ᠡᠬᠢᠯᠡᠯ ᠳᠥᠴᠢᠨ ᠲᠠᠪᠤ
ᠶᠣᠰᠧᠹ ᠥᠪᠡᠷ ᠢ ᠪᠠᠨ ᠲᠠᠨᠢᠭᠤᠯᠪᠠ
1 ᠶᠣᠰᠧᠹ ᠬᠠᠵᠠᠭᠤ ᠳᠠᠭᠠᠨ ᠵᠣᠭᠰᠣᠵᠤ ᠪᠠᠢᠭ᠎ᠠ ᠪᠦᠬᠦ ᠵᠠᠷᠤᠴᠠ ᠶᠢᠨ ᠢᠶᠠᠨ ᠡᠮᠦᠨ᠎ᠡ ᠰᠡᠳᠬᠢᠯ ᠢᠶᠠᠨ ᠪᠠᠷᠢᠵᠤ ᠴᠢᠳᠠᠬᠤ ᠦᠭᠡᠢ ᠪᠣᠯᠣᠭᠠᠳ᠄ 《ᠪᠦᠭᠦᠳᠡᠭᠡᠷ ᠢᠶᠡᠨ ᠨᠠᠳᠠ ᠠᠴᠠ ᠵᠠᠢᠯᠠ︕》 ᠭᠡᠵᠦ ᠬᠠᠰᠬᠢᠷᠴᠠᠢ᠃ ᠡᠢᠮᠦ ᠡᠴᠡ ᠶᠣᠰᠧᠹ ᠠᠬ᠎ᠠ ᠳᠡᠭᠦᠦ ᠨᠠᠷ ᠲᠡᠭᠡᠨ ᠥᠪᠡᠷ ᠢ ᠪᠠᠨ ᠲᠠᠨᠢᠭᠤᠯᠬᠤ ᠳᠤ᠂ ᠲᠡᠭᠦᠨ ᠦ ᠬᠠᠮᠲᠤ ᠥᠭᠡᠷ᠎ᠡ ᠬᠥᠮᠦᠨ ᠪᠠᠢᠭᠰᠠᠨ ᠦᠭᠡᠢ᠃ 2 ᠶᠣᠰᠧᠹ ᠴᠢᠩᠭ᠍᠎ᠠ ᠪᠠᠷ ᠤᠬᠢᠯᠠᠪᠠ᠃ ᠡᠭᠦᠨ ᠢ ᠶᠧᠵᠢᠫᠲ᠋ᠴᠦᠳ ᠰᠣᠨᠣᠰᠣᠭᠰᠠᠨ ᠪᠥᠭᠡᠳ ᠹᠠᠷᠠᠣ᠋ ᠶᠢᠨ ᠣᠷᠳᠣᠨ ᠤ ᠬᠢᠨ ᠴᠤ ᠰᠣᠨᠣᠰᠴᠠᠢ᠃ 3 ᠶᠣᠰᠧᠹ ᠠᠬ᠎ᠠ ᠳᠡᠭᠦᠦ ᠨᠠᠷ ᠲᠡᠭᠡᠨ᠄ 《ᠪᠢ ᠶᠣᠰᠧᠹ ᠪᠠᠢᠨ᠎ᠠ᠃ ᠠᠪᠤ ᠮᠢᠨᠢ ᠣᠳᠣ ᠬᠦᠷᠲᠡᠯ᠎ᠡ ᠠᠮᠢᠳᠤ ᠰᠡᠷᠡᠭᠦᠨ ᠪᠠᠢᠨ᠎ᠠ ᠤᠤ︖》 ᠭᠡᠰᠡᠨ ᠳᠦ᠂ ᠠᠬ᠎ᠠ ᠳᠡᠭᠦᠦ ᠨᠠᠷ ᠨᠢ ᠲᠡᠭᠦᠨ ᠡᠴᠡ ᠠᠶᠤᠵᠤ ᠵᠢᠷᠦᠬᠡᠰᠢᠶᠡᠭᠰᠡᠨ ᠡᠴᠡ ᠪᠣᠯᠣᠭᠠᠳ ᠬᠠᠷᠢᠭᠤᠯᠵᠤ ᠴᠢᠳᠠᠭᠰᠠᠨ ᠦᠭᠡᠢ᠃
4 ᠶᠣᠰᠧᠹ ᠠᠬ᠎ᠠ ᠨᠠᠷ ᠲᠠᠭᠠᠨ᠄ 《ᠨᠠᠳᠠ ᠤᠷᠤᠭᠤ ᠣᠢᠷᠠᠲᠤᠵᠠᠭᠠᠨᠠ ᠤᠤ︖》 ᠭᠡᠰᠡᠨ ᠢᠶᠡᠨ ᠲᠡᠳᠡ ᠣᠢᠷᠠᠲᠤᠨ ᠣᠴᠢᠬᠤ ᠳᠤ᠂ ᠲᠡᠷᠡ᠄ 《ᠪᠢ ᠪᠣᠯ ᠶᠣᠰᠧᠹ᠂ ᠲᠠ ᠨᠠᠷ ᠤᠨ ᠶᠧᠵᠢᠫᠲ ᠤᠷᠤᠭᠤ ᠬᠤᠳᠠᠯᠳᠤᠭᠰᠠᠨ ᠲᠡᠷᠡ ᠳᠡᠭᠦᠦ ᠴᠢᠨᠢ ᠪᠠᠢᠨ᠎ᠠ᠃ 5 ᠲᠠ ᠨᠠᠷ ᠨᠠᠮᠠᠶᠢ ᠨᠠᠰᠢ ᠬᠤᠳᠠᠯᠳᠤᠭᠰᠠᠨ ᠳᠠᠭᠠᠨ ᠪᠦᠦ ᠰᠠᠨᠠᠭ᠎ᠠ ᠵᠣᠪᠠ᠂ ᠥᠪᠡᠷᠰᠡᠳ ᠢ ᠪᠠᠨ ᠪᠦᠦ ᠵᠢᠮᠡᠯᠡ᠃ ᠪᠤᠷᠬᠠᠨ ᠲᠠ ᠨᠠᠷ ᠠᠴᠠ ᠡᠮᠦᠨ᠎ᠡ ᠨᠠᠮᠠᠶᠢ ᠢᠯᠡᠭᠡᠭᠰᠡᠨ ᠨᠢ ᠠᠮᠢ ᠠᠪᠤᠷᠠᠬᠤ ᠶᠢᠨ ᠲᠤᠯᠠᠳᠠ ᠶᠤᠮ᠃ 6 ᠭᠠᠵᠠᠷ ᠨᠤᠲᠤᠭ ᠳᠠᠶᠠᠭᠠᠷ ᠥᠯᠥᠰᠬᠥᠯᠡᠩ ᠲᠣᠬᠢᠶᠠᠯᠳᠤᠭᠠᠳ ᠬᠣᠶᠠᠷ ᠵᠢᠯ ᠪᠣᠯᠣᠯ᠎ᠠ᠃ ᠣᠳᠣ ᠪᠠᠰᠠ ᠲᠠᠪᠤᠨ ᠵᠢᠯ ᠦᠷᠭᠦᠯᠵᠢᠯᠡᠨ ᠭᠠᠵᠠᠷ ᠬᠠᠭᠠᠯᠵᠤ ᠴᠢᠳᠠᠬᠤ ᠦᠭᠡᠢ᠂ ᠤᠷᠭᠤᠴᠠ ᠬᠤᠷᠢᠶᠠᠵᠤ ᠴᠤ ᠴᠢᠳᠠᠬᠤ ᠦᠭᠡᠢ ᠪᠠᠢᠬᠤ ᠪᠣᠯᠣᠨ᠎ᠠ᠃ 7 ᠪᠤᠷᠬᠠᠨ ᠲᠠ ᠨᠠᠷ ᠢ ᠭᠠᠵᠠᠷ ᠳᠡᠭᠡᠷ᠎ᠡ ᠦᠯᠡᠳᠡᠭᠡᠵᠦ᠂ ᠶᠡᠬᠡ ᠠᠪᠤᠷᠠᠯ ᠢᠶᠠᠷ ᠢᠶᠠᠨ ᠲᠠ ᠨᠠᠷ ᠲᠤ ᠠᠮᠢ ᠥᠭᠬᠦ ᠶᠢᠨ ᠲᠤᠯᠠᠳᠠ ᠲᠠ ᠨᠠᠷ ᠠᠴᠠ ᠡᠮᠦᠨ᠎ᠡ ᠨᠠᠮᠠᠶᠢ ᠢᠯᠡᠭᠡᠵᠡᠢ᠃ 8 ᠲᠡᠢᠮᠦ ᠡ᠂ ᠲᠠ ᠨᠠᠷ ᠪᠢᠰᠢ᠂ ᠬᠠᠷᠢᠨ ᠪᠤᠷᠬᠠᠨ ᠨᠠᠮᠠᠶᠢ ᠡ᠊ᠨᠳᠡ ᠢᠯᠡᠭᠡᠭᠰᠡᠨ ᠶᠤᠮ᠃ ᠲᠡᠭᠡᠭᠡᠳ ᠪᠤᠷᠬᠠᠨ ᠨᠠᠮᠠᠶᠢ ᠹᠠᠷᠠᠣ᠋ ᠶᠢᠨ ᠡᠴᠢᠭᠡ᠂ ᠲᠡᠭᠦᠨ ᠦ ᠪᠦᠬᠦ ᠭᠡᠷ ᠦᠨ ᠡᠵᠡᠨ᠂ ᠶᠧᠵᠢᠫᠲ ᠤᠨ ᠪᠦᠬᠦ ᠨᠤᠲᠤᠭ ᠤᠨ ᠵᠠᠬᠢᠷᠤᠭᠴᠢ ᠪᠣᠯᠭᠠᠭᠰᠠᠨ᠃ 9 ᠲᠠ ᠨᠠᠷ ᠠᠪᠤ ᠳᠡᠭᠡᠷ᠎ᠡ ᠮᠢᠨᠢ ᠳᠠᠷᠤᠢᠬᠠᠨ ᠣᠴᠢᠵᠤ᠂ ᠲᠡᠭᠦᠨ ᠳᠦ ᠲᠠᠨ ᠤ ᠬᠦᠦ ᠶᠣᠰᠧᠹ ᠢᠩᠭᠢᠵᠦ ᠬᠡᠯᠡᠪᠡ᠄ 〈ᠪᠤᠷᠬᠠᠨ ᠲᠠᠨ ᠤ ᠬᠦᠦ ᠶᠣᠰᠧᠹ ᠢ ᠪᠦᠬᠦ ᠶᠧᠵᠢᠫᠲ ᠤᠨ ᠡᠵᠡᠨ ᠪᠣᠯᠭᠠᠵᠠᠢ᠃ ᠲᠠ ᠨᠠᠳᠠ ᠤᠷᠤᠭᠤ ᠰᠠᠭᠠᠲᠠᠯ ᠦᠭᠡᠢ ᠢᠷᠡᠭᠡᠷᠡᠢ᠃ 10 ᠲᠠ ᠭᠣᠱᠧᠨ ᠨᠤᠲᠤᠭ ᠲᠤ ᠰᠠᠭᠤᠷᠢᠰᠢᠵᠤ ᠦᠷ᠎ᠡ ᠬᠡᠦᠬᠡᠳ᠂ ᠠᠴᠢ ᠵᠢᠭᠡ ᠨᠠᠷ᠂ ᠮᠠᠯ ᠰᠦᠷᠦᠭ᠂ ᠪᠦᠬᠦ ᠡᠳ᠋ ᠬᠥᠷᠥᠩᠭᠡ ᠶᠢᠨ ᠢᠶᠠᠨ ᠬᠠᠮᠲᠤ ᠨᠠᠳᠠ ᠲᠠᠢ ᠣᠢᠷᠠᠬᠠᠨ ᠠᠮᠢᠳᠤᠷᠠᠭᠠᠷᠠᠢ᠃ 11 ᠪᠢ ᠲᠠᠨ ᠢ ᠡ᠊ᠨᠳᠡ ᠲᠡᠳᠬᠦᠶ᠎ᠡ᠃ ᠡᠭᠦᠨ ᠡᠴᠡ ᠬᠣᠢᠰᠢ ᠥᠯᠥᠰᠬᠥᠯᠡᠩ ᠭᠠᠴᠢᠭ ᠳᠠᠬᠢᠨ ᠲᠠᠪᠤᠨ ᠵᠢᠯ ᠦᠷᠭᠦᠯᠵᠢᠯᠡᠬᠦ ᠤᠴᠢᠷ ᠲᠠ ᠪᠣᠯᠣᠨ ᠲᠠᠨ ᠤ ᠭᠡᠷ ᠦᠨ ᠬᠢᠨ᠂ ᠲᠠᠨ ᠤ ᠪᠦᠬᠦ ᠬᠠᠷᠢᠶᠠᠲᠤ ᠨᠠᠷ ᠶᠠᠳᠠᠭᠤᠷᠠᠵᠤ ᠬᠣᠭᠣᠰᠣᠷᠠᠬᠤ ᠪᠣᠯᠣᠭᠤᠵᠠᠢ〉 ᠭᠡᠭᠡᠷᠡᠢ᠃ 12 ᠵᠠ ᠣᠳᠣ ᠲᠠ ᠨᠠᠷ ᠴᠤ᠂ ᠮᠢᠨᠦ ᠳᠡᠭᠦᠦ ᠪᠢᠨᠶᠠᠮᠢᠨ ᠴᠤ ᠥᠪᠡᠷᠰᠡᠳ ᠦᠨ ᠢᠶᠠᠨ ᠨᠢᠳᠦ ᠪᠡᠷ ᠬᠠᠷᠠᠵᠤ ᠪᠠᠢᠨ᠎ᠠ᠃ ᠦᠨᠡᠬᠡᠷ ᠪᠢ ᠥᠪᠡᠷ ᠢᠶᠡᠨ ᠲᠠ ᠨᠠᠷ ᠲᠤ ᠶᠠᠷᠢᠵᠤ ᠪᠠᠢᠨ᠎ᠠ᠃ 13 ᠶᠧᠵᠢᠫᠲ ᠲᠤ ᠣᠯᠣᠭᠰᠠᠨ ᠮᠢᠨᠦ ᠪᠦᠬᠦ ᠠᠯᠳᠠᠷ ᠬᠦᠨᠳᠦ ᠶᠢᠨ ᠲᠤᠬᠠᠢ ᠪᠣᠯᠣᠨ ᠡ᠊ᠨᠳᠡ ᠦᠵᠡᠵᠦ ᠬᠠᠷᠠᠭᠰᠠᠨ ᠪᠦᠬᠦᠨ ᠢᠶᠡᠨ ᠡᠴᠢᠭᠡ ᠳᠦ ᠮᠢᠨᠢ ᠬᠡᠯᠡᠭᠡᠷᠡᠢ᠃ ᠲᠡᠭᠡᠭᠡᠳ ᠠᠪᠤ ᠶᠢ ᠮᠢᠨᠢ ᠡ᠊ᠨᠳᠡ ᠳᠠᠷᠤᠢᠬᠠᠨ ᠠᠪᠴᠢᠷᠠ》 ᠭᠡᠵᠡᠢ᠃ 14 ᠲᠡᠷᠡ ᠳᠡᠭᠦᠦ ᠪᠢᠨᠶᠠᠮᠢᠨ ᠤ ᠪᠠᠨ ᠬᠦᠵᠦᠭᠦᠦ ᠪᠡᠷ ᠲᠡᠪᠡᠷᠢᠨ ᠤᠬᠢᠯᠠᠬᠤ ᠳᠤ᠂ ᠪᠢᠨᠶᠠᠮᠢᠨ ᠴᠤ ᠲᠡᠭᠦᠨ ᠦ ᠬᠦᠵᠦᠭᠦᠦ ᠪᠡᠷ ᠲᠡᠪᠡᠷᠢᠨ ᠤᠬᠢᠯᠠᠪᠠ᠃ 15 ᠶᠣᠰᠧᠹ ᠪᠠᠰᠠ ᠠᠬ᠎ᠠ ᠨᠠᠷ ᠢᠶᠠᠨ ᠨᠢᠭᠡ ᠨᠢᠭᠡ ᠪᠡᠷ ᠦᠨᠦᠰᠦᠭᠡᠳ᠂ ᠲᠡᠪᠡᠷᠢᠵᠦ ᠤᠬᠢᠯᠠᠪᠠ᠃ ᠲᠡᠭᠡᠭᠡᠳ ᠯᠠ ᠠᠬ᠎ᠠ ᠨᠠᠷ ᠨᠢ ᠲᠡᠭᠦᠨ ᠲᠡᠢ ᠶᠠᠷᠢᠯᠴᠠᠵᠤ ᠡᠬᠢᠯᠡᠪᠡ᠃
16 ᠶᠣᠰᠧᠹ ᠤᠨ ᠠᠬ᠎ᠠ ᠨᠠᠷ ᠤᠨ ᠢᠷᠡᠭᠰᠡᠨ ᠰᠤᠷᠠᠭ ᠹᠠᠷᠠᠣ᠋ ᠶᠢᠨ ᠣᠷᠳᠣᠨ ᠳᠤ ᠰᠣᠨᠣᠰᠳᠠᠬᠤ ᠳᠤ᠂ ᠹᠠᠷᠠᠣ᠋ ᠴᠤ᠂ ᠲᠡᠭᠦᠨ ᠦ ᠲᠦᠰᠢᠮᠡᠳ ᠴᠤ ᠪᠠᠶᠠᠷᠯᠠᠵᠠᠭᠠᠪᠠ᠃ 17 ᠹᠠᠷᠠᠣ᠋ ᠶᠣᠰᠧᠹ ᠲᠤ᠄ 《ᠠᠬ᠎ᠠ ᠳᠡᠭᠦᠦ ᠨᠠᠷ ᠲᠡᠭᠡᠨ ᠬᠡᠯᠡ᠃ ᠡᠭᠦᠨ ᠢ ᠦᠢᠯᠡᠳᠴᠡᠭᠡ᠂ ᠲᠠ ᠨᠠᠷ ᠮᠠᠯ ᠤᠨᠤᠭ᠎ᠠ ᠪᠠᠨ ᠠᠴᠢᠶᠠᠯᠠᠨ ᠬᠥᠳᠡᠯᠵᠦ᠂ ᠺᠠᠨᠠᠨ ᠨᠤᠲᠤᠭ ᠲᠠᠭᠠᠨ ᠣᠴᠢᠭᠠᠳ 18 ᠡᠴᠢᠭᠡ ᠪᠣᠯᠣᠨ ᠭᠡᠷ ᠣᠷᠣᠨ ᠤ ᠬᠢᠨ ᠢᠶᠠᠨ ᠳᠠᠭᠠᠭᠤᠯᠤᠨ ᠨᠠᠳᠠ ᠤᠷᠤᠭᠤ ᠢᠷ᠎ᠡ᠃ ᠪᠢ ᠲᠠ ᠨᠠᠷ ᠲᠤ ᠶᠧᠵᠢᠫᠲ ᠤᠨ ᠬᠠᠮᠤᠭ ᠤᠨ ᠰᠠᠢᠨ ᠭᠠᠵᠠᠷ ᠢ ᠥᠭᠭᠥᠨ᠎ᠡ᠃ ᠲᠠ ᠨᠠᠷ ᠲᠡᠷᠡ ᠨᠤᠲᠤᠭ ᠤᠨ ᠣᠬᠢ ᠶᠢ ᠢᠳᠡᠬᠦ ᠪᠣᠯᠣᠨ᠎ᠠ᠃ 19 ᠲᠠ᠄ 〈ᠲᠠ ᠨᠠᠷ ᠡᠢᠨ ᠬᠦ ᠦᠢᠯᠡᠳ᠂ ᠡᠬᠡᠨᠡᠷ ᠬᠡᠦᠬᠡᠳ ᠤᠳ ᠢᠶᠠᠨ ᠰᠠᠭᠤᠯᠭᠠᠬᠤ ᠬᠥᠰᠬᠡ ᠲᠡᠷᠭᠡ ᠨᠦᠭᠦᠳ ᠢ ᠶᠧᠵᠢᠫᠲ ᠡᠴᠡ ᠠᠪ᠂ ᠠᠪᠤ ᠶᠢ ᠴᠤ ᠰᠠᠭᠤᠯᠭᠠᠭᠠᠳ ᠢᠷᠡᠭᠡᠷᠡᠢ᠃ 20 ᠶᠧᠵᠢᠫᠲ ᠨᠤᠲᠤᠭ ᠤᠨ ᠬᠠᠮᠤᠭ ᠤᠨ ᠰᠠᠢᠨ ᠰᠠᠢᠬᠠᠨ ᠨᠢ ᠲᠠ ᠨᠠᠷ ᠤᠨ ᠬᠢ᠂ ᠲᠠ ᠨᠠᠷ ᠡᠳ᠋ ᠬᠥᠷᠥᠩᠭᠡ ᠳᠡᠭᠡᠨ ᠰᠠᠨᠠᠭ᠎ᠠ ᠪᠣᠯᠬᠤ ᠬᠡᠷᠡᠭ ᠦᠭᠡᠢ〉 ᠭᠡᠵᠦ ᠵᠠᠬᠢᠭᠠᠷᠠᠢ︕》 ᠭᠡᠪᠡ᠃
21 ᠢᠰᠷᠧᠯ ᠤᠨ ᠬᠥᠪᠡᠭᠦᠳ ᠲᠡᠭᠦᠨ ᠦ ᠦᠭᠡ ᠶᠢ ᠳᠠᠭᠠᠵᠠᠢ᠃ ᠶᠣᠰᠧᠹ ᠹᠠᠷᠠᠣ᠋ ᠶᠢᠨ ᠬᠡᠯᠡᠭᠰᠡᠨ ᠶᠣᠰᠣᠭᠠᠷ ᠲᠡᠳᠡᠨ ᠳᠦ ᠬᠥᠰᠬᠡ ᠲᠡᠷᠭᠡ ᠨᠦᠭᠦᠳ ᠥᠭᠭᠥᠭᠰᠡᠨ ᠪᠥᠭᠡᠳ ᠵᠠᠮ ᠤᠨ ᠬᠦᠨᠡᠰᠦ ᠴᠤ ᠥᠭᠴᠦ᠂ 22 ᠬᠥᠮᠦᠨ ᠪᠦᠷᠢ ᠳᠤ ᠨᠢᠵᠡᠭᠡᠳ ᠰᠢᠨ᠎ᠡ ᠬᠤᠪᠴᠠᠰᠤ ᠥᠭᠭᠥᠭᠰᠡᠨ ᠪᠠᠢᠨ᠎ᠠ᠃ ᠬᠠᠷᠢᠨ ᠪᠢᠨᠶᠠᠮᠢᠨ ᠳᠤ ᠲᠡᠷᠡ ᠭᠤᠷᠪᠠᠨ ᠵᠠᠭᠤᠨ ᠱᠧᠺᠧᠯ 76 ᠮᠥᠩᠭᠥ᠂ ᠲᠠᠪᠤᠨ ᠵᠠᠬ᠎ᠠ ᠬᠤᠪᠴᠠᠰᠤ ᠥᠭᠴᠡᠢ᠃ 23 ᠡᠴᠢᠭᠡ ᠲᠡᠭᠡᠨ ᠴᠤ ᠲᠡᠷᠡ ᠶᠧᠵᠢᠫᠲ ᠤᠨ ᠬᠠᠮᠤᠭ ᠤᠨ ᠰᠠᠢᠨ ᠡᠳ᠋ ᠪᠠᠷᠠᠭ᠎ᠠ ᠠᠴᠢᠭᠰᠠᠨ ᠠᠷᠪᠠᠨ ᠡᠯᠵᠢᠭᠡ ᠬᠢᠭᠡᠳ ᠲᠡᠭᠦᠨ ᠦ ᠢᠷᠡᠬᠦ ᠵᠠᠮ ᠳᠤ ᠢᠳᠡᠬᠦ ᠠᠮᠤ ᠬᠦᠨᠡᠰᠦ᠂ ᠪᠣᠣᠪᠣ ᠪᠣᠯᠣᠨ ᠢᠳᠡᠭᠡᠨ ᠠᠴᠢᠭᠰᠠᠨ ᠥᠭᠡᠷ᠎ᠡ ᠠᠷᠪᠠᠨ ᠡᠮ᠎ᠡ ᠡᠯᠵᠢᠭᠡ ᠢᠯᠡᠭᠡᠵᠡᠢ᠃ 24 ᠲᠡᠷᠡ ᠠᠬ᠎ᠠ ᠨᠠᠷ ᠢᠶᠠᠨ ᠦᠳᠡᠨ ᠭᠠᠷᠭᠠᠬᠤ ᠳᠠᠭᠠᠨ᠄ 《ᠵᠠᠮ ᠳᠠᠭᠠᠨ ᠪᠢᠲᠡᠭᠡᠢ ᠰᠠᠨᠠᠭ᠎ᠠ ᠵᠣᠪᠠ 77 》 ᠭᠡᠵᠦ ᠬᠡᠯᠡᠪᠡ᠃
25 ᠡᠢᠨ ᠬᠦ ᠲᠡᠳᠡ ᠶᠧᠵᠢᠫᠲ ᠡᠴᠡ ᠭᠠᠷᠴᠤ᠂ ᠺᠠᠨᠠᠨ ᠨᠤᠲᠤᠭ ᠲᠤ ᠬᠦᠷᠴᠦ ᠡᠴᠢᠭᠡ ᠶᠠᠺᠣᠪ ᠤᠨ ᠳᠠᠭᠠᠨ ᠢᠷᠡᠵᠡᠢ᠃ 26 ᠲᠡᠳᠡ ᠡᠴᠢᠭᠡ ᠳᠡᠭᠡᠨ᠄ 《ᠶᠣᠰᠧᠹ ᠣᠳᠣ ᠴᠤ ᠠᠮᠢᠳᠤ ᠪᠠᠢᠨ᠎ᠠ᠃ ᠲᠡᠷᠡ ᠶᠧᠵᠢᠫᠲ ᠤᠨ ᠪᠦᠬᠦ ᠨᠤᠲᠤᠭ ᠤᠨ ᠵᠠᠬᠢᠷᠤᠭᠴᠢ ᠪᠣᠯᠣᠭᠰᠠᠨ ᠰᠢᠦ︕》 ᠭᠡᠰᠡᠨ ᠳᠦ᠂ ᠶᠠᠺᠣᠪ ᠭᠠᠢᠬᠠᠨ ᠮᠡᠯᠡᠷᠡᠵᠦ᠂ ᠲᠡᠳᠡᠨ ᠳᠦ ᠢᠲᠡᠭᠡᠭᠰᠡᠨ ᠦᠭᠡᠢ᠃ 27 ᠡᠢᠮᠦ ᠡᠴᠡ ᠲᠡᠳᠡ ᠶᠣᠰᠧᠹ ᠤᠨ ᠥᠪᠡᠷᠰᠡᠳ ᠲᠤᠨᠢ ᠬᠡᠯᠡᠭᠰᠡᠨ ᠪᠦᠬᠦ ᠦᠭᠡ ᠶᠢ ᠲᠡᠭᠦᠨ ᠳᠦ ᠬᠡᠯᠡᠵᠦ ᠥᠭᠪᠡ᠃ ᠲᠡᠷᠡ ᠥᠪᠡᠷ ᠢ ᠨᠢ ᠰᠠᠭᠤᠯᠭᠠᠵᠤ ᠠᠪᠠᠴᠢᠬᠤ ᠪᠠᠷ ᠢᠯᠡᠭᠡᠭᠰᠡᠨ ᠬᠥᠰᠬᠡ ᠲᠡᠷᠭᠡ ᠨᠦᠭᠦᠳ ᠢ ᠬᠠᠷᠠᠯ᠎ᠠ᠃ ᠲᠡᠭᠡᠭᠡᠳ ᠡᠴᠢᠭᠡ ᠶᠠᠺᠣᠪ ᠤᠨ ᠬᠢᠨᠢ ᠰᠦᠨᠡᠰᠦ ᠰᠡᠷᠭᠦᠭᠰᠡᠨ ᠪᠠᠢᠯ᠎ᠠ᠃ 28 ᠢᠰᠷᠧᠯ᠄ 《ᠵᠠ ᠵᠠ᠂ ᠮᠢᠨᠦ ᠬᠦᠦ ᠶᠣᠰᠧᠹ ᠣᠳᠣ ᠠᠮᠢᠳᠤ ᠪᠠᠢᠭ᠎ᠠ ᠶᠤᠮ ᠪᠠᠢᠨ᠎ᠠ᠃ ᠪᠢ ᠦᠬᠦᠬᠦ ᠡᠴᠡ ᠪᠡᠨ ᠡᠮᠦᠨ᠎ᠡ ᠣᠴᠢᠵᠤ ᠲᠡᠭᠦᠨ ᠢ ᠦᠵᠡᠶ᠎ᠡ》 ᠭᠡᠵᠡᠢ᠃