1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠳᠥᠴᠢᠨ ᠨᠢᠭᠡ
 ᠹᠠᠷᠠᠣ᠋ ᠶᠢᠨ ᠵᠡᠭᠦᠳᠦ

1 ᠪᠦᠲᠦᠨ ᠬᠣᠶᠠᠷ ᠵᠢᠯ ᠤᠨ ᠳᠠᠷᠠᠭ᠎ᠠ ᠹᠠᠷᠠᠣ᠋ ᠵᠡᠭᠦᠳᠦ ᠵᠡᠭᠦᠳᠦᠯᠡᠭᠰᠡᠨ ᠪᠠᠢᠨ᠎ᠠ᠄ ᠲᠡᠷᠡ ᠮᠥᠷᠡᠨ ᠦ ᠳᠡᠷᠭᠡᠳᠡ ᠵᠣᠭᠰᠣᠵᠤ ᠪᠠᠢᠲᠠᠯ᠎ᠠ 2 ᠮᠥᠷᠡᠨ ᠡᠴᠡ ᠳᠣᠯᠣᠭᠠᠨ ᠲᠠᠷᠭᠤᠨ ᠰᠠᠢᠬᠠᠨ ᠦᠬᠡᠷ ᠭᠠᠷᠴᠤ ᠢᠷᠡᠯ᠎ᠡ︕ ᠦᠬᠡᠷ ᠤᠳ ᠵᠡᠭᠡᠰᠦ ᠲᠠᠢ ᠭᠠᠵᠠᠷ ᠲᠤ ᠪᠡᠯᠴᠢᠵᠦ ᠪᠠᠢᠲᠠᠯ᠎ᠠ 3 ᠬᠣᠢᠨ᠎ᠠ ᠠᠴᠠ ᠨᠢ ᠥᠭᠡᠷ᠎ᠡ ᠳᠣᠯᠣᠭᠠᠨ ᠲᠤᠷᠠᠩ᠋ᠬᠠᠢ᠂ ᠮᠠᠭᠤᠬᠠᠢ ᠦᠬᠡᠷ ᠮᠥᠷᠡᠨ ᠡᠴᠡ ᠭᠠᠷᠴᠤ ᠢᠷᠡᠯ᠎ᠡ︕ ᠲᠡᠳᠡ ᠮᠥᠷᠡᠨ ᠦ ᠬᠥᠪᠡᠭᠡᠨ ᠳᠦ ᠢᠷᠡᠵᠦ ᠨᠥᠭᠥᠭᠡ ᠦᠬᠡᠷ ᠤᠳ ᠤᠨ ᠳᠡᠷᠭᠡᠳᠡ ᠵᠣᠭᠰᠣᠪᠠ᠃ 4 ᠲᠡᠭᠡᠭᠰᠡᠨ ᠢᠶᠡᠨ ᠲᠡᠷᠡ ᠲᠤᠷᠠᠩ᠋ᠬᠠᠢ ᠮᠠᠭᠤᠬᠠᠢ ᠦᠬᠡᠷ ᠤᠳ ᠨᠢ ᠨᠥᠭᠥᠭᠡ ᠳᠣᠯᠣᠭᠠᠨ ᠰᠠᠢᠬᠠᠨ ᠲᠠᠷᠭᠤᠨ ᠦᠬᠡᠷ ᠢ ᠢᠳᠡᠴᠢᠬᠡᠪᠡ᠃ ᠲᠡᠭᠡᠲᠡᠯ᠎ᠡ ᠹᠠᠷᠠᠣ᠋ ᠰᠡᠷᠢᠵᠡᠢ᠃ 5 ᠲᠡᠷᠡ ᠡᠷᠭᠢᠵᠦ ᠤᠨᠲᠠᠭᠰᠠᠨ ᠢᠶᠠᠨ ᠳᠠᠬᠢᠭᠠᠳ ᠵᠡᠭᠦᠳᠦᠯᠡᠪᠡ᠄ ᠨᠢᠭᠡ ᠡᠰᠢ ᠡᠴᠡ ᠳᠣᠯᠣᠭᠠᠨ ᠰᠠᠭᠰᠠᠭᠠᠷ ᠰᠠᠢᠬᠠᠨ ᠲᠠᠷᠢᠶᠠᠨ ᠲᠦᠷᠦᠭᠦᠦ ᠭᠠᠷᠴᠤ ᠢᠷᠡᠪᠡ︕ 6 ᠲᠡᠭᠡᠲᠡᠯ᠎ᠡ ᠬᠣᠢᠨ᠎ᠠ ᠠᠴᠠ ᠨᠢ ᠳᠣᠷᠣᠨ᠎ᠠ ᠶᠢᠨ ᠰᠠᠯᠬᠢᠨ ᠳᠤ ᠬᠠᠲᠠᠵᠤ ᠬᠣᠷᠪᠣᠢᠭᠰᠠᠨ᠂ ᠳᠣᠯᠣᠭᠠᠨ ᠨᠠᠷᠢᠬᠠᠨ ᠲᠦᠷᠦᠭᠦᠦ ᠭᠠᠷᠴᠤ ᠢᠷᠡᠵᠡᠢ︕ 7 ᠲᠡᠭᠡᠭᠡᠳ ᠲᠡᠷᠡ ᠳᠣᠯᠣᠭᠠᠨ ᠨᠠᠷᠢᠬᠠᠨ ᠲᠦᠷᠦᠭᠦᠦ ᠨᠢ ᠳᠣᠯᠣᠭᠠᠨ ᠰᠠᠭᠰᠠᠭᠠᠷ ᠪᠦᠳᠦᠭᠦᠨ ᠲᠦᠷᠦᠭᠦᠦ ᠶᠢ ᠵᠠᠯᠭᠢᠴᠢᠬᠠᠪᠠ᠃ ᠹᠠᠷᠠᠣ᠋ ᠰᠡᠷᠢᠬᠦ ᠳᠦ᠂ ᠲᠡᠷᠡ ᠨᠢ ᠵᠡᠭᠦᠳᠦ ᠪᠠᠢᠵᠠᠢ︕ 8 ᠥᠷᠯᠥᠭᠡ ᠨᠢ ᠲᠡᠷᠡ ᠰᠡᠳᠬᠢᠯ ᠠᠮᠤᠷ ᠦᠭᠡᠢ ᠪᠣᠯᠣᠭᠠᠳ ᠬᠥᠮᠦᠨ ᠶᠠᠪᠤᠭᠤᠯᠵᠤ᠂ ᠶᠧᠵᠢᠫᠲ ᠤᠨ ᠮᠡᠷᠭᠡᠴᠢ ᠲᠥᠯᠭᠡᠴᠢᠳ᠂ ᠤᠬᠠᠭᠠᠨᠲᠠᠨ ᠮᠡᠷᠭᠡᠳ ᠢ ᠪᠦᠭᠦᠳᠡ ᠶᠢ ᠨᠢ ᠳᠠᠭᠤᠳᠠᠭᠤᠯᠤᠭᠰᠠᠨ ᠪᠠᠢᠨ᠎ᠠ᠃ ᠹᠠᠷᠠᠣ᠋ ᠲᠡᠳᠡᠨ ᠳᠦ ᠵᠡᠭᠦᠳᠦ ᠪᠡᠨ ᠶᠠᠷᠢᠭᠰᠠᠨ ᠪᠣᠯᠪᠠᠴᠤ ᠲᠡᠭᠦᠨ ᠳᠦ ᠲᠠᠢᠯᠵᠤ ᠥᠭᠴᠦ ᠴᠢᠳᠠᠬᠤ ᠬᠥᠮᠦᠨ ᠠᠯᠠᠭ᠎ᠠ ᠪᠠᠢᠯ᠎ᠠ᠃

9 ᠨᠥᠭᠥᠭᠡ ᠠᠬᠠᠯᠠᠬᠤ ᠰᠥᠩ ᠪᠠᠷᠢᠭᠴᠢ ᠹᠠᠷᠠᠣ᠋ ᠳᠤ᠄ 《ᠥᠨᠥᠳᠥᠷ ᠯᠠ ᠪᠢ ᠬᠢᠭᠰᠡᠨ ᠪᠤᠷᠤᠭᠤ ᠪᠠᠨ ᠰᠠᠨᠠᠯ᠎ᠠ᠃ 10 ᠤᠷᠢᠳᠤ ᠨᠢ ᠹᠠᠷᠠᠣ᠋ ᠲᠠ ᠵᠠᠷᠤᠴᠠ ᠨᠠᠷ ᠲᠠᠭᠠᠨ ᠠᠭᠤᠷᠯᠠᠵᠤ᠂ ᠨᠠᠮᠠᠶᠢ ᠠᠬᠠᠯᠠᠬᠤ ᠪᠣᠣᠪᠣᠴᠢᠨ ᠲᠠᠢ ᠬᠠᠮᠲᠤ ᠰᠢᠳᠠᠷ ᠬᠠᠮᠠᠭᠠᠯᠠᠭᠴᠢ ᠶᠢᠨ ᠠᠬᠠᠯᠠᠭᠴᠢ ᠶᠢᠨ ᠪᠠᠢᠰᠢᠩ ᠳᠤ ᠬᠣᠷᠢᠭᠰᠠᠨ ᠪᠢᠯᠡ᠃ 11 ᠨᠢᠭᠡᠨ ᠰᠥᠨᠢ ᠲᠡᠷᠡ ᠪᠢᠳᠡ ᠬᠣᠶᠠᠷ ᠵᠡᠭᠦᠳᠦ ᠵᠡᠭᠦᠳᠦᠯᠡᠭᠰᠡᠨ ᠪᠥᠭᠡᠳ ᠪᠢᠳᠡ ᠬᠣᠶᠠᠷ ᠤᠨ ᠵᠡᠭᠦᠳᠦ ᠥᠭᠡᠷ᠎ᠡ ᠥᠭᠡᠷ᠎ᠡ ᠰᠤᠪᠢᠩ ᠲᠠᠢ ᠪᠠᠢᠭᠰᠠᠨ᠃ 12 ᠲᠡᠷᠡ ᠦᠶ᠎ᠡ ᠳᠦ ᠲᠡᠨᠳᠡ ᠰᠢᠳᠠᠷ ᠬᠠᠮᠠᠭᠠᠯᠠᠭᠴᠢᠳ ᠤᠨ ᠠᠬᠠᠯᠠᠭᠴᠢ ᠶᠢᠨ ᠵᠠᠷᠤᠴᠠ ᠢᠪᠷᠠᠢ ᠵᠠᠯᠠᠭᠤ ᠪᠢᠳᠡᠨ ᠲᠡᠢ ᠬᠠᠮᠲᠤ ᠪᠠᠢᠭᠰᠠᠨ᠃ ᠪᠢᠳᠡ ᠲᠡᠭᠦᠨ ᠳᠦ ᠶᠠᠷᠢᠭᠰᠠᠨ ᠳᠤ᠂ ᠲᠡᠷᠡ ᠵᠡᠭᠦᠳᠦ ᠶᠢ ᠮᠢᠨᠢ ᠲᠠᠢᠯᠵᠤ ᠥᠭᠭᠥᠭᠰᠡᠨ ᠶᠤᠮ᠃ ᠪᠢᠳᠡᠨ ᠦ ᠵᠡᠭᠦᠳᠦ ᠶᠢ ᠲᠡᠷᠡ ᠲᠤᠰ ᠲᠤᠰ ᠲᠠᠢᠯᠤᠭᠰᠠᠨ ᠳᠤ᠂ 13 ᠲᠠᠢᠯᠤᠭᠰᠠᠨ ᠶᠣᠰᠣᠭᠠᠷ ᠨᠢ ᠪᠣᠯᠵᠠᠢ᠃ ᠪᠢ ᠬᠠᠭᠤᠴᠢᠨ ᠠᠯᠪᠠᠨ ᠳᠠᠭᠠᠨ ᠡᠷᠭᠢᠵᠦ ᠣᠷᠣᠭᠠᠳ᠂ ᠨᠥᠭᠥᠭᠡ ᠮᠠᠨᠢ ᠳᠡᠭᠦᠵᠢᠯᠡᠭᠦᠯᠦᠭᠰᠡᠨ ᠪᠢᠯᠡ》 ᠭᠡᠵᠦ ᠬᠡᠯᠡᠪᠡ᠃

14 ᠹᠠᠷᠠᠣ᠋ ᠬᠥᠮᠦᠨ ᠶᠠᠪᠤᠭᠤᠯᠵᠤ᠂ ᠶᠣᠰᠧᠹ ᠢ ᠳᠠᠭᠤᠳᠠᠭᠤᠯᠤᠭᠰᠠᠨ ᠳᠤ᠂ ᠲᠡᠳᠡ ᠲᠡᠭᠦᠨ ᠢ ᠭᠢᠨᠳᠠᠨ ᠠᠴᠠ ᠳᠠᠷᠤᠢᠬᠠᠨ ᠭᠠᠷᠭᠠᠵᠠᠢ᠃ ᠶᠣᠰᠧᠹ ᠰᠠᠬᠠᠯ ᠢᠶᠠᠨ ᠬᠤᠰᠤᠵᠤ ᠬᠤᠪᠴᠠᠰᠤ ᠪᠠᠨ ᠰᠣᠯᠢᠭᠠᠳ ᠹᠠᠷᠠᠣ᠋ ᠳᠡᠭᠡᠷ᠎ᠡ ᠣᠷᠣᠵᠤ ᠢᠷᠡᠪᠡ᠃ 15 ᠹᠠᠷᠠᠣ᠋ ᠶᠣᠰᠧᠹ ᠲᠤ᠄ 《ᠪᠢ ᠨᠢᠭᠡ ᠵᠡᠭᠦᠳᠦ ᠵᠡᠭᠦᠳᠦᠯᠡᠯ᠎ᠡ᠃ ᠭᠡᠲᠡᠯ᠎ᠡ ᠲᠡᠭᠦᠨ ᠢ ᠲᠠᠢᠯᠵᠤ ᠴᠢᠳᠠᠬᠤ ᠬᠥᠮᠦᠨ ᠠᠯᠠᠭ᠎ᠠ᠃ ᠬᠠᠷᠢᠨ ᠪᠢ ᠰᠠᠶ᠋ᠢ ᠴᠢᠨᠦ ᠲᠤᠬᠠᠢ ᠰᠣᠨᠣᠰᠣᠯ᠎ᠠ᠂ ᠴᠢᠮ᠎ᠠ ᠳᠤ ᠵᠡᠭᠦᠳᠦ ᠰᠣᠨᠣᠰᠴᠤ ᠲᠠᠢᠯᠬᠤ ᠴᠢᠳᠠᠪᠤᠷᠢ ᠪᠤᠢ ᠭᠡᠰᠡᠨ》 ᠭᠡᠬᠦ ᠳᠦ᠂ 16 ᠶᠣᠰᠧᠹ ᠹᠠᠷᠠᠣ᠋ ᠳᠤ᠄ 《ᠨᠠᠳᠠ ᠳᠤ ᠪᠠᠢᠬᠤ ᠪᠢᠰᠢ᠂ ᠬᠠᠷᠢᠨ ᠪᠤᠷᠬᠠᠨ ᠥᠪᠡᠷ ᠢᠶᠡᠨ ᠹᠠᠷᠠᠣ᠋ ᠲᠠᠨ ᠤ ᠰᠡᠳᠬᠢᠯ ᠢ ᠠᠮᠠᠷᠠᠭᠠᠬᠤ ᠬᠠᠷᠢᠭᠤ ᠶᠢ ᠥᠭᠭᠥᠨ᠎ᠡ》 ᠭᠡᠪᠡ᠃ 17 ᠹᠠᠷᠠᠣ᠋ ᠶᠣᠰᠧᠹ ᠲᠤ᠄ 《ᠪᠢ ᠵᠡᠭᠦᠳᠦᠨ ᠳᠡᠭᠡᠨ ᠮᠥᠷᠡᠨ ᠦ ᠬᠥᠪᠡᠭᠡᠨ ᠳᠡᠭᠡᠷ᠎ᠡ ᠵᠣᠭᠰᠣᠵᠤ ᠪᠠᠢᠯ᠎ᠠ︕ 18 ᠲᠡᠭᠡᠲᠡᠯ᠎ᠡ ᠮᠥᠷᠡᠨ ᠡᠴᠡ ᠲᠠᠷᠭᠤᠨ ᠰᠠᠢᠬᠠᠨ ᠳᠣᠯᠣᠭᠠᠨ ᠦᠬᠡᠷ ᠭᠠᠷᠴᠤ ᠢᠷᠡᠭᠡᠳ ᠵᠡᠭᠡᠰᠦᠷᠬᠡᠭ ᠭᠠᠵᠠᠷ ᠪᠡᠯᠴᠢᠵᠦ ᠪᠠᠢᠭᠰᠠᠨ︕ 19 ᠲᠡᠳᠡᠨ ᠦ ᠬᠣᠢᠨ᠎ᠠ ᠠᠴᠠ ᠲᠤᠷᠠᠩ᠋ᠬᠠᠢ᠂ ᠶᠡᠬᠡ ᠮᠠᠭᠤᠬᠠᠢ ᠳᠣᠯᠣᠭᠠᠨ ᠦᠬᠡᠷ ᠭᠠᠷᠴᠤ ᠢᠷᠡᠯ᠎ᠡ︕ ᠲᠡᠢᠮᠦ ᠮᠠᠭᠤᠬᠠᠢ ᠦᠬᠡᠷ ᠤᠳ ᠢ ᠪᠢ ᠶᠧᠵᠢᠫᠲ ᠤᠨ ᠨᠤᠲᠤᠭ ᠳᠠᠶᠠᠭᠠᠷ ᠦᠵᠡᠵᠦ ᠪᠠᠢᠭ᠎ᠠ ᠦᠭᠡᠢ᠃ 20 ᠲᠡᠷᠡ ᠲᠤᠷᠠᠩ᠋ᠬᠠᠢ ᠮᠠᠭᠤᠬᠠᠢ ᠦᠬᠡᠷ ᠤᠳ ᠲᠦᠷᠦᠭᠦᠴᠢ ᠶᠢᠨ ᠳᠣᠯᠣᠭᠠᠨ ᠲᠠᠷᠭᠤᠨ ᠦᠬᠡᠷ ᠢ ᠢᠳᠡᠴᠢᠬᠡᠯ᠎ᠡ᠃ 21 ᠲᠡᠳᠡ ᠢᠳᠡᠭᠰᠡᠨ ᠪᠣᠯᠪᠠᠴᠤ ᠶᠠᠭᠤ ᠴᠤ ᠢᠳᠡᠭᠡ ᠦᠭᠡᠢ ᠶᠤᠮ ᠰᠢᠭ᠋ ᠤᠷᠢᠳᠤ ᠶᠢᠨ ᠠᠳᠠᠯᠢ ᠮᠠᠭᠤᠬᠠᠢ ᠬᠡᠪ ᠢᠶᠡᠷ ᠢᠶᠠᠨ ᠯᠠ ᠪᠠᠢᠯ᠎ᠠ᠃ ᠲᠡᠭᠡᠭᠡᠳ ᠪᠢ ᠰᠡᠷᠢᠵᠡᠢ᠃ 22 ᠪᠢ ᠪᠠᠰᠠ ᠥᠭᠡᠷ᠎ᠡ ᠵᠡᠭᠦᠳᠦᠨ ᠳᠡᠭᠡᠨ ᠨᠢᠭᠡ ᠡᠰᠢ ᠡᠴᠡ ᠳᠣᠯᠣᠭᠠᠨ ᠰᠠᠭᠰᠠᠭᠠᠷ ᠰᠠᠢᠬᠠᠨ ᠲᠠᠷᠢᠶᠠᠨ ᠲᠦᠷᠦᠭᠦᠦ ᠤᠷᠭᠤᠵᠤ ᠪᠠᠢᠬᠤ ᠶᠢ ᠬᠠᠷᠠᠭᠰᠠᠨ︕ 23 ᠬᠣᠢᠨ᠎ᠠ ᠠᠴᠠ ᠨᠢ ᠳᠣᠷᠣᠨ᠎ᠠ ᠶᠢᠨ ᠰᠠᠯᠬᠢᠨ ᠳᠤ ᠬᠠᠲᠠᠵᠤ ᠬᠣᠷᠪᠣᠢᠭᠰᠠᠨ ᠳᠣᠯᠣᠭᠠᠨ ᠨᠠᠷᠢᠬᠠᠨ ᠲᠦᠷᠦᠭᠦᠦ ᠭᠠᠷᠴᠤ ᠢᠷᠡᠯ᠎ᠡ︕ 24 ᠲᠡᠭᠡᠭᠡᠳ ᠲᠡᠷᠡ ᠨᠠᠷᠢᠬᠠᠨ ᠲᠦᠷᠦᠭᠦᠦ ᠨᠦᠭᠦᠳ ᠨᠢ ᠳᠣᠯᠣᠭᠠᠨ ᠰᠠᠢᠬᠠᠨ ᠲᠦᠷᠦᠭᠦᠦ ᠪᠡᠨ ᠵᠠᠯᠭᠢᠴᠢᠬᠠᠪᠠ᠃ ᠪᠢ ᠡᠭᠦᠨ ᠢ ᠪᠠᠨ ᠮᠡᠷᠭᠡᠴᠢ᠂ ᠲᠥᠯᠭᠡᠴᠢᠳ ᠲᠤ ᠬᠡᠯᠡᠭᠰᠡᠨ ᠪᠣᠯᠪᠠᠴᠤ ᠨᠠᠳᠠ ᠳᠤ ᠲᠠᠢᠯᠵᠤ ᠴᠢᠳᠠᠬᠤ ᠬᠥᠮᠦᠨ ᠠᠯᠠᠭ᠎ᠠ ᠪᠠᠢᠨ᠎ᠠ》 ᠭᠡᠪᠡ᠃

25 ᠶᠣᠰᠧᠹ ᠹᠠᠷᠠᠣ᠋ ᠳᠤ᠄ 《ᠹᠠᠷᠠᠣ᠋ ᠲᠠᠨ ᠤ ᠵᠡᠭᠦᠳᠦ ᠨᠢᠭᠡ ᠯᠠ ᠠᠳᠠᠯᠢ᠃ ᠪᠤᠷᠬᠠᠨ ᠶᠠᠭᠤ ᠬᠢᠬᠦ ᠭᠡᠵᠦ ᠪᠠᠢᠭ᠎ᠠ ᠪᠠᠨ ᠹᠠᠷᠠᠣ᠋ ᠳᠤ ᠢᠯᠡᠷᠬᠡᠶᠢᠯᠡᠭᠰᠡᠨ ᠪᠠᠢᠨ᠎ᠠ᠃ 26 ᠳᠣᠯᠣᠭᠠᠨ ᠰᠠᠢᠬᠠᠨ ᠦᠬᠡᠷ ᠪᠣᠯ ᠳᠣᠯᠣᠭᠠᠨ ᠵᠢᠯ᠂ ᠳᠣᠯᠣᠭᠠᠨ ᠰᠠᠢᠬᠠᠨ ᠲᠦᠷᠦᠭᠦᠦ ᠨᠢ ᠴᠤ ᠳᠣᠯᠣᠭᠠᠨ ᠵᠢᠯ ᠪᠣᠯᠬᠣᠷ ᠡᠨᠡ ᠪᠣᠯ ᠨᠢᠭᠡ ᠯᠠ ᠠᠳᠠᠯᠢᠬᠠᠨ ᠵᠡᠭᠦᠳᠦ ᠶᠤᠮ᠃ 27 ᠲᠡᠳᠡᠨ ᠦ ᠬᠣᠢᠨ᠎ᠠ ᠠᠴᠠ ᠭᠠᠷᠴᠤ ᠢᠷᠡᠭᠰᠡᠨ ᠳᠣᠯᠣᠭᠠᠨ ᠲᠤᠷᠠᠩ᠋ᠬᠠᠢ ᠮᠠᠭᠤᠬᠠᠢ ᠦᠬᠡᠷ ᠴᠤ ᠳᠣᠯᠣᠭᠠᠨ ᠵᠢᠯ᠂ ᠳᠣᠷᠣᠨ᠎ᠠ ᠶᠢᠨ ᠰᠠᠯᠬᠢᠨ ᠳᠤ ᠬᠠᠲᠠᠵᠤ ᠬᠣᠷᠪᠣᠢᠭᠰᠠᠨ ᠳᠣᠯᠣᠭᠠᠨ ᠬᠣᠵᠢᠭᠢᠷ ᠲᠦᠷᠦᠭᠦᠦ ᠴᠤ ᠳᠣᠯᠣᠭᠠᠨ ᠵᠢᠯ ᠪᠥᠭᠡᠳ ᠡᠳᠡᠭᠡᠷ ᠨᠢ ᠥᠯᠥᠰᠬᠥᠯᠡᠩ ᠦᠨ ᠳᠣᠯᠣᠭᠠᠨ ᠵᠢᠯ ᠶᠤᠮ᠃ 28 ᠡᠳᠡᠭᠡᠷ ᠦᠨ ᠲᠤᠬᠠᠢ ᠹᠠᠷᠠᠣ᠋ ᠳᠤ ᠬᠡᠯᠡᠬᠦ ᠵᠦᠢᠯ ᠮᠠᠨᠢ ᠡᠨᠡ ᠶᠤᠮ᠄ ᠪᠤᠷᠬᠠᠨ ᠬᠢᠬᠦ ᠭᠡᠵᠦ ᠪᠠᠢᠭ᠎ᠠ ᠪᠠᠨ ᠹᠠᠷᠠᠣ᠋ ᠳᠤ ᠦᠵᠡᠭᠦᠯᠦᠭᠰᠡᠨ ᠪᠠᠢᠨ᠎ᠠ᠃ 29 ᠠᠩ᠋ᠬᠠᠷᠤᠭᠲᠤᠨ᠂ ᠶᠧᠵᠢᠫᠲ ᠤᠨ ᠪᠦᠬᠦ ᠨᠤᠲᠤᠭ ᠲᠤ ᠮᠠᠰᠢ ᠥᠩ ᠲᠡᠢ ᠰᠠᠢᠬᠠᠨ ᠳᠣᠯᠣᠭᠠᠨ ᠵᠢᠯ ᠢᠷᠡᠵᠦ ᠪᠠᠢᠨ᠎ᠠ︕ 30 ᠬᠠᠷᠢᠨ ᠡᠭᠦᠨ ᠦ ᠳᠠᠷᠠᠭ᠎ᠠ ᠥᠯᠥᠰᠬᠥᠯᠡᠩ ᠭᠠᠴᠢᠭ ᠲᠠᠢ ᠳᠣᠯᠣᠭᠠᠨ ᠵᠢᠯ ᠪᠣᠯᠣᠨ᠎ᠠ᠃ ᠲᠡᠭᠡᠪᠡᠯ ᠶᠧᠵᠢᠫᠲ ᠤᠨ ᠡᠮᠦᠨᠡᠬᠢ ᠡᠯᠪᠡᠭ ᠬᠠᠩ᠋ᠭᠠᠯᠤᠭᠤᠨ ᠪᠠᠢᠳᠠᠯ ᠨᠢ ᠮᠠᠷᠲᠠᠭᠳᠠᠬᠤ ᠪᠥᠭᠡᠳ ᠲᠡᠷᠡ ᠬᠦ ᠥᠯᠥᠰᠬᠥᠯᠡᠩ ᠭᠠᠴᠢᠭ ᠨᠢ ᠨᠤᠲᠤᠭ ᠣᠷᠣᠨ ᠢ ᠲᠤᠢᠯᠳᠠᠭᠤᠯᠬᠤ ᠪᠣᠯᠣᠨ᠎ᠠ᠃ 31 ᠲᠡᠷᠡ ᠬᠦ ᠥᠯᠥᠰᠬᠥᠯᠡᠩ ᠭᠠᠴᠢᠭ ᠮᠠᠰᠢ ᠬᠦᠨᠳᠦ ᠬᠡᠴᠡᠭᠦᠦ ᠪᠣᠯᠬᠣᠷ ᠡᠨᠡ ᠨᠤᠲᠤᠭ ᠲᠤ ᠥᠩ ᠲᠡᠢ ᠰᠠᠢᠬᠠᠨ ᠪᠠᠢᠭᠰᠠᠨ ᠨᠢ ᠡᠷᠭᠢᠵᠦ ᠰᠠᠨᠠᠭᠳᠠᠬᠤ ᠦᠭᠡᠢ ᠪᠣᠯᠣᠨ᠎ᠠ᠃ 32 ᠹᠠᠷᠠᠣ᠋ ᠲᠠᠨ ᠤ ᠵᠡᠭᠦᠳᠦ ᠬᠣᠶᠠᠷ ᠤᠳᠠᠭ᠎ᠠ ᠳᠠᠪᠲᠠᠭᠳᠠᠭᠰᠠᠨ ᠨᠢ ᠪᠤᠷᠬᠠᠨ ᠥᠪᠡᠷ ᠢᠶᠡᠨ ᠡᠨᠡ ᠦᠢᠯᠡ ᠶᠢ ᠪᠠᠲᠤᠲᠠᠢ ᠰᠢᠢᠳᠦᠭᠰᠡᠨ ᠪᠥᠭᠡᠳ ᠡᠭᠦᠨ ᠢ ᠶᠠᠭᠠᠷᠠᠯᠲᠠᠢ ᠭᠦᠢᠴᠡᠭᠡᠨ᠎ᠡ ᠭᠡᠰᠡᠨ ᠦᠭᠡ ᠶᠤᠮ᠃ 33 ᠲᠡᠢᠮᠦ ᠡᠴᠡ ᠹᠠᠷᠠᠣ᠋ ᠣᠳᠣ ᠬᠡᠷᠰᠡᠦ ᠮᠡᠷᠭᠡᠨ ᠤᠬᠠᠭᠠᠨ ᠲᠠᠢ ᠬᠥᠮᠦᠨ ᠢ ᠣᠯᠵᠤ᠂ ᠶᠧᠵᠢᠫᠲ ᠤᠨ ᠨᠤᠲᠤᠭ ᠢ ᠬᠠᠷᠢᠭᠤᠴᠠᠭᠤᠯᠵᠤ ᠪᠣᠯᠣᠨ᠎ᠠ᠃ 34 ᠹᠠᠷᠠᠣ᠋ ᠲᠡᠢᠨ ᠬᠦ ᠭᠠᠵᠠᠷ ᠨᠤᠲᠤᠭ ᠲᠠᠭᠠᠨ ᠲᠦᠰᠢᠮᠡᠳ ᠲᠣᠮᠢᠯᠠᠵᠤ᠂ ᠥᠩ ᠲᠡᠢ ᠰᠠᠢᠬᠠᠨ ᠳᠣᠯᠣᠭᠠᠨ ᠵᠢᠯ ᠤᠨ ᠲᠤᠷᠰᠢ ᠶᠧᠵᠢᠫᠲ ᠨᠤᠲᠤᠭ ᠤᠨ ᠤᠷᠭᠤᠴᠠ ᠶᠢᠨ ᠲᠠᠪᠤᠨ ᠤ ᠨᠢᠭᠡ ᠶᠢ ᠨᠢ ᠬᠤᠷᠢᠶᠠᠵᠤ ᠪᠣᠯᠣᠨ᠎ᠠ᠃ 35 ᠢᠷᠡᠬᠦ ᠥᠩ ᠲᠡᠢ ᠰᠠᠢᠬᠠᠨ ᠵᠢᠯ ᠤᠳ ᠢᠶᠠᠷ ᠲᠡᠳᠡ ᠲᠥᠷᠥᠯ ᠪᠦᠷᠢ ᠶᠢᠨ ᠠᠮᠤ ᠬᠦᠨᠡᠰᠦ ᠬᠤᠷᠢᠶᠠᠵᠤ᠂ ᠹᠠᠷᠠᠣ᠋ ᠶᠢᠨ ᠭᠠᠷ ᠳᠣᠣᠷ᠎ᠠ ᠠᠮᠤ ᠬᠦᠨᠡᠰᠦ ᠪᠣᠯᠬᠤ ᠦᠷ᠎ᠡ ᠲᠠᠷᠢᠶ᠎ᠠ ᠶᠢ ᠬᠣᠲᠠ ᠪᠣᠯᠭᠠᠨ ᠳᠤ ᠰᠠᠯᠭᠠᠵᠤ ᠬᠠᠳᠠᠭᠠᠯᠠᠬᠤ ᠶᠣᠰᠣᠲᠠᠢ᠃ 36 ᠡᠨᠡ ᠬᠦᠨᠡᠰᠦ ᠪᠡᠷ ᠶᠧᠵᠢᠫᠲ ᠲᠤ ᠪᠠᠭᠤᠬᠤ ᠥᠯᠥᠰᠬᠥᠯᠡᠩ ᠦᠨ ᠳᠣᠯᠣᠭᠠᠨ ᠵᠢᠯ ᠳᠤ ᠵᠣᠷᠢᠭᠤᠯᠤᠭᠰᠠᠨ ᠨᠥᠭᠡᠴᠡ ᠪᠣᠯᠭᠠᠪᠠᠯ ᠡᠨᠡ ᠭᠠᠵᠠᠷ ᠨᠤᠲᠤᠭ ᠥᠯᠥᠰᠬᠥᠯᠡᠩ ᠳᠤ ᠰᠦᠢᠷᠡᠬᠦ ᠦᠭᠡᠢ ᠪᠠᠢᠬᠤ ᠪᠣᠯᠣᠨ᠎ᠠ》 ᠭᠡᠪᠡ᠃

37 ᠹᠠᠷᠠᠣ᠋ ᠪᠣᠯᠣᠨ ᠲᠡᠭᠦᠨ ᠦ ᠪᠦᠬᠦ ᠲᠦᠰᠢᠮᠡᠯ ᠡᠨᠡ ᠵᠥᠪᠯᠡᠯᠭᠡ ᠶᠢ ᠰᠠᠢᠨ ᠭᠡᠵᠦ ᠦᠵᠡᠵᠡᠢ᠃ 38 ᠹᠠᠷᠠᠣ᠋ ᠲᠦᠰᠢᠮᠡᠳ ᠲᠡᠭᠡᠨ᠄ 《ᠲᠡᠭᠦᠨ ᠦ ᠳᠣᠲᠣᠷ᠎ᠠ ᠪᠤᠷᠬᠠᠨ ᠤ ᠰᠦᠨᠡᠰᠦ ᠪᠠᠢᠨ᠎ᠠ᠂ ᠡᠢᠮᠦ ᠬᠥᠮᠦᠨ ᠢ ᠪᠢᠳᠡ ᠥᠭᠡᠷ᠎ᠡ ᠬᠠᠮᠢᠭ᠎ᠠ ᠠᠴᠠ ᠣᠯᠬᠤ ᠪᠤᠢ︖》 ᠭᠡᠳ 39 ᠶᠣᠰᠧᠹ ᠲᠤ᠄ 《ᠪᠤᠷᠬᠠᠨ ᠡᠨᠡ ᠪᠦᠬᠦ ᠵᠦᠢᠯ ᠢ ᠴᠢᠮ᠎ᠠ ᠳᠤ ᠯᠠ ᠲᠠᠨᠢᠭᠤᠯᠤᠭᠰᠠᠨ᠂ ᠴᠢᠮ᠎ᠠ ᠰᠢᠭ᠋ ᠬᠡᠷᠰᠡᠦ᠂ ᠮᠡᠷᠭᠡᠨ ᠤᠬᠠᠭᠠᠨ ᠲᠠᠢ ᠬᠥᠮᠦᠨ ᠠᠯᠠᠭ᠎ᠠ᠃ 40 ᠡᠢᠮᠦ ᠡᠴᠡ ᠴᠢ ᠮᠢᠨᠦ ᠣᠷᠳᠣᠨ ᠢ ᠬᠠᠷᠢᠭᠤᠴᠠᠬᠤ ᠪᠣᠯᠣᠨ᠎ᠠ᠃ ᠮᠢᠨᠦ ᠠᠷᠠᠳ ᠲᠦᠮᠡᠨ ᠪᠦᠭᠦᠳᠡᠭᠡᠷ ᠢᠶᠡᠨ ᠴᠢᠨᠦ ᠲᠤᠰᠢᠶᠠᠯ ᠳᠤ ᠳᠤᠭᠤᠯᠭᠠᠪᠤᠷᠢᠲᠠᠢ ᠪᠠᠢᠬᠤ ᠪᠣᠯᠣᠨ᠎ᠠ᠃ ᠪᠢ ᠵᠥᠪᠬᠡᠨ ᠬᠠᠭᠠᠨ ᠰᠢᠷᠡᠭᠡᠨ ᠳᠦ ᠰᠠᠭᠤᠵᠤ ᠪᠠᠢᠭ᠎ᠠ ᠪᠠᠷ ᠢᠶᠠᠨ ᠴᠢᠮ᠎ᠠ ᠠᠴᠠ ᠠᠭᠤᠤ》 ᠭᠡᠪᠡ᠃
 ᠶᠣᠰᠧᠹ ᠶᠧᠵᠢᠫᠲ ᠤᠨ ᠵᠠᠬᠢᠷᠤᠭᠴᠢ ᠪᠣᠯᠪᠠ

41 ᠹᠠᠷᠠᠣ᠋ ᠶᠣᠰᠧᠹ ᠲᠤ᠄ 《ᠴᠢᠮ᠎ᠠ ᠪᠠᠷ ᠪᠢ ᠶᠧᠵᠢᠫᠲ ᠤᠨ ᠪᠦᠬᠦ ᠭᠠᠵᠠᠷ ᠨᠤᠲᠤᠭ ᠢ ᠵᠠᠬᠢᠷᠤᠭᠤᠯᠤᠨ᠎ᠠ︕》 ᠭᠡᠵᠦ ᠬᠡᠯᠡᠭᠡᠳ 42 ᠥᠪᠡᠷ ᠦᠨ ᠢᠶᠠᠨ ᠲᠠᠮᠠᠭ᠎ᠠ ᠲᠠᠢ ᠪᠥᠭᠡᠵᠢ ᠶᠢ ᠭᠠᠷ ᠠᠴᠠ ᠪᠠᠨ ᠮᠤᠯᠲᠤᠯᠤᠨ᠂ ᠶᠣᠰᠧᠹ ᠤᠨ ᠭᠠᠷ ᠲᠤ ᠵᠡᠭᠦᠯᠭᠡᠵᠦ᠂ ᠨᠠᠷᠢᠨ ᠮᠠᠭᠠᠯᠢᠩ᠋ᠭᠤᠨ ᠳᠡᠪᠡᠯ ᠡᠮᠦᠰᠬᠡᠨ᠂ ᠬᠦᠵᠦᠭᠦᠨ ᠳᠦᠨᠢ ᠠᠯᠲᠠᠨ ᠰᠣᠨᠳᠣᠷ ᠵᠡᠭᠦᠯᠭᠡᠪᠡ᠃ 43 ᠲᠡᠭᠡᠭᠡᠳ ᠲᠡᠷᠡ ᠲᠡᠭᠦᠨ ᠢ ᠥᠪᠡᠷ ᠦᠨ ᠢᠶᠠᠨ ᠬᠣᠶᠠᠳᠠᠬᠢ ᠴᠢᠮᠡᠭᠲᠦ ᠲᠡᠷᠭᠡᠨ ᠳᠦ ᠰᠠᠭᠤᠯᠭᠠᠭᠰᠠᠨ ᠪᠥᠭᠡᠳ ᠬᠥᠮᠦᠰ ᠲᠡᠭᠦᠨ ᠦ ᠡᠮᠦᠨ᠎ᠡ ᠶᠠᠪᠤᠵᠤ᠄ 《ᠰᠥᠭᠥᠳᠴᠡᠭᠡ︕》 ᠭᠡᠵᠦ ᠬᠠᠰᠬᠢᠷᠴᠤ ᠪᠠᠢᠯ᠎ᠠ᠃ ᠡᠢᠨ ᠬᠦ ᠹᠠᠷᠠᠣ᠋ ᠶᠣᠰᠧᠹ ᠢᠶᠠᠷ ᠶᠧᠵᠢᠫᠲ ᠤᠨ ᠪᠦᠬᠦ ᠭᠠᠵᠠᠷ ᠨᠤᠲᠤᠭ ᠢ ᠵᠠᠬᠢᠷᠤᠭᠤᠯᠤᠭᠰᠠᠨ ᠪᠠᠢᠨ᠎ᠠ᠃ 44 ᠹᠠᠷᠠᠣ᠋ ᠶᠣᠰᠧᠹ ᠲᠤ᠄ 《ᠪᠢ ᠪᠣᠯ ᠹᠠᠷᠠᠣ᠋᠃ ᠭᠡᠪᠡᠴᠦ ᠴᠢᠨᠦ ᠵᠥᠪᠰᠢᠶᠡᠷᠡᠯ ᠦᠭᠡᠢ ᠪᠠᠷ ᠭᠠᠷ ᠬᠥᠯ ᠢᠶᠡᠨ ᠡᠷᠭᠦᠬᠦ ᠬᠥᠮᠦᠨ ᠶᠧᠵᠢᠫᠲ ᠳᠠᠶᠠᠭᠠᠷ ᠪᠠᠢᠬᠤ ᠦᠭᠡᠢ ᠪᠣᠯᠣᠨ᠎ᠠ》 ᠭᠡᠵᠦ ᠬᠡᠯᠡᠪᠡ᠃ 45 ᠲᠡᠭᠡᠭᠡᠳ ᠹᠠᠷᠠᠣ᠋ ᠶᠣᠰᠧᠹ ᠲᠤ ᠽᠠᠹᠧᠨᠠᠲ ᠫᠠᠨᠧᠶ᠎ᠠ ᠭᠡᠳᠡᠭ ᠨᠡᠷ᠎ᠡ ᠬᠠᠢᠷᠠᠯᠠᠵᠤ᠂ ᠲᠡᠭᠦᠨ ᠳᠦ ᠣᠨ ᠬᠣᠲᠠ ᠶᠢᠨ ᠲᠠᠬᠢᠯᠴᠢ ᠫᠣᠲ᠋ᠢᠹᠠᠷ ᠤᠨ ᠥᠬᠢᠨ ᠠᠰᠧᠨᠠᠲ ᠢ ᠡᠬᠡᠨᠡᠷ ᠪᠣᠯᠭᠠᠨ ᠥᠭᠪᠡ᠃ ᠡᠢᠨ ᠬᠦ ᠶᠣᠰᠧᠹ ᠶᠧᠵᠢᠫᠲ ᠤᠨ ᠪᠦᠬᠦ ᠭᠠᠵᠠᠷ ᠨᠤᠲᠤᠭ ᠢᠶᠠᠷ ᠠᠶᠠᠯᠠᠪᠠ᠃

46 ᠶᠣᠰᠧᠹ ᠶᠧᠵᠢᠫᠲ ᠤᠨ ᠬᠠᠭᠠᠨ ᠹᠠᠷᠠᠣ᠋ ᠶᠢᠨ ᠡᠮᠦᠨ᠎ᠡ ᠵᠣᠭᠰᠣᠬᠤ ᠳᠠᠭᠠᠨ ᠭᠤᠴᠢᠨ ᠨᠠᠰᠤᠲᠠᠢ ᠪᠠᠢᠯ᠎ᠠ᠃ ᠶᠣᠰᠧᠹ ᠹᠠᠷᠠᠣ᠋ ᠡᠴᠡ ᠠᠶᠠᠷᠯᠠᠭᠠᠳ᠂ ᠶᠧᠵᠢᠫᠲ ᠤᠨ ᠪᠦᠬᠦ ᠭᠠᠵᠠᠷ ᠨᠤᠲᠤᠭ ᠢᠶᠠᠷ ᠠᠶᠠᠯᠠᠭᠰᠠᠨ ᠪᠠᠢᠨ᠎ᠠ᠃ 47 ᠥᠩ ᠲᠡᠢ ᠳᠣᠯᠣᠭᠠᠨ ᠵᠢᠯ ᠤᠨ ᠲᠤᠷᠰᠢᠳᠠ ᠲᠡᠷᠡ ᠨᠤᠲᠤᠭ ᠲᠤ ᠡᠯᠪᠡᠭ ᠬᠤᠷᠢᠶᠠᠯᠲᠠ ᠣᠯᠣᠭᠰᠠᠨ ᠪᠠᠢᠨ᠎ᠠ᠃ 48 ᠥᠩ ᠲᠡᠢ ᠳᠣᠯᠣᠭᠠᠨ ᠵᠢᠯ ᠢᠶᠠᠷ ᠶᠣᠰᠧᠹ ᠶᠧᠵᠢᠫᠲ ᠤᠨ ᠪᠦᠬᠦ ᠠᠮᠤ ᠬᠦᠨᠡᠰᠦ ᠶᠢ ᠬᠤᠷᠢᠶᠠᠨ ᠠᠪᠴᠤ᠂ ᠬᠣᠲᠠ ᠨᠤᠭᠤᠳ ᠲᠤ ᠬᠠᠳᠠᠭᠠᠯᠠᠨ᠂ ᠬᠣᠲᠠ ᠶᠢᠨ ᠡᠷᠭᠢᠨ ᠲᠣᠭᠣᠷᠢᠨ ᠤ ᠲᠠᠷᠢᠶᠠᠨ ᠠᠴᠠ ᠬᠤᠷᠢᠶᠠᠭᠰᠠᠨ ᠠᠮᠤ ᠬᠦᠨᠡᠰᠦ ᠶᠢ ᠬᠣᠲᠠ ᠪᠦᠷᠢ ᠳᠦᠨᠢ ᠨᠥᠭᠡᠴᠡᠯᠡᠪᠡ᠃ 49 ᠶᠣᠰᠧᠹ ᠤᠨ ᠬᠤᠷᠢᠶᠠᠭᠰᠠᠨ ᠲᠠᠷᠢᠶ᠎ᠠ ᠳᠠᠯᠠᠢ ᠶᠢᠨ ᠡᠯᠡᠰᠦ ᠮᠡᠲᠦ ᠲᠣᠭᠠᠯᠠᠰᠢ ᠦᠭᠡᠢ ᠠᠷᠪᠢᠨ ᠪᠣᠯᠬᠣᠷ ᠲᠡᠭᠦᠨ ᠢ ᠪᠠᠨ ᠲᠣᠭᠠᠯᠠᠬᠤ ᠪᠠᠨ ᠴᠤ ᠪᠣᠯᠢᠵᠠᠢ᠃

50 ᠥᠯᠥᠰᠬᠥᠯᠡᠩ ᠦᠨ ᠵᠢᠯ ᠤᠳ ᠠᠴᠠ ᠡᠮᠦᠨ᠎ᠡ ᠶᠣᠰᠧᠹ ᠲᠤ ᠬᠣᠶᠠᠷ ᠬᠦᠦ ᠲᠥᠷᠥᠭᠰᠡᠨ ᠪᠠᠢᠨ᠎ᠠ᠃ ᠲᠡᠳᠡ ᠨᠠᠷ ᠢ ᠣᠨ ᠬᠣᠲᠠ ᠶᠢᠨ ᠲᠠᠬᠢᠯᠴᠢ ᠫᠣᠲ᠋ᠢᠹᠠᠷ ᠤᠨ ᠥᠬᠢᠨ ᠠᠰᠧᠨᠠᠲ ᠶᠣᠰᠧᠹ ᠲᠤ ᠲᠥᠷᠥᠭᠦᠯᠵᠦ ᠥᠭᠴᠡᠢ᠃ 51 ᠶᠣᠰᠧᠹ 《ᠪᠤᠷᠬᠠᠨ ᠮᠢᠨᠦ ᠪᠦᠬᠦ ᠵᠦᠳᠡᠷᠡᠯ ᠬᠢᠭᠡᠳ ᠮᠢᠨᠦ ᠡᠴᠢᠭᠡ ᠶᠢᠨ ᠪᠦᠬᠦ ᠭᠡᠷ ᠦᠨ ᠬᠢᠨ ᠢ ᠨᠠᠳᠠ ᠳᠤ ᠮᠠᠷᠲᠠᠭᠤᠯᠵᠠᠢ》 ᠭᠡᠳ ᠤᠤᠭᠠᠨ ᠬᠦᠦ ᠪᠡᠨ ᠮᠠᠨᠠᠰᠧ 74 ᠭᠡᠵᠦ ᠨᠡᠷᠡᠯᠡᠪᠡ᠃ 52 ᠤᠳᠠᠭᠠᠬᠢ ᠬᠦᠦ ᠳᠡᠭᠡᠨ ᠲᠡᠷᠡ 《ᠪᠤᠷᠬᠠᠨ ᠮᠢᠨᠦ ᠵᠣᠪᠠᠯᠠᠩ ᠤᠨ ᠭᠠᠵᠠᠷ ᠲᠤ ᠨᠠᠮᠠᠶᠢ ᠦᠷ᠎ᠡ ᠵᠢᠮᠢᠰ ᠲᠠᠢ ᠪᠣᠯᠭᠠᠵᠠᠢ》 ᠭᠡᠳ ᠡᠹᠷᠠᠢᠮ 75 ᠭᠡᠵᠦ ᠨᠡᠷᠡᠯᠡᠪᠡ᠃

53 ᠶᠧᠵᠢᠫᠲ ᠣᠷᠣᠨ ᠤ ᠥᠩ ᠲᠡᠢ ᠳᠣᠯᠣᠭᠠᠨ ᠵᠢᠯ ᠳᠠᠭᠤᠰᠴᠤ᠂ 54 ᠶᠣᠰᠧᠹ ᠤᠨ ᠬᠡᠯᠡᠭᠰᠡᠨ ᠶᠣᠰᠣᠭᠠᠷ ᠥᠯᠥᠰᠬᠥᠯᠡᠩ ᠦᠨ ᠳᠣᠯᠣᠭᠠᠨ ᠵᠢᠯ ᠡᠬᠢᠯᠡᠭᠰᠡᠨ ᠪᠠᠢᠯ᠎ᠠ᠃ ᠪᠦᠬᠦ ᠭᠠᠵᠠᠷ ᠨᠤᠲᠤᠭ ᠲᠤ ᠥᠯᠥᠰᠬᠥᠯᠡᠩ ᠭᠠᠴᠢᠭ ᠪᠣᠯᠣᠭᠰᠠᠨ ᠪᠣᠯᠪᠠᠴᠤ ᠶᠧᠵᠢᠫᠲ ᠤᠨ ᠪᠦᠬᠦ ᠨᠤᠲᠤᠭ ᠠᠮᠤ ᠬᠦᠨᠡᠰᠦ ᠲᠠᠢ ᠪᠠᠢᠭᠰᠠᠨ᠃ 55 ᠭᠡᠬᠦ ᠳᠡᠭᠡᠨ ᠶᠧᠵᠢᠫᠲ ᠤᠨ ᠪᠦᠬᠦ ᠨᠤᠲᠤᠭ ᠲᠤ ᠥᠯᠥᠰᠬᠥᠯᠡᠩ ᠪᠣᠯᠵᠤ᠂ ᠬᠥᠮᠦᠨ ᠠᠷᠠᠳ ᠨᠢ ᠠᠮᠤ ᠬᠦᠨᠡᠰᠦᠨ ᠦ ᠲᠥᠯᠥᠭᠡ ᠹᠠᠷᠠᠣ᠋ ᠡᠴᠡ ᠬᠠᠰᠬᠢᠷᠤᠨ ᠭᠤᠶᠤᠭᠰᠠᠨ ᠳᠤ᠂ ᠹᠠᠷᠠᠣ᠋ ᠪᠦᠬᠦ ᠶᠧᠵᠢᠫᠲ᠋ᠴᠦᠳ ᠲᠦ᠄ 《ᠶᠣᠰᠧᠹ ᠤᠷᠤᠭᠤ ᠣᠴᠢᠵᠤ᠂ ᠲᠡᠭᠦᠨ ᠦ ᠬᠡᠯᠡᠬᠦ ᠶᠣᠰᠣᠭᠠᠷ ᠬᠢ》 ᠭᠡᠪᠡ᠃ 56 ᠪᠦᠬᠦ ᠨᠤᠲᠤᠭ ᠳᠠᠶᠠᠭᠠᠷ ᠥᠯᠥᠰᠬᠥᠯᠡᠩ ᠪᠣᠯᠣᠭᠰᠠᠨ ᠳᠤ᠂ ᠶᠣᠰᠧᠹ ᠬᠥᠮᠥᠷᠭᠡ ᠨᠦᠭᠦᠳ ᠢ ᠨᠡᠭᠡᠭᠡᠵᠦ᠂ ᠶᠧᠵᠢᠫᠲ᠋ᠴᠦᠳ ᠲᠦ ᠬᠤᠳᠠᠯᠳᠤᠵᠠᠢ᠃ ᠶᠧᠵᠢᠫᠲ ᠳᠠᠶᠠᠭᠠᠷ ᠥᠯᠥᠰᠬᠥᠯᠡᠩ ᠭᠠᠴᠢᠭ ᠰᠢᠷᠦᠭᠦᠰᠴᠦ ᠪᠠᠢᠭᠰᠠᠨ ᠪᠣᠯᠪᠠᠴᠤ 57 ᠪᠤᠰᠤᠳ ᠤᠯᠤᠰ ᠣᠷᠣᠨ ᠤ ᠬᠢᠨ ᠶᠧᠵᠢᠫᠲ ᠤᠷᠤᠭᠤ ᠢᠷᠡᠵᠦ᠂ ᠠᠮᠤ ᠬᠦᠨᠡᠰᠦ ᠬᠤᠳᠠᠯᠳᠤᠵᠤ ᠠᠪᠬᠤ ᠪᠠᠷ ᠶᠣᠰᠧᠹ ᠳᠡᠭᠡᠷ᠎ᠡ ᠣᠴᠢᠳᠠᠭ ᠪᠠᠢᠯ᠎ᠠ᠃ ᠪᠦᠬᠦ ᠭᠠᠵᠠᠷ ᠲᠤ ᠥᠯᠥᠰᠬᠥᠯᠡᠩ ᠭᠠᠴᠢᠭ ᠰᠢᠷᠦᠭᠦᠰᠴᠦ ᠪᠠᠢᠪᠠ᠃