1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠲᠠᠪᠤ
 ᠠᠳᠠᠮ ᠠᠴᠠ ᠨᠣᠶᠠ ᠬᠦᠷᠲᠡᠯ᠎ᠡ

1 ᠠᠳᠠᠮ ᠤᠨ ᠭᠡᠷ ᠦᠨ ᠴᠠᠳᠢᠭ᠄ ᠪᠤᠷᠬᠠᠨ ᠬᠥᠮᠦᠨ ᠢ ᠪᠦᠲᠦᠭᠡᠬᠦ ᠳᠡᠭᠡᠨ ᠪᠤᠷᠬᠠᠨ ᠲᠠᠢ ᠠᠳᠠᠯᠢᠬᠠᠨ ᠢᠶᠠᠷ ᠵᠣᠬᠢᠶᠠᠵᠤ᠂ 2 ᠡᠷᠡᠭᠲᠡᠢ ᠡᠮᠡᠭᠲᠡᠢ ᠬᠥᠮᠦᠨ ᠢ ᠪᠦᠲᠦᠭᠡᠵᠡᠢ᠃ ᠲᠡᠳᠡᠨ ᠢ ᠪᠦᠲᠦᠭᠡᠬᠦ ᠡᠳᠦᠷ ᠲᠡᠭᠡᠨ ᠪᠤᠷᠬᠠᠨ ᠲᠡᠳᠡᠨ ᠢ ᠢᠷᠥᠭᠡᠵᠦ᠂ ᠲᠡᠳᠡᠨ ᠢ ᠬᠥᠮᠦᠨ ᠭᠡᠵᠦ ᠨᠡᠷᠡᠯᠡᠵᠡᠢ᠃

3 ᠠᠳᠠᠮ ᠵᠠᠭᠤ ᠭᠤᠴᠢᠨ ᠨᠠᠰᠤ ᠲᠠᠢ ᠳᠠᠭᠠᠨ᠂ ᠥᠪᠡᠷ ᠲᠡᠢ ᠨᠢ ᠠᠳᠠᠯᠢᠬᠠᠨ᠂ ᠥᠪᠡᠷ ᠦᠨ ᠬᠢᠨᠢ ᠳᠦᠷᠢ ᠲᠥᠷᠬᠥ ᠲᠠᠢ ᠬᠦᠦ ᠲᠥᠷᠥᠭᠦᠯᠵᠦ᠂ ᠲᠡᠭᠦᠨ ᠢ ᠰᠧᠲ ᠭᠡᠵᠦ ᠨᠡᠷᠡᠯᠡᠪᠡ᠃ 4 ᠰᠧᠲ ᠢ ᠲᠥᠷᠥᠭᠦᠯᠦᠭᠰᠡᠨ ᠡᠴᠡ ᠬᠣᠢᠰᠢ ᠠᠳᠠᠮ ᠨᠠᠢ᠌ᠮᠠᠨ ᠵᠠᠭᠤᠨ ᠵᠢᠯ ᠠᠮᠢᠳᠤᠷᠠᠵᠤ᠂ ᠪᠠᠰᠠ ᠣᠯᠠᠨ ᠦᠷ᠎ᠡ ᠬᠡᠦᠬᠡᠳ ᠲᠡᠢ ᠪᠣᠯᠵᠠᠢ᠃ 5 ᠠᠳᠠᠮ ᠶᠢᠰᠦᠨ ᠵᠠᠭᠤ ᠭᠤᠴᠢ ᠨᠠᠰᠤᠯᠠᠭᠠᠳ ᠥᠭᠡᠳᠡ ᠪᠣᠯᠪᠠ᠃

6 ᠰᠧᠲ ᠵᠠᠭᠤ ᠲᠠᠪᠤᠨ ᠨᠠᠰᠤᠲᠠᠢ ᠪᠠᠢᠬᠤ ᠳᠤ ᠡᠨᠣᠱ ᠲᠥᠷᠥᠵᠡᠢ᠃ 7 ᠡᠨᠣᠱ ᠲᠥᠷᠥᠭᠰᠡᠨ ᠡᠴᠡ ᠬᠣᠢᠰᠢ ᠰᠧᠲ ᠨᠠᠢ᠌ᠮᠠᠨ ᠵᠠᠭᠤ ᠳᠣᠯᠣᠭᠠᠨ ᠵᠢᠯ ᠠᠮᠢᠳᠤᠷᠠᠵᠤ ᠦᠷ᠎ᠡ ᠬᠡᠦᠬᠡᠳ ᠲᠡᠢ ᠪᠣᠯᠵᠠᠢ᠃ 8 ᠰᠧᠲ ᠶᠢᠰᠦᠨ ᠵᠠᠭᠤ ᠠᠷᠪᠠᠨ ᠬᠣᠶᠠᠷ ᠨᠠᠰᠤᠯᠠᠭᠠᠳ ᠥᠭᠡᠳᠡ ᠪᠣᠯᠪᠠ᠃

9 ᠡᠨᠣᠱ ᠶᠡᠷᠡᠨ ᠨᠠᠰᠤᠲᠠᠢ ᠪᠠᠢᠬᠤ ᠳᠤ ᠺᠧᠨᠠᠨ ᠲᠥᠷᠥᠪᠡ᠃ 10 ᠺᠧᠨᠠᠨ ᠲᠥᠷᠥᠭᠰᠡᠨ ᠡᠴᠡ ᠬᠣᠢᠰᠢ ᠡᠨᠣᠱ ᠨᠠᠢ᠌ᠮᠠᠨ ᠵᠠᠭᠤ ᠠᠷᠪᠠᠨ ᠲᠠᠪᠤᠨ ᠵᠢᠯ ᠠᠮᠢᠳᠤᠷᠠᠵᠤ᠂ ᠦᠷ᠎ᠡ ᠬᠡᠦᠬᠡᠳ ᠲᠡᠢ ᠪᠣᠯᠵᠠᠢ᠃ 11 ᠡᠨᠣᠱ ᠶᠢᠰᠦᠨ ᠵᠠᠭᠤ ᠲᠠᠪᠤ ᠨᠠᠰᠤᠯᠠᠭᠠᠳ ᠥᠭᠡᠳᠡ ᠪᠣᠯᠪᠠ᠃

12 ᠺᠧᠨᠠᠨ ᠳᠠᠯᠠᠨ ᠨᠠᠰᠤᠲᠠᠢ ᠪᠠᠢᠬᠤ ᠳᠤ ᠮᠠᠬᠠᠯᠠᠯᠧᠯ ᠲᠥᠷᠥᠪᠡ᠃ 13 ᠮᠠᠬᠠᠯᠠᠯᠧᠯ ᠲᠥᠷᠥᠭᠰᠡᠨ ᠡᠴᠡ ᠬᠣᠢᠰᠢ ᠺᠧᠨᠠᠨ ᠨᠠᠢ᠌ᠮᠠᠨ ᠵᠠᠭᠤ ᠳᠥᠴᠢᠨ ᠵᠢᠯ ᠠᠮᠢᠳᠤᠷᠠᠵᠤ᠂ ᠦᠷ᠎ᠡ ᠬᠡᠦᠬᠡᠳ ᠲᠡᠢ ᠪᠣᠯᠪᠠ᠃ 14 ᠺᠧᠨᠠᠨ ᠶᠢᠰᠦᠨ ᠵᠠᠭᠤ ᠠᠷᠪᠠ ᠨᠠᠰᠤᠯᠠᠭᠠᠳ ᠥᠭᠡᠳᠡ ᠪᠣᠯᠪᠠ᠃

15 ᠮᠠᠬᠠᠯᠠᠯᠧᠯ ᠵᠢᠷᠠᠨ ᠲᠠᠪᠤᠨ ᠨᠠᠰᠤᠲᠠᠢ ᠪᠠᠢᠬᠤ ᠳᠤ ᠶᠠᠷᠧᠳ᠋ ᠲᠥᠷᠥᠪᠡ᠃ 16 ᠶᠠᠷᠧᠳ᠋ ᠲᠥᠷᠥᠭᠰᠡᠨ ᠡᠴᠡ ᠬᠣᠢᠰᠢ ᠮᠠᠬᠠᠯᠠᠯᠧᠯ ᠨᠠᠢ᠌ᠮᠠᠨ ᠵᠠᠭᠤᠨ ᠭᠤᠴᠢᠨ ᠵᠢᠯ ᠠᠮᠢᠳᠤᠷᠠᠵᠤ᠂ ᠦᠷ᠎ᠡ ᠬᠡᠦᠬᠡᠳ ᠲᠡᠢ ᠪᠣᠯᠪᠠ᠃ 17 ᠮᠠᠬᠠᠯᠠᠯᠧᠯ ᠨᠠᠢ᠌ᠮᠠᠨ ᠵᠠᠭᠤ ᠶᠡᠷᠡᠨ ᠲᠠᠪᠤ ᠨᠠᠰᠤᠯᠠᠭᠠᠳ ᠥᠭᠡᠳᠡ ᠪᠣᠯᠪᠠ᠃

18 ᠶᠠᠷᠧᠳ᠋ ᠵᠠᠭᠤ ᠵᠢᠷᠠᠨ ᠬᠣᠶᠠᠷ ᠨᠠᠰᠤᠲᠠᠢ ᠪᠠᠢᠬᠤ ᠳᠤ ᠡᠨᠣᠺ ᠲᠥᠷᠥᠪᠡ᠃ 19 ᠡᠨᠣᠺ ᠲᠥᠷᠥᠭᠰᠡᠨ ᠡᠴᠡ ᠬᠣᠢᠰᠢ ᠶᠠᠷᠧᠳ᠋ ᠨᠠᠢ᠌ᠮᠠᠨ ᠵᠠᠭᠤᠨ ᠵᠢᠯ ᠠᠮᠢᠳᠤᠷᠠᠵᠤ᠂ ᠦᠷ᠎ᠡ ᠬᠡᠦᠬᠡᠳ ᠲᠡᠢ ᠪᠣᠯᠪᠠ᠃ 20 ᠶᠠᠷᠧᠳ᠋ ᠶᠢᠰᠦᠨ ᠵᠠᠭᠤ ᠵᠢᠷᠠᠨ ᠬᠣᠶᠠᠷ ᠨᠠᠰᠤᠯᠠᠭᠠᠳ ᠥᠭᠡᠳᠡ ᠪᠣᠯᠪᠠ᠃

21 ᠡᠨᠣᠺ ᠵᠢᠷᠠᠨ ᠲᠠᠪᠤᠨ ᠨᠠᠰᠤᠲᠠᠢ ᠪᠠᠢᠬᠤ ᠳᠤ ᠮᠧᠲ᠋ᠦ᠋ᠰᠧᠯᠠ ᠲᠥᠷᠥᠪᠡ᠃ 22 ᠮᠧᠲ᠋ᠦ᠋ᠰᠧᠯᠠ ᠲᠥᠷᠥᠭᠰᠡᠨ ᠡᠴᠡ ᠬᠣᠢᠰᠢ ᠡᠨᠣᠺ ᠭᠤᠷᠪᠠᠨ ᠵᠠᠭᠤᠨ ᠵᠢᠯ ᠪᠤᠷᠬᠠᠨ ᠲᠠᠢ ᠬᠠᠮᠲᠤ ᠶᠠᠪᠤᠭᠰᠠᠭᠠᠷ ᠪᠠᠢᠵᠤ᠂ ᠦᠷ᠎ᠡ ᠬᠡᠦᠬᠡᠳ ᠲᠡᠢ ᠪᠣᠯᠪᠠ᠃ 23 ᠡᠨᠣᠺ ᠭᠤᠷᠪᠠᠨ ᠵᠠᠭᠤ ᠵᠢᠷᠠᠨ ᠲᠠᠪᠤ ᠨᠠᠰᠤᠯᠠᠪᠠ᠃ 24 ᠡᠨᠣᠺ ᠪᠤᠷᠬᠠᠨ ᠲᠠᠢ ᠬᠠᠮᠲᠤ ᠶᠠᠪᠤᠵᠤ ᠪᠠᠢᠭᠰᠠᠭᠠᠷ ᠠᠯᠠᠭ᠎ᠠ ᠪᠣᠯᠵᠠᠢ᠃ ᠪᠤᠷᠬᠠᠨ ᠲᠡᠭᠦᠨ ᠢ ᠠᠪᠠᠴᠢᠭᠰᠠᠨ ᠠᠵᠢ᠃

25 ᠮᠧᠲ᠋ᠦ᠋ᠰᠧᠯᠠ ᠵᠠᠭᠤ ᠨᠠᠶᠠᠨ ᠳᠣᠯᠣᠭᠠᠨ ᠨᠠᠰᠤᠲᠠᠢ ᠪᠠᠢᠬᠤ ᠳᠤ ᠯᠠᠮᠧᠺ ᠲᠥᠷᠥᠪᠡ᠃ 26 ᠯᠠᠮᠧᠺ ᠲᠥᠷᠥᠭᠰᠡᠨ ᠡᠴᠡ ᠬᠣᠢᠰᠢ ᠮᠧᠲ᠋ᠦ᠋ᠰᠧᠯᠠ ᠳᠣᠯᠣᠭᠠᠨ ᠵᠠᠭᠤ ᠨᠠᠶᠠᠨ ᠬᠣᠶᠠᠷ ᠵᠢᠯ ᠠᠮᠢᠳᠤᠷᠠᠵᠤ᠂ ᠪᠠᠰᠠ ᠣᠯᠠᠨ ᠦᠷ᠎ᠡ ᠬᠡᠦᠬᠡᠳ ᠲᠡᠢ ᠪᠣᠯᠵᠠᠢ᠃ 27 ᠮᠧᠲ᠋ᠦ᠋ᠰᠧᠯᠠ ᠨᠡᠢᠲᠡ ᠶᠢᠰᠦᠨ ᠵᠠᠭᠤ ᠵᠢᠷᠠᠨ ᠶᠢᠰᠦ ᠨᠠᠰᠤᠯᠠᠭᠠᠳ ᠥᠭᠡᠳᠡ ᠪᠣᠯᠪᠠ᠃

28 ᠯᠠᠮᠧᠺ ᠵᠠᠭᠤ ᠨᠠᠶᠠᠨ ᠬᠣᠶᠠᠷ ᠨᠠᠰᠤᠲᠠᠢ ᠪᠠᠢᠬᠤ ᠳᠤ ᠬᠦᠦ ᠲᠥᠷᠥᠪᠡ᠃ 29 ᠯᠠᠮᠧᠺ ᠲᠡᠭᠦᠨ ᠢ ᠨᠣᠶᠠ 11 ᠭᠡᠵᠦ ᠨᠡᠷᠡᠯᠡᠭᠡᠳ᠄ 《ᠡᠨᠡ ᠬᠦᠦ ᠪᠢᠳᠡᠨ ᠢ ᠶᠣᠬᠣᠸᠠ ᠶᠢᠨ ᠬᠠᠷᠢᠶᠠᠭᠰᠠᠨ ᠭᠠᠵᠠᠷ ᠠᠴᠠ ᠪᠣᠯᠣᠭᠰᠠᠨ ᠠᠵᠢᠯ ᠪᠠ ᠭᠠᠷ ᠤᠨ ᠮᠠᠨᠢ ᠵᠣᠪᠠᠯᠠᠩ ᠠᠴᠠ ᠠᠮᠠᠷᠠᠭᠠᠨ᠎ᠠ》 ᠭᠡᠪᠡ᠃ 30 ᠨᠣᠶᠠ ᠲᠥᠷᠥᠭᠰᠡᠨ ᠡᠴᠡ ᠬᠣᠢᠰᠢ ᠯᠠᠮᠧᠺ ᠲᠠᠪᠤᠨ ᠵᠠᠭᠤ ᠶᠡᠷᠡᠨ ᠲᠠᠪᠤᠨ ᠵᠢᠯ ᠠᠮᠢᠳᠤᠷᠠᠵᠤ᠂ ᠦᠷ᠎ᠡ ᠬᠡᠦᠬᠡᠳ ᠤᠳ ᠲᠠᠢ ᠪᠣᠯᠵᠠᠢ᠃ 31 ᠯᠠᠮᠧᠺ ᠨᠡᠢᠲᠡ ᠳᠣᠯᠣᠭᠠᠨ ᠵᠠᠭᠤ ᠳᠠᠯᠠᠨ ᠳᠣᠯᠣᠭ᠎ᠠ ᠨᠠᠰᠤᠯᠠᠭᠠᠳ ᠥᠭᠡᠳᠡ ᠪᠣᠯᠪᠠ᠃

32 ᠨᠣᠶᠠ ᠲᠠᠪᠤᠨ ᠵᠠᠭᠤ ᠨᠠᠰᠤᠯᠠᠭᠰᠠᠨ ᠤ ᠳᠠᠷᠠᠭ᠎ᠠ᠂ ᠱᠧᠮ᠂ ᠾᠠᠮ᠂ ᠶᠠᠹᠧᠲ ᠢ ᠲᠥᠷᠥᠭᠦᠯᠪᠡ᠃