᠦᠷ ᠬᠦᠷᠬᠦ ᠵᠠᠮ ᠤᠨ ᠳᠡᠷᠭᠡᠳᠡ ᠪᠤᠢ᠃ 8 ᠲᠡᠷᠡ᠄ 《ᠰᠠᠷᠠᠢ ᠶᠢᠨ ᠰᠢᠪᠡᠭᠴᠢᠨ ᠬᠠᠭᠠᠷ ᠡ︕ ᠴᠢ ᠬᠠᠮᠢᠭ᠎ᠠ ᠠᠴᠠ ᠢᠷᠡᠭᠡᠳ᠂ ᠬᠠᠮᠢᠭᠠᠰᠢ ᠪᠠᠨ ᠶᠠᠪᠤᠵᠤ ᠪᠠᠢᠨ᠎ᠠ ᠪᠤᠢ︖》 ᠭᠡᠰᠡᠨ ᠳᠦ᠂ ᠬᠠᠭᠠᠷ᠄ 《ᠪᠢ ᠡᠵᠡᠭᠲᠡᠢ ᠰᠠᠷᠠᠢ ᠠᠴᠠ ᠪᠠᠨ ᠵᠢᠭᠤᠲᠠᠵᠤ ᠶᠠᠪᠤᠨ᠎ᠠ》 ᠭᠡᠵᠡᠢ᠃ 9 ᠶᠣᠬᠣᠸᠠ ᠶᠢᠨ ᠲᠩᠷᠢ ᠡᠯᠴᠢ ᠲᠡᠭᠦᠨ ᠳᠦ᠄ 《ᠴᠢ ᠡᠵᠡᠭᠲᠡᠢ ᠳᠡᠭᠡᠨ ᠪᠤᠴᠠᠵᠤ ᠣᠴᠢᠭᠠᠳ ᠭᠠᠷ ᠳᠣᠣᠷ᠎ᠠ ᠨᠢ ᠣᠷᠣᠵᠤ ᠳᠤᠭᠤᠯᠭᠠᠪᠤᠷᠢᠲᠠᠢ ᠪᠠᠢ》 ᠭᠡᠪᠡ᠃ 10 ᠶᠣᠬᠣᠸᠠ ᠶᠢᠨ ᠲᠩᠷᠢ ᠡᠯᠴᠢ ᠲᠡᠭᠦᠨ ᠳᠦ᠄ 《ᠪᠢ ᠦᠷ᠎ᠡ ᠤᠳᠤᠮ ᠢ ᠴᠢᠨᠢ ᠣᠯᠠᠰᠢᠷᠠᠭᠤᠯᠤᠨ ᠣᠯᠠᠰᠢᠷᠠᠭᠤᠯᠵᠤ᠂ ᠲᠣᠭᠠᠯᠠᠵᠤ ᠪᠠᠷᠠᠰᠢ ᠦᠭᠡᠢ ᠣᠯᠠᠨ ᠪᠣᠯᠭᠠᠨ᠎ᠠ》 ᠭᠡᠪᠡ᠃ 11 ᠶᠣᠬᠣᠸᠠ ᠶᠢᠨ ᠲᠩᠷᠢ ᠡᠯᠴᠢ ᠲᠡᠭᠦᠨ ᠳᠦ᠄ 《ᠬᠠᠭᠠᠷ᠂ ᠴᠢ ᠣᠳᠣ ᠵᠢᠷᠮᠦᠰᠦᠨ ᠬᠦᠦ ᠲᠥᠷᠥᠭᠦᠯᠬᠦ ᠪᠣᠯᠣᠨ᠎ᠠ ᠲᠡᠭᠦᠨ ᠢ ᠢᠱᠮᠠᠶᠧᠯ 24 ᠭᠡᠵᠦ ᠳᠠᠭᠤᠳᠠᠨ᠎ᠠ ᠤᠴᠢᠷ ᠨᠢ ᠵᠣᠪᠠᠯᠠᠩᠲᠤ ᠳᠠᠭᠤ ᠶᠢ ᠴᠢᠨᠢ ᠶᠣᠬᠣᠸᠠ ᠳᠤᠭᠤᠯᠤᠭᠰᠠᠨ
12 ᠬᠦᠦ ᠴᠢᠨᠢ ᠵᠡᠷᠯᠢᠭ ᠡᠯᠵᠢᠭᠡ ᠮᠡᠲᠦ ᠬᠥᠮᠦᠨ ᠪᠣᠯᠣᠨ᠎ᠠ ᠲᠡᠭᠦᠨ ᠦ ᠭᠠᠷ ᠬᠥᠮᠦᠨ ᠪᠦᠬᠦᠨ ᠦ ᠡᠰᠡᠷᠭᠦ ᠬᠥᠮᠦᠨ ᠪᠦᠬᠦᠨ ᠦ ᠭᠠᠷ ᠲᠡᠭᠦᠨ ᠦ ᠡᠰᠡᠷᠭᠦ ᠪᠥᠭᠡᠳ ᠲᠡᠷᠡ ᠪᠡᠷ ᠬᠠᠮᠤᠭ ᠠᠬ᠎ᠠ ᠳᠡᠭᠦᠦᠰ ᠡᠴᠡ ᠪᠡᠨ ᠨᠢᠭᠤᠷ ᠪᠤᠷᠤᠭᠤᠯᠤᠨ ᠠᠮᠢᠳᠤᠷᠠᠨ᠎ᠠ》
ᠭᠡᠪᠡ᠃ 13 ᠬᠠᠭᠠᠷ᠄ 《ᠨᠠᠮᠠᠶᠢ ᠬᠠᠷᠠᠳᠠᠭ ᠨᠢᠭᠡᠨ ᠢ ᠪᠢ ᠡ᠊ᠨᠳᠡ ᠨᠡᠭᠡᠷᠡᠨ ᠬᠠᠷᠠᠭᠰᠠᠨ ᠪᠠᠢᠨ᠎ᠠ ᠤᠤ︖》 ᠭᠡᠳ ᠥᠪᠡᠷ ᠲᠡᠢ ᠨᠢ ᠶᠠᠷᠢᠭᠰᠠᠨ ᠶᠣᠬᠣᠸᠠ ᠶᠢ 《ᠬᠠᠷᠠᠳᠠᠭ ᠪᠤᠷᠬᠠᠨ》 ᠭᠡᠵᠦ ᠨᠡᠷᠡᠯᠡᠪᠡ᠃ 14 ᠡᠢᠮᠦ ᠤᠴᠢᠷ ᠠᠴᠠ ᠲᠡᠷᠡ ᠪᠤᠯᠠᠭ ᠪᠧᠷ ᠯᠠᠬᠠᠢ ᠷᠣᠢ 25 ᠭᠡᠵᠦ ᠨᠡᠷᠡᠯᠡᠭᠳᠡᠭᠰᠡᠨ ᠪᠥᠭᠡᠳ ᠲᠡᠷᠡ ᠪᠤᠯᠠᠭ ᠺᠠᠳᠧᠱ᠂ ᠪᠧᠷᠧᠳ᠋ ᠬᠣᠶᠠᠷ ᠤᠨ ᠬᠣᠭᠣᠷᠣᠨᠳᠣ ᠪᠤᠢ᠃

15 ᠲᠡᠭᠡᠭᠡᠳ ᠬᠠᠭᠠᠷ ᠠᠪᠷᠠᠮ ᠳᠤ ᠬᠦᠦ ᠲᠥᠷᠥᠭᠦᠯᠵᠦ ᠥᠭᠭᠥᠭᠰᠡᠨ ᠪᠠ ᠠᠪᠷᠠᠮ ᠬᠠᠭᠠᠷ ᠠᠴᠠ ᠲᠥᠷᠥᠭᠰᠡᠨ ᠬᠦᠦ ᠳᠡᠭᠡᠨ ᠢᠱᠮᠠᠶᠧᠯ ᠭᠡᠳᠡᠭ ᠨᠡᠷ᠎ᠡ ᠥᠭᠪᠡ᠃ 16 ᠬᠠᠭᠠᠷ ᠢᠱᠮᠠᠶᠧᠯ ᠢ ᠠᠪᠷᠠᠮ ᠳᠤ ᠲᠥᠷᠥᠭᠦᠯᠵᠦ ᠥᠭᠬᠦ ᠦᠶ᠎ᠡ ᠳᠦ ᠠᠪᠷᠠᠮ ᠨᠠᠶᠠᠨ ᠵᠢᠷᠭᠤᠭᠠᠨ ᠨᠠᠰᠤᠲᠠᠢ ᠪᠠᠢᠵᠠᠢ᠃