1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠭᠤᠷᠪᠠ
 ᠬᠥᠮᠦᠨ ᠲᠥᠷᠥᠯᠬᠢᠲᠡᠨ ᠦ ᠳᠣᠷᠣᠢᠲᠠᠯ

1 ᠶᠣᠬᠣᠸᠠ ᠪᠤᠷᠬᠠᠨ ᠤ ᠵᠣᠬᠢᠶᠠᠭᠰᠠᠨ ᠬᠡᠭᠡᠷ᠎ᠡ ᠶᠢᠨ ᠠᠮᠢᠲᠠᠨ ᠤ ᠳᠣᠲᠣᠷ᠎ᠠ ᠠᠴᠠ ᠬᠠᠮᠤᠭ ᠤᠨ ᠢᠯᠡᠭᠦᠦ ᠵᠠᠯᠢ ᠲᠠᠢ ᠨᠢ ᠮᠣᠭᠠᠢ ᠪᠠᠢᠵᠠᠢ᠃ ᠲᠡᠷᠡ ᠪᠡᠷ ᠡᠮᠡᠭᠲᠡᠢ ᠳᠦ᠄ 《〈ᠴᠡᠴᠡᠷᠯᠢᠭ ᠤᠨ ᠪᠦᠬᠦ ᠮᠣᠳᠣᠨ ᠠᠴᠠ ᠪᠦᠦ ᠢᠳᠡ〉 ᠭᠡᠵᠦ ᠪᠤᠷᠬᠠᠨ ᠲᠠ ᠨᠠᠷ ᠲᠤ ᠦᠨᠡᠬᠡᠷ ᠬᠡᠯᠡᠭᠰᠡᠨ ᠤᠤ︖》 ᠭᠡᠰᠡᠨ ᠳᠦ᠂ 2 ᠡᠮᠡᠭᠲᠡᠢ ᠨᠢ ᠮᠣᠭᠠᠢ ᠳᠤ᠄ 《ᠪᠢᠳᠡ ᠴᠡᠴᠡᠷᠯᠢᠭ ᠤᠨ ᠮᠣᠳᠣᠨ ᠤ ᠵᠢᠮᠢᠰ ᠡᠴᠡ ᠢᠳᠡᠵᠦ ᠪᠣᠯᠣᠨ᠎ᠠ ᠯᠠ ᠳᠠ᠃ 3 ᠭᠡᠪᠡᠴᠦ ᠴᠡᠴᠡᠷᠯᠢᠭ ᠤᠨ ᠭᠣᠣᠯ ᠳᠤ ᠪᠠᠢᠭ᠎ᠠ ᠮᠣᠳᠣᠨ ᠤ ᠵᠢᠮᠢᠰ ᠤᠨ ᠲᠤᠬᠠᠢ ᠳᠤ ᠪᠤᠷᠬᠠᠨ᠄ 〈ᠲᠡᠭᠦᠨ ᠡᠴᠡ ᠪᠦᠦ ᠢᠳᠡ᠂ ᠲᠡᠭᠦᠨ ᠳᠦ ᠪᠦᠦ ᠬᠦᠷ᠂ ᠡᠰᠡ ᠲᠡᠭᠡᠪᠡᠯ ᠲᠠ ᠨᠠᠷ ᠦᠬᠦᠨ᠎ᠡ〉 ᠭᠡᠵᠦ ᠠᠢᠯᠠᠳᠤᠭᠰᠠᠨ》 ᠭᠡᠪᠡ᠃ 4 ᠮᠣᠭᠠᠢ ᠡᠮᠡᠭᠲᠡᠢ ᠳᠦ᠄ 《ᠲᠠ ᠨᠠᠷ ᠶᠡᠷᠦ ᠡᠴᠡ ᠦᠬᠦᠬᠦ ᠦᠭᠡᠢ᠃ 5 ᠲᠠ ᠨᠠᠷ ᠲᠡᠭᠦᠨ ᠡᠴᠡ ᠢᠳᠡᠭᠰᠡᠨ ᠲᠡᠷᠡ ᠡᠳᠦᠷ ᠲᠡᠭᠡᠨ ᠯᠠ ᠨᠢᠳᠦ ᠴᠢᠨᠢ ᠨᠡᠭᠡᠭᠡᠭᠳᠡᠨ ᠪᠤᠷᠬᠠᠨ ᠰᠢᠭ᠋ ᠪᠣᠯᠵᠤ᠂ ᠰᠠᠢᠨ ᠮᠠᠭᠤ ᠶᠢ ᠮᠡᠳᠡᠬᠦ ᠪᠣᠯᠣᠨ᠎ᠠ᠂ ᠡᠭᠦᠨ ᠢ ᠪᠤᠷᠬᠠᠨ ᠰᠠᠢᠨ ᠮᠡᠳᠡᠨ᠎ᠡ ᠳᠠ》 ᠭᠡᠵᠡᠢ᠃ 6 ᠡᠮᠡᠭᠲᠡᠢ ᠬᠠᠷᠠᠬᠤ ᠳᠤ᠂ ᠲᠡᠷᠡ ᠮᠣᠳᠣ ᠨᠢ ᠬᠦᠨᠡᠰᠦ ᠪᠣᠯᠬᠤ ᠳᠤ ᠰᠠᠢᠨ᠂ ᠨᠢᠳᠦ ᠪᠤᠯᠢᠶᠠᠮ᠎ᠠ᠂ ᠤᠬᠠᠭᠠᠨ ᠲᠠᠢ ᠪᠣᠯᠭᠠᠮᠠᠷ ᠬᠦᠰᠡᠭᠦᠰᠢᠲᠡᠢ ᠪᠠᠢᠵᠠᠢ᠃ ᠡᠮᠡᠭᠲᠡᠢ ᠵᠢᠮᠢᠰ ᠡᠴᠡ ᠨᠢ ᠠᠪᠴᠤ ᠢᠳᠡᠭᠰᠡᠨ ᠪᠥᠭᠡᠳ ᠬᠠᠮᠲᠤ ᠪᠠᠢᠭᠰᠠᠨ ᠨᠥᠬᠥᠷ ᠲᠡᠭᠡᠨ ᠴᠤ ᠥᠭᠭᠥᠭᠰᠡᠨ ᠳᠦ᠂ ᠲᠡᠷᠡ ᠪᠠᠰᠠ ᠢᠳᠡᠵᠡᠢ᠃ 7 ᠲᠡᠭᠡᠲᠡᠯ᠎ᠡ ᠲᠡᠷᠡ ᠬᠣᠶᠠᠷ ᠤᠨ ᠨᠢᠳᠦ ᠨᠡᠭᠡᠭᠡᠭᠳᠡᠵᠦ ᠨᠢᠴᠦᠭᠦᠨ ᠪᠠᠢᠭ᠎ᠠ ᠪᠠᠨ ᠣᠯᠵᠤ ᠮᠡᠳᠡᠪᠡ᠃ ᠲᠡᠳᠡ ᠢᠨᠵᠢᠷ ᠮᠣᠳᠣᠨ ᠤ ᠨᠠᠪᠴᠢᠰ ᠢ ᠬᠣᠭᠣᠷᠣᠨᠳᠣ ᠨᠢ ᠬᠣᠯᠪᠣᠵᠤ ᠥᠪᠡᠷᠰᠡᠳ ᠲᠡᠭᠡᠨ ᠬᠣᠷᠮᠣᠢᠪᠴᠢ ᠬᠢᠵᠡᠢ᠃

8 ᠡᠳᠦᠷ ᠦᠨ ᠰᠡᠷᠢᠭᠦᠨ ᠦ ᠦᠶ᠎ᠡ ᠳᠦ᠂ ᠶᠣᠬᠣᠸᠠ ᠪᠤᠷᠬᠠᠨ ᠤ ᠴᠡᠴᠡᠷᠯᠢᠭ ᠳᠤᠮᠳᠠᠭᠤᠷ ᠠᠯᠬᠤᠵᠤ ᠶᠠᠪᠤᠭ᠎ᠠ ᠴᠢᠮᠡᠭᠡ ᠶᠢ ᠰᠣᠨᠣᠰᠣᠭᠠᠳ᠂ ᠠᠳᠠᠮ ᠡᠬᠡᠨᠡᠷ ᠲᠡᠢ ᠪᠡᠨ ᠬᠣᠶᠠᠭᠤᠯᠠ ᠶᠣᠬᠣᠸᠠ ᠪᠤᠷᠬᠠᠨ ᠤ ᠣᠷᠣᠰᠢᠬᠤᠢ ᠠᠴᠠ ᠵᠠᠢᠯᠠᠨ ᠴᠡᠴᠡᠷᠯᠢᠭ ᠤᠨ ᠮᠣᠳᠣᠳ ᠤᠨ ᠳᠤᠮᠳᠠ ᠨᠢᠭᠤᠭᠳᠠᠵᠠᠢ᠃ 9 ᠶᠣᠬᠣᠸᠠ ᠪᠤᠷᠬᠠᠨ ᠠᠳᠠᠮ ᠢ ᠳᠠᠭᠤᠳᠠᠵᠤ᠄ 《ᠴᠢ ᠬᠠᠮᠢᠭ᠎ᠠ ᠪᠠᠢᠨ᠎ᠠ ᠪᠤᠢ︖》 ᠭᠡᠰᠡᠨ ᠳᠦ᠂ 10 ᠲᠡᠷᠡ᠄ 《ᠪᠢ ᠴᠡᠴᠡᠷᠯᠢᠭ ᠲᠤ ᠲᠠᠨ ᠤ ᠴᠢᠮᠡᠭᠡ ᠶᠢ ᠰᠣᠨᠣᠰᠣᠭᠰᠠᠨ᠃ ᠪᠢ ᠨᠢᠴᠦᠭᠦᠨ ᠪᠣᠯᠬᠣᠷ ᠠᠶᠤᠵᠤ᠂ ᠨᠢᠭᠤᠭᠳᠠᠭᠰᠠᠨ ᠶᠤᠮ》 ᠭᠡᠪᠡ᠃ 11 ᠪᠤᠷᠬᠠᠨ᠄ 《ᠴᠢᠮᠠᠶᠢ ᠨᠢᠴᠦᠭᠦᠨ ᠭᠡᠵᠦ ᠬᠡᠨ ᠴᠢᠮ᠎ᠠ ᠳᠤ ᠬᠡᠯᠡᠭᠰᠡᠨ ᠪᠤᠢ︖ ᠪᠦᠦ ᠢᠳᠡ ᠭᠡᠵᠦ ᠮᠢᠨᠦ ᠴᠢᠮ᠎ᠠ ᠳᠤ ᠲᠤᠰᠢᠶᠠᠭᠰᠠᠨ ᠲᠡᠷᠡ ᠮᠣᠳᠣᠨ ᠤ ᠵᠢᠮᠢᠰ ᠡᠴᠡ ᠴᠢ ᠢᠳᠡᠭᠰᠡᠨ ᠤᠤ︖》 ᠭᠡᠬᠦ ᠳᠦ᠂ 12 ᠬᠥᠮᠦᠨ᠄ 《ᠨᠠᠳᠠ ᠲᠠᠢ ᠬᠠᠮᠲᠤ ᠪᠠᠢᠯᠭᠠᠬᠤ ᠪᠠᠷ ᠲᠠᠨ ᠤ ᠥᠭᠭᠥᠭᠰᠡᠨ ᠡᠮᠡᠭᠲᠡᠢ ᠨᠠᠳᠠ ᠳᠤ ᠨᠥᠭᠥᠭᠡ ᠮᠣᠳᠣᠨ ᠤ ᠵᠢᠮᠢᠰ ᠡᠴᠡ ᠥᠭᠭᠥᠭᠰᠡᠨ᠂ ᠲᠡᠭᠡᠭᠡᠳ ᠯᠠ ᠪᠢ ᠢᠳᠡᠭᠰᠡᠨ》 ᠭᠡᠯ᠎ᠡ᠃ 13 ᠶᠣᠬᠣᠸᠠ ᠪᠤᠷᠬᠠᠨ ᠲᠡᠷᠡ ᠡᠮᠡᠭᠲᠡᠢ ᠳᠦ᠄ 《ᠴᠢ ᠶᠠᠭᠤ ᠬᠢᠴᠢᠬᠡ ᠨᠢ ᠡᠨᠡ ᠪᠤᠢ︖》 ᠭᠡᠰᠡᠨ ᠳᠦ᠂ ᠲᠡᠷᠡ ᠡᠮᠡᠭᠲᠡᠢ᠄ 《ᠨᠥᠭᠥᠭᠡ ᠮᠣᠭᠠᠢ ᠨᠠᠮᠠᠶᠢ ᠮᠡᠬᠡᠯᠡᠭᠰᠡᠨ ᠡᠴᠡ ᠪᠢ ᠢᠳᠡᠭᠰᠡᠨ》 ᠭᠡᠪᠡ᠃ 14 ᠶᠣᠬᠣᠸᠠ ᠪᠤᠷᠬᠠᠨ ᠲᠡᠷᠡ ᠮᠣᠭᠠᠢ ᠳᠤ᠄ 《ᠡᠢᠮᠦ ᠶᠠᠭᠤᠮ᠎ᠠ ᠬᠢᠭᠰᠡᠨ ᠲᠤᠯᠠ ᠴᠢ ᠡᠨᠡ ᠪᠦᠬᠦ ᠮᠠᠯ ᠠᠳᠤᠭᠤᠰᠤ᠂ ᠬᠡᠭᠡᠷ᠎ᠡ ᠶᠢᠨ ᠠᠯᠢᠪᠠ ᠠᠮᠢᠲᠠᠨ ᠠᠴᠠ ᠢᠯᠡᠭᠦᠦ ᠪᠡᠷ ᠬᠠᠷᠢᠶᠠᠭᠳᠠᠪᠠ ᠠᠮᠢᠳᠤ ᠶᠢᠨ ᠪᠦᠬᠦᠢᠯᠡ ᠡᠳᠦᠷ ᠢᠶᠡᠨ ᠴᠢ ᠬᠡᠪᠡᠯᠢ ᠪᠠᠷ ᠢᠶᠠᠨ ᠮᠥᠯᠬᠥᠵᠦ ᠰᠢᠷᠣᠢ ᠢᠳᠡᠬᠦ ᠪᠣᠯᠪᠠ᠃
15 ᠴᠢ ᠪᠣᠯᠣᠨ ᠲᠡᠷᠡ ᠡᠮ᠎ᠡ ᠶᠢᠨ ᠬᠣᠭᠣᠷᠣᠨᠳᠣ ᠴᠢᠨᠦ ᠦᠷ᠎ᠡ ᠪᠣᠯᠣᠨ ᠲᠡᠷᠡ ᠡᠮ᠎ᠡ ᠶᠢᠨ ᠦᠷ᠎ᠡ ᠶᠢᠨ ᠬᠣᠭᠣᠷᠣᠨᠳᠣ ᠪᠢ ᠳᠠᠢᠰᠤᠩᠨᠠᠯ ᠢ ᠣᠷᠣᠭᠤᠯᠤᠨ᠎ᠠ᠂ ᠲᠡᠷᠡ ᠡᠮ᠎ᠡ ᠶᠢᠨ ᠦᠷ᠎ᠡ ᠲᠣᠯᠣᠭᠠᠢ ᠶᠢ ᠴᠢᠨᠢ ᠪᠢᠴᠠᠯᠤᠨ᠎ᠠ ᠲᠡᠭᠦᠨ ᠦ ᠦᠷ᠎ᠡ ᠶᠢᠨ ᠥᠰᠥᠭᠡᠢ ᠶᠢ ᠴᠢ ᠨᠢᠴᠠᠯᠤᠨ᠎ᠠ》 ᠭᠡᠳ
16 ᠲᠡᠷᠡ ᠡᠮᠡᠭᠲᠡᠢ ᠳᠦ᠄ 《ᠦᠯᠡᠮᠵᠢ ᠶᠡᠬᠡ ᠪᠡᠷ ᠪᠢ ᠵᠢᠷᠮᠦᠰᠦᠨ ᠦ ᠴᠢᠨᠢ ᠵᠣᠪᠠᠯᠠᠩ ᠢ ᠨᠡᠮᠡᠭᠳᠡᠭᠦᠯᠦᠨ᠎ᠡ ᠦᠷ᠎ᠡ ᠬᠡᠦᠬᠡᠳ ᠢᠶᠡᠨ ᠴᠢ ᠵᠣᠪᠠᠯᠠᠩ ᠳᠣᠲᠣᠷ᠎ᠠ ᠲᠥᠷᠥᠭᠦᠯᠦᠨ᠎ᠡ ᠴᠢ ᠡᠷ᠎ᠡ ᠪᠡᠨ ᠬᠦᠰᠡᠮᠵᠢᠯᠡᠨ᠎ᠡ ᠲᠡᠷᠡ ᠴᠢᠮᠠᠶᠢ ᠵᠠᠬᠢᠷᠤᠨ᠎ᠠ 5 》 ᠭᠡᠪᠡ᠃
17 ᠲᠡᠷᠡ ᠠᠳᠠᠮ ᠳᠤ᠄ 《ᠡᠬᠡᠨᠡᠷ ᠦᠨ ᠢᠶᠠᠨ ᠦᠭᠡ ᠶᠢ ᠴᠢ ᠰᠣᠨᠣᠰᠴᠤ᠂ 〈ᠲᠡᠭᠦᠨ ᠡᠴᠡ ᠪᠦᠦ ᠢᠳᠡ︕〉 ᠭᠡᠵᠦ ᠮᠢᠨᠦ ᠲᠤᠰᠢᠶᠠᠭᠰᠠᠨ ᠮᠣᠳᠣᠨ ᠠᠴᠠ ᠢᠳᠡᠭᠰᠡᠨ ᠤᠴᠢᠷ ᠴᠢᠮ᠎ᠠ ᠠᠴᠠ ᠪᠣᠯᠣᠭᠠᠳ ᠬᠥᠷᠥᠰᠥᠲᠦ ᠭᠠᠵᠠᠷ ᠬᠠᠷᠢᠶᠠᠭᠳᠠᠪᠠ ᠠᠮᠢᠳᠤ ᠶᠢᠨ ᠢᠶᠠᠨ ᠪᠦᠬᠦᠢᠯᠡ ᠡᠳᠦᠷ ᠢᠶᠡᠨ ᠴᠢ ᠵᠣᠪᠠᠯᠠᠩ ᠲᠠᠢ ᠪᠠᠷ ᠲᠡᠭᠦᠨ ᠡᠴᠡ ᠬᠣᠭᠣᠯᠠᠯᠠᠨ᠎ᠠ᠃
18 ᠲᠡᠷᠡ ᠴᠢᠨᠦ ᠲᠥᠯᠥᠭᠡ ᠠᠵᠢᠷᠭᠠᠨ᠎ᠠ ᠬᠠᠯᠠᠭᠠᠢ ᠤᠷᠭᠤᠭᠤᠯᠤᠨ᠎ᠠ ᠴᠢ ᠬᠡᠭᠡᠷ᠎ᠡ ᠡᠴᠡ ᠨᠣᠭᠣᠭ᠎ᠠ ᠢᠳᠡᠬᠦ ᠪᠣᠯᠣᠨ᠎ᠠ᠃
19 ᠴᠢ ᠰᠢᠷᠣᠢ ᠳᠤ ᠪᠤᠴᠠᠲᠠᠯ᠎ᠠ ᠪᠠᠨ ᠮᠠᠩᠨᠠᠢ ᠶᠢᠨ ᠢᠶᠠᠨ ᠬᠥᠯᠥᠰᠥ ᠶᠢ ᠳᠤᠰᠤᠯᠠᠭᠤᠯᠤᠨ ᠪᠠᠢᠵᠤ ᠬᠣᠭᠣᠯᠠ ᠪᠠᠨ ᠣᠯᠵᠤ ᠢᠳᠡᠨ᠎ᠡ ᠴᠢ ᠲᠡᠨᠳᠡ ᠡᠴᠡ ᠠᠪᠤᠭᠳᠠᠭᠰᠠᠨ᠂ ᠴᠢ ᠰᠢᠷᠣᠢ ᠪᠣᠯᠬᠣᠷ ᠰᠢᠷᠣᠢ ᠳᠤ ᠪᠤᠴᠠᠬᠤ ᠪᠣᠯᠣᠨ᠎ᠠ》 ᠭᠡᠵᠡᠢ᠃

20 ᠠᠳᠠᠮ ᠡᠬᠡᠨᠡᠷ ᠢᠶᠡᠨ ᠬᠠᠸᠠ 6 ᠭᠡᠵᠦ ᠨᠡᠷᠡᠯᠡᠵᠡᠢ᠃ ᠤᠴᠢᠷ ᠨᠢ ᠲᠡᠷᠡ ᠠᠮᠢᠳᠤ ᠬᠥᠮᠦᠨ ᠪᠦᠬᠦᠨ ᠦ ᠡᠬᠡ ᠪᠣᠯᠣᠭᠰᠠᠨ ᠠᠵᠢ᠃ 21 ᠶᠣᠬᠣᠸᠠ ᠪᠤᠷᠬᠠᠨ ᠠᠷᠠᠰᠤᠨ ᠬᠤᠪᠴᠠᠰᠤ ᠬᠢᠵᠦ᠂ ᠠᠳᠠᠮ ᠪᠠ ᠲᠡᠭᠦᠨ ᠦ ᠡᠬᠡᠨᠡᠷ ᠲᠦ ᠡᠮᠦᠰᠬᠡᠵᠡᠢ᠃

22 ᠶᠣᠬᠣᠸᠠ ᠪᠤᠷᠬᠠᠨ᠄ 《ᠬᠠᠷᠠᠭᠲᠤᠨ︕ ᠬᠥᠮᠦᠨ ᠣᠳᠣ ᠪᠢᠳᠡᠨ ᠦ ᠨᠢᠭᠡ ᠲᠡᠢ ᠨᠢ ᠠᠳᠠᠯᠢ ᠪᠣᠯᠣᠭᠠᠳ ᠰᠠᠢᠨ ᠮᠠᠭᠤ ᠶᠢ ᠮᠡᠳᠡᠬᠦ ᠪᠣᠯᠣᠭᠰᠠᠨ᠃ ᠣᠳᠣ ᠲᠡᠷᠡ ᠭᠠᠷ ᠢᠶᠠᠨ ᠰᠤᠩ᠋ᠭᠠᠨ ᠠᠮᠢ ᠶᠢᠨ ᠮᠣᠳᠣᠨ ᠤ ᠵᠢᠮᠢᠰ ᠡᠴᠡ ᠪᠠᠰᠠ ᠠᠪᠴᠤ ᠢᠳᠡᠭᠡᠳ ᠮᠥᠩᠬᠡ ᠨᠠᠰᠤᠯᠠᠬᠤ ᠪᠣᠯᠣᠭᠤᠵᠠᠢ》 ᠭᠡᠵᠦ ᠠᠢᠯᠠᠳᠴᠠᠢ᠃ 23 ᠶᠣᠬᠣᠸᠠ ᠪᠤᠷᠬᠠᠨ ᠡᠳᠧᠨ ᠴᠡᠴᠡᠷᠯᠢᠭ ᠡᠴᠡ ᠬᠥᠮᠦᠨ ᠢ ᠬᠥᠭᠡᠭᠡᠵᠦ ᠭᠠᠷᠭᠠᠪᠠ᠃ ᠲᠡᠭᠡᠭᠡᠳ ᠰᠢᠷᠣᠢ ᠠᠴᠠ ᠠᠪᠤᠭᠳᠠᠭᠰᠠᠨ ᠬᠥᠮᠦᠨ ᠭᠠᠵᠠᠷ ᠰᠢᠷᠣᠢ ᠶᠢ ᠳᠣᠳᠣᠮᠳᠠᠬᠤ ᠪᠣᠯᠪᠠ᠃ 24 ᠲᠡᠢᠨ ᠬᠦ ᠪᠤᠷᠬᠠᠨ ᠲᠡᠷᠡ ᠬᠥᠮᠦᠨ ᠢ ᠬᠥᠭᠡᠭᠡᠭᠰᠡᠨ ᠦ ᠳᠠᠷᠠᠭ᠎ᠠ᠂ ᠺᠧᠷᠣᠪ ᠤᠳ ᠢ᠂ ᠨᠠᠰᠢ ᠴᠠᠰᠢ ᠡᠷᠭᠢᠯᠳᠦᠭᠴᠢ ᠭᠠᠯᠲᠤ ᠢᠯᠳᠦ ᠶᠢ ᠡᠳᠧᠨ ᠴᠡᠴᠡᠷᠯᠢᠭ ᠤᠨ ᠵᠡᠭᠦᠨ ᠲᠠᠯ᠎ᠠ ᠳᠤ ᠪᠠᠢᠷᠢᠯᠠᠭᠤᠯᠵᠤ᠂ ᠠᠮᠢ ᠶᠢᠨ ᠮᠣᠳᠣ ᠬᠦᠷᠬᠦ ᠵᠠᠮ ᠢ ᠰᠠᠬᠢᠭᠤᠯᠪᠠ᠃