ᠡᠬᠢᠯᠡᠯ ᠠᠷᠪᠠ ᠶᠢᠰᠦ
ᠰᠣᠳᠣᠮ ᠭᠣᠮᠣᠷᠠ ᠶᠢᠨ ᠰᠥᠨᠥᠯ
1 ᠬᠣᠶᠠᠷ ᠲᠩᠷᠢ ᠡᠯᠴᠢ ᠰᠣᠳᠣᠮ ᠤᠨ ᠬᠠᠭᠠᠯᠭᠠᠨ ᠳᠤ ᠦᠳᠡᠰᠢ ᠪᠠᠷ ᠢᠷᠡᠵᠡᠢ᠃ ᠲᠡᠷᠡ ᠴᠠᠭ ᠲᠤ ᠯᠣᠲ ᠰᠣᠳᠣᠮ ᠳᠤ ᠣᠷᠣᠬᠤ ᠬᠠᠭᠠᠯᠭᠠᠨ ᠳᠡᠭᠡᠷ᠎ᠡ ᠰᠠᠭᠤᠵᠤ ᠪᠠᠢᠯ᠎ᠠ᠃ ᠯᠣᠲ ᠲᠡᠳᠡᠨ ᠢ ᠬᠠᠷᠠᠭᠠᠳ ᠵᠣᠭᠰᠣᠵᠤ ᠲᠡᠳᠡᠨ ᠲᠡᠢ ᠠᠭᠤᠯᠵᠠᠭᠠᠳ᠂ ᠨᠢᠭᠤᠷ ᠢᠶᠠᠨ ᠭᠠᠵᠠᠷ ᠲᠤ ᠬᠦᠷᠭᠡᠨ ᠪᠥᠬᠥᠢᠨ ᠮᠥᠷᠭᠥᠪᠡ᠃ 2 ᠲᠡᠷᠡ ᠪᠡᠷ᠄ 《ᠡᠵᠡᠨᠲᠡᠨ ᠨᠦᠭᠦᠳ ᠮᠢᠨᠢ ᠡ︕ ᠵᠠᠮ ᠠᠴᠠ ᠪᠠᠨ ᠡᠷᠭᠢᠵᠦ ᠵᠠᠷᠤᠴᠠ ᠶᠢᠨ ᠢᠶᠠᠨ ᠭᠡᠷ ᠢᠶᠡᠷ ᠣᠷᠣᠨ᠎ᠠ ᠤᠤ︖ ᠲᠠ ᠨᠠᠷ ᠬᠥᠯ ᠢᠶᠡᠨ ᠤᠬᠢᠶᠠᠵᠤ ᠬᠣᠨᠣᠭᠠᠳ᠂ ᠮᠠᠷᠭᠠᠰᠢ ᠥᠷᠯᠥᠭᠡ ᠡᠷᠲᠡ ᠪᠣᠰᠴᠤ᠂ ᠠᠶᠠᠨ ᠵᠠᠮ ᠳᠠᠭᠠᠨ ᠭᠠᠷᠴᠤ ᠪᠣᠯᠣᠨ᠎ᠠ ᠰᠢᠦ》 ᠭᠡᠰᠡᠨ ᠳᠦ᠂ ᠲᠡᠳᠡ᠄ 《ᠦᠭᠡᠢ᠂ ᠪᠢᠳᠡ ᠭᠠᠳᠠᠨ᠎ᠠ ᠲᠠᠯᠠᠪᠠᠢ ᠳᠤ ᠬᠣᠨᠣᠨ᠎ᠠ》 ᠭᠡᠪᠡ᠃ 3 ᠯᠣᠲ ᠬᠠᠷᠢᠨ ᠲᠡᠳᠡᠨ ᠡᠴᠡ ᠬᠦᠴᠦᠯᠡᠨ ᠭᠤᠶᠤᠭᠰᠠᠨ ᠳᠤ᠂ ᠲᠡᠳᠡ ᠵᠠᠮ ᠠᠴᠠ ᠪᠠᠨ ᠡᠷᠭᠢᠨ ᠲᠡᠭᠦᠨ ᠦ ᠭᠡᠷ ᠲᠦ ᠣᠷᠣᠵᠠᠢ᠃ ᠯᠣᠲ ᠲᠡᠳᠡᠨ ᠳᠦ ᠬᠣᠭᠣᠯᠠ ᠤᠮᠳᠠ ᠪᠡᠯᠡᠳᠬᠡᠨ᠂ ᠢᠰᠭᠡᠭᠡ ᠦᠭᠡᠢ ᠲᠠᠯᠬ᠎ᠠ ᠪᠠᠷᠢᠵᠤ ᠥᠭᠭᠥᠭᠰᠡᠨ ᠳᠦ ᠲᠡᠳᠡ ᠢᠳᠡᠵᠡᠭᠡᠪᠡ᠃ 4 ᠲᠡᠳᠡᠨ ᠢ ᠬᠡᠪᠲᠡᠬᠦ ᠶᠢᠨ ᠡᠮᠦᠨ᠎ᠡ ᠲᠡᠷᠡ ᠬᠣᠲᠠ ᠶᠢᠨ ᠬᠢᠨ ᠪᠤᠶᠤ ᠰᠣᠳᠣᠮ ᠤᠨ ᠬᠢᠨ᠂ ᠬᠥᠭᠰᠢᠨ ᠵᠠᠯᠠᠭᠤ ᠦᠢ ᠣᠯᠠᠨ ᠢᠶᠠᠷ ᠢᠶᠠᠨ ᠳᠥᠷᠪᠡᠨ ᠵᠦᠭ ᠡᠴᠡ ᠴᠤᠭᠯᠠᠷᠠᠨ ᠪᠦᠭᠦᠳᠡᠭᠡᠷ ᠭᠡᠷ ᠢ ᠨᠢ ᠪᠦᠰᠡᠯᠡᠵᠦ᠂ 5 ᠯᠣᠲ ᠢ ᠳᠠᠭᠤᠳᠠᠨ ᠲᠡᠭᠦᠨ ᠳᠦ᠄ 《ᠡᠨᠡ ᠰᠥᠨᠢ ᠲᠠᠨ ᠤ ᠳᠤ ᠢᠷᠡᠭᠰᠡᠨ ᠬᠥᠮᠦᠰ ᠬᠠᠮᠢᠭ᠎ᠠ ᠪᠠᠢᠨ᠎ᠠ ᠪᠤᠢ︖ ᠲᠡᠳᠡᠨ ᠢ ᠪᠢᠳᠡᠨ ᠳᠦ ᠭᠠᠷᠭᠠᠵᠤ ᠢᠷ᠎ᠡ᠂ ᠪᠢᠳᠡ ᠲᠡᠳᠡᠨ ᠲᠡᠢ ᠬᠤᠷᠢᠴᠠᠵᠠᠭᠠᠶᠠ︕》 ᠭᠡᠯᠴᠡᠪᠡ᠃ 6 ᠯᠣᠲ ᠲᠡᠳᠡ ᠨᠠᠷ ᠤᠷᠤᠭᠤ ᠭᠠᠷᠴᠤ ᠢᠷᠡᠭᠡᠳ᠂ ᠬᠠᠭᠠᠯᠭ᠎ᠠ ᠪᠠᠨ ᠠᠷᠤ ᠠᠴᠠ ᠪᠠᠨ ᠬᠠᠭᠠᠵᠤ᠂ 7 ᠲᠡᠳᠡᠨ ᠡᠴᠡ ᠭᠤᠶᠤᠨ ᠢᠳᠬᠠᠵᠤ᠄ 《ᠠᠬ᠎ᠠ ᠳᠡᠭᠦᠦ ᠨᠠᠷ ᠮᠢᠨᠢ ᠡ︕ ᠡᠢᠮᠦ ᠬᠣᠷᠣᠨ ᠮᠠᠭᠤ ᠵᠦᠢᠯ ᠪᠢᠲᠡᠭᠡᠢ ᠬᠢᠭᠡᠷᠡᠢ᠂ 8 ᠬᠠᠷ᠎ᠠ᠂ ᠨᠠᠳᠠ ᠳᠤ ᠡᠷ᠎ᠡ ᠬᠥᠮᠦᠨ ᠲᠡᠢ ᠬᠠᠪᠢᠳᠠᠭ᠎ᠠ ᠦᠭᠡᠢ ᠬᠣᠶᠠᠷ ᠥᠬᠢᠨ ᠪᠤᠢ᠃ ᠪᠢ ᠲᠡᠳᠡᠨ ᠢ ᠲᠠ ᠨᠠᠷ ᠲᠤ ᠠᠪᠴᠢᠷᠠᠶ᠎ᠠ᠃ ᠲᠠ ᠨᠠᠷ ᠳᠤᠷᠠᠲᠠᠢ ᠪᠠᠨ ᠲᠡᠳᠡᠨ ᠳᠦ ᠬᠢ︕ ᠬᠠᠷᠢᠨ ᠡᠨᠡ ᠬᠥᠮᠦᠰ ᠮᠠᠨ ᠤ ᠳᠡᠭᠡᠪᠦᠷ ᠳᠣᠣᠷ᠎ᠠ ᠢᠷᠡᠭᠰᠡᠨ ᠤᠴᠢᠷ ᠲᠡᠳᠡᠨ ᠳᠦ ᠶᠠᠭᠤ ᠴᠤ ᠪᠢᠲᠡᠭᠡᠢ ᠬᠢ》 ᠭᠡᠬᠦ ᠳᠦ᠂ 9 ᠲᠡᠳᠡ᠄ 《ᠴᠢ ᠵᠠᠢᠯᠠ︕ ᠮᠠᠨ ᠤ ᠡ᠊ᠨᠳᠡ ᠢᠷᠡᠭᠰᠡᠨ ᠡᠨᠡ ᠴᠠᠭᠠᠴᠢ ᠮᠠᠨ ᠤ ᠰᠢᠭᠦᠭᠴᠢ ᠪᠣᠯᠬᠤ ᠨᠢ ᠡ᠂ ᠣᠳᠣ ᠪᠢᠳᠡ ᠲᠡᠳᠡᠨ ᠡᠴᠡ ᠲᠦᠷᠦᠭᠦᠨ ᠳᠦ ᠴᠢᠮᠠᠶᠢ ᠮᠡᠳᠡᠶ᠎ᠡ》 ᠭᠡᠳ ᠯᠣᠲ ᠢ ᠬᠦᠴᠦ ᠪᠡᠷ ᠲᠦᠯᠬᠢᠭᠡᠳ ᠳᠥᠭᠥᠨ ᠢᠷᠡᠵᠦ᠂ ᠬᠠᠭᠠᠯᠭ᠎ᠠ ᠶᠢ ᠨᠢ ᠡᠪᠳᠡᠬᠦ ᠭᠡᠵᠦ ᠪᠠᠢᠯ᠎ᠠ᠃ 10 ᠨᠥᠭᠥᠭᠡ ᠵᠣᠴᠢᠳ ᠨᠢ ᠭᠠᠷ ᠢᠶᠠᠨ ᠰᠤᠩ᠋ᠭᠠᠨ᠂ ᠯᠣᠲ ᠢ ᠭᠡᠷ ᠲᠦ ᠲᠠᠲᠠᠵᠤ ᠣᠷᠣᠭᠤᠯᠤᠭᠠᠳ᠂ ᠬᠠᠭᠠᠯᠭ᠎ᠠ ᠶᠢ ᠨᠢ ᠬᠠᠭᠠᠵᠤ᠂ 11 ᠬᠠᠭᠠᠯᠭᠠᠨ ᠳᠤ ᠪᠠᠢᠭ᠎ᠠ ᠬᠥᠮᠦᠰ ᠢ ᠬᠥᠭᠰᠢᠨ ᠵᠠᠯᠠᠭᠤ ᠦᠭᠡᠢ ᠪᠦᠭᠦᠳᠡ ᠶᠢ ᠴᠣᠬᠢᠵᠤ᠂ ᠶᠠᠭᠤ ᠴᠤ ᠬᠠᠷᠠᠬᠤ ᠦᠭᠡᠢ ᠪᠣᠯᠭᠠᠭᠰᠠᠨ ᠳᠤ᠂ ᠲᠡᠳᠡ ᠭᠡᠷ ᠦᠨ ᠬᠠᠭᠠᠯᠭ᠎ᠠ ᠶᠢ ᠣᠯᠬᠤ ᠭᠡᠭᠰᠡᠭᠡᠷ ᠵᠦᠳᠡᠷᠡᠪᠡ᠃
12 ᠨᠥᠭᠥᠭᠡ ᠵᠣᠴᠢᠳ ᠯᠣᠲ ᠲᠤ᠄ 《ᠲᠠᠨ ᠤ ᠬᠢᠨ ᠳᠤ ᠥᠭᠡᠷ᠎ᠡ ᠬᠡᠨ ᠬᠡᠨ ᠪᠠᠢᠨ᠎ᠠ ᠪᠤᠢ︖ ᠡᠨᠡ ᠬᠣᠲᠠ ᠳᠤ ᠪᠠᠢᠭ᠎ᠠ ᠬᠦᠷᠭᠡᠳ ᠥᠬᠢᠳ᠂ ᠬᠥᠪᠡᠭᠦᠳ᠂ ᠥᠪᠡᠷ ᠦᠨ ᠭᠡᠰᠡᠨ ᠬᠡᠨ ᠢ ᠴᠤ ᠡᠨᠡ ᠭᠠᠵᠠᠷ ᠠᠴᠠ ᠳᠠᠭᠠᠭᠤᠯᠤᠨ ᠭᠠᠷᠭ᠎ᠠ᠃ 13 ᠪᠢᠳᠡ ᠡᠨᠡ ᠭᠠᠵᠠᠷ ᠢ ᠤᠰᠠᠳᠬᠠᠬᠤ ᠭᠡᠵᠦ ᠪᠠᠢᠨ᠎ᠠ︕ ᠡ᠊ᠨᠳᠡᠬᠢ ᠶᠢᠨ ᠬᠢᠨ ᠤ ᠴᠢᠩᠭ᠍᠎ᠠ ᠬᠠᠰᠬᠢᠷᠤᠭᠠᠨ ᠶᠣᠬᠣᠸᠠ ᠳᠤ ᠬᠦᠷᠦᠭᠰᠡᠨ ᠲᠤᠯᠠ ᠡᠨᠡ ᠭᠠᠵᠠᠷ ᠢ ᠤᠰᠠᠳᠬᠠᠭᠤᠯᠬᠤ ᠶᠢᠨ ᠲᠤᠯᠠᠳᠠ ᠶᠣᠬᠣᠸᠠ ᠪᠢᠳᠡᠨ ᠢ ᠶᠠᠪᠤᠭᠤᠯᠤᠭᠰᠠᠨ》 ᠭᠡᠪᠡ᠃ 14 ᠯᠣᠲ ᠭᠠᠷᠴᠤ᠂ ᠥᠬᠢᠳ ᠲᠠᠢ ᠨᠢ ᠰᠦᠢ ᠲᠠᠯᠪᠢᠭᠰᠠᠨ ᠬᠦᠷᠭᠡᠳ ᠲᠡᠭᠡᠨ᠄ 《ᠬᠤᠷᠳᠤᠯᠠᠭᠠᠷᠠᠢ᠂ ᠡᠨᠡ ᠭᠠᠵᠠᠷ ᠠᠴᠠ ᠵᠠᠢᠯᠠᠬᠤ ᠬᠡᠷᠡᠭ ᠲᠡᠢ᠃ ᠶᠣᠬᠣᠸᠠ ᠡᠨᠡ ᠬᠣᠲᠠ ᠶᠢ ᠤᠰᠠᠳᠬᠠᠬᠤ ᠭᠡᠵᠦ ᠪᠠᠢᠨ᠎ᠠ︕》 ᠭᠡᠰᠡᠨ ᠳᠦ ᠬᠦᠷᠭᠡᠳ ᠨᠢ ᠡᠭᠦᠨ ᠢ ᠲᠣᠭᠯᠠᠭᠠᠮ ᠭᠡᠵᠦ ᠪᠣᠳᠣᠵᠠᠢ᠃
15 ᠦᠷ ᠴᠠᠢᠬᠤ ᠦᠶ᠎ᠡ ᠪᠡᠷ ᠡᠯᠴᠢ ᠨᠠᠷ ᠯᠣᠲ ᠢ ᠰᠢᠪᠠᠳᠠᠭᠤᠯᠤᠨ᠄ 《ᠬᠤᠷᠳᠤᠯᠠ︕ ᠡ᠊ᠨᠳᠡ ᠪᠠᠢᠭ᠎ᠠ ᠡᠬᠡᠨᠡᠷ ᠪᠣᠯᠣᠨ ᠬᠣᠶᠠᠷ ᠥᠬᠢᠨ ᠢᠶᠠᠨ ᠠᠪᠤᠭᠠᠳ ᠶᠠᠪᠤ᠃ ᠡᠰᠡ ᠲᠡᠭᠡᠪᠡᠯ ᠲᠠ ᠨᠠᠷ ᠡᠨᠡ ᠬᠣᠲᠠ ᠶᠢᠨ ᠬᠦᠯᠢᠶᠡᠬᠦ ᠰᠢᠳᠬᠡᠯ ᠳᠤᠮᠳᠠ ᠬᠠᠮᠲᠤ ᠳᠠᠭᠠᠨ ᠰᠥᠨᠥᠬᠦ ᠪᠣᠯᠣᠨ᠎ᠠ》 ᠭᠡᠵᠡᠢ᠃ 16 ᠬᠠᠷᠢᠨ ᠯᠣᠲ ᠢ ᠰᠠᠭᠠᠲᠠᠨ ᠲᠡᠨᠡᠭᠡᠯᠵᠡᠬᠦ ᠳᠦ᠂ ᠲᠡᠷᠡ ᠬᠥᠮᠦᠰ ᠲᠡᠭᠦᠨ ᠦ ᠭᠠᠷ ᠪᠣᠯᠣᠨ ᠡᠬᠡᠨᠡᠷ ᠦᠨ ᠬᠢᠨᠢ᠂ ᠪᠠᠰᠠ ᠬᠣᠶᠠᠷ ᠥᠬᠢᠨ ᠤ ᠬᠢᠨᠢ ᠭᠠᠷ ᠠᠴᠠ ᠪᠠᠷᠢᠨ ᠠᠪᠴᠤ ᠲᠡᠳᠡᠨ ᠢ ᠭᠠᠳᠠᠭᠰᠢ ᠭᠠᠷᠭᠠᠨ᠂ ᠬᠣᠲᠠ ᠶᠢᠨ ᠭᠠᠳᠠᠨ᠎ᠠ ᠬᠦᠷᠭᠡᠵᠡᠢ᠃ ᠶᠣᠬᠣᠸᠠ ᠲᠡᠳᠡᠨ ᠢ ᠡᠢᠨ ᠬᠦ ᠡᠨᠡᠷᠢᠨ ᠬᠠᠢᠷᠠᠯᠠᠵᠠᠢ᠃ 17 ᠲᠡᠳᠡᠨ ᠢ ᠭᠠᠳᠠᠭᠰᠢ ᠭᠠᠷᠭᠠᠭᠠᠳ ᠨᠥᠭᠥᠭᠡ ᠬᠥᠮᠦᠰ ᠦᠨ ᠨᠢᠭᠡ ᠨᠢ᠄ 《ᠠᠮᠢ ᠶᠢᠨ ᠢᠶᠠᠨ ᠲᠥᠯᠥᠭᠡ ᠵᠢᠭᠤᠲᠠ︕ ᠡᠷᠭᠢᠵᠦ ᠪᠦᠦ ᠬᠠᠷ᠎ᠠ᠂ ᠬᠡᠭᠡᠷ᠎ᠡ ᠲᠠᠯ᠎ᠠ ᠳᠤ ᠵᠣᠭᠰᠣᠯ ᠦᠭᠡᠢ᠂ ᠠᠭᠤᠯᠠ ᠤᠷᠤᠭᠤ ᠵᠢᠭᠤᠲᠠ︕ ᠡᠰᠡ ᠲᠡᠭᠡᠪᠡᠯ ᠰᠥᠨᠥᠭᠡᠭᠳᠡᠨᠡ》 ᠭᠡᠰᠡᠨ ᠳᠦ᠂ 18 ᠯᠣᠲ ᠲᠡᠳᠡᠨ ᠳᠦ᠄ 《ᠦᠭᠡᠢ᠂ ᠡᠵᠡᠳ ᠮᠢᠨᠢ︕ 19 ᠲᠠᠨ ᠤ ᠵᠠᠷᠤᠴᠠ ᠲᠠᠭᠠᠯᠠᠯ ᠣᠯᠣᠭᠰᠠᠨ ᠲᠤᠯᠠ ᠲᠠ ᠦᠨᠡᠨ ᠬᠠᠢᠷ᠎ᠠ ᠪᠠᠨ ᠨᠠᠳᠠ ᠳᠤ ᠦᠵᠡᠭᠦᠯᠵᠦ᠂ ᠠᠮᠢ ᠭᠣᠣᠯ ᠢ ᠮᠢᠨᠢ ᠠᠪᠤᠷᠠᠭᠰᠠᠨ ᠪᠢᠯᠡ᠃ ᠪᠢ ᠬᠠᠷᠢᠨ ᠠᠭᠤᠯᠠ ᠥᠭᠡᠳᠡ ᠵᠢᠭᠤᠲᠠᠵᠤ ᠴᠢᠳᠠᠬᠤ ᠦᠭᠡᠢ ᠨᠢ᠃ ᠪᠢ ᠭᠠᠢ ᠭᠠᠮᠰᠢᠭ ᠲᠤ ᠭᠦᠢᠴᠡᠭᠳᠡᠵᠦ ᠦᠬᠦᠬᠦ ᠪᠤᠢ᠃ 20 ᠬᠠᠷ᠎ᠠ︕ ᠵᠢᠭᠤᠲᠠᠬᠤ ᠳᠤ ᠬᠣᠯᠠ ᠦᠭᠡᠢ ᠵᠢᠵᠢᠭ ᠬᠣᠲᠠ ᠲᠡᠨᠳᠡ ᠪᠤᠢ᠃ ᠨᠠᠮᠠᠶᠢ ᠲᠡᠰᠢ ᠪᠠᠨ ᠤᠷᠭᠤᠭᠤᠯᠤᠭᠠᠴᠢ᠃ ᠲᠡᠷᠡ ᠨᠢ ᠵᠢᠵᠢᠭ ᠬᠣᠲᠠ ᠪᠢᠰᠢ ᠤᠤ︖ ᠪᠢ ᠠᠮᠢᠳᠤ ᠦᠯᠡᠳᠡᠬᠦ ᠪᠠᠢᠬ᠎ᠠ》 ᠭᠡᠪᠡ᠃ 21 ᠲᠡᠷᠡ ᠪᠡᠷ ᠯᠣᠲ ᠲᠤ᠄ 《ᠵᠠ᠂ ᠡᠨᠡ ᠶᠠᠪᠤᠳᠠᠯ ᠳᠡᠭᠡᠷ᠎ᠡ ᠴᠤ ᠪᠢ ᠬᠦᠰᠡᠯᠲᠡ ᠶᠢ ᠴᠢᠨᠢ ᠵᠥᠪᠰᠢᠶᠡᠷᠡᠵᠦ᠂ ᠴᠢᠨᠦ ᠬᠡᠯᠡᠵᠦ ᠪᠠᠢᠭ᠎ᠠ ᠲᠡᠷᠡ ᠬᠣᠲᠠ ᠶᠢ ᠬᠥᠮᠥᠷᠢᠬᠦ ᠦᠭᠡᠢ᠃ 22 ᠬᠠᠷᠢᠨ ᠴᠢ ᠲᠡᠰᠢ ᠲᠦᠷᠭᠡᠨ ᠵᠢᠭᠤᠲᠠ᠃ ᠴᠢᠮᠠᠶᠢ ᠲᠡᠨᠳᠡ ᠣᠴᠢᠲᠠᠯ᠎ᠠ ᠪᠢ ᠶᠠᠭᠤ ᠴᠤ ᠬᠢᠵᠦ ᠪᠣᠯᠬᠤ ᠦᠭᠡᠢ》 ᠭᠡᠪᠡ᠃ (ᠲᠡᠢᠮᠦ ᠤᠴᠢᠷ ᠠᠴᠠ ᠲᠡᠷᠡ ᠬᠣᠲᠠ ᠶᠢ ᠽᠣᠶᠠᠷ 32 ᠭᠡᠵᠦ ᠨᠡᠷᠡᠯᠡᠵᠡᠢ᠃) 23 ᠯᠣᠲ ᠽᠣᠶᠠᠷ ᠲᠤ ᠣᠷᠣᠬᠤ ᠳᠤ᠂ ᠨᠠᠷᠠ ᠭᠠᠵᠠᠷ ᠠᠴᠠ ᠳᠡᠭᠡᠭᠰᠢ ᠮᠠᠨᠳᠤᠭᠰᠠᠨ ᠪᠠᠢᠵᠠᠢ᠃
24 ᠲᠡᠭᠡᠬᠦ ᠳᠦ ᠶᠣᠬᠣᠸᠠ ᠲᠩᠷᠢ ᠡᠴᠡ ᠪᠤᠶᠤ ᠥᠪᠡᠷ ᠡᠴᠡ ᠪᠡᠨ ᠰᠣᠳᠣᠮ᠂ ᠭᠣᠮᠣᠷᠠ ᠳᠡᠭᠡᠷ᠎ᠡ ᠬᠦᠬᠦᠷ ᠪᠣᠯᠣᠨ ᠭᠠᠯ ᠢ ᠪᠣᠷᠣᠭᠠᠨ ᠮᠡᠲᠦ ᠪᠠᠭᠤᠯᠭᠠᠵᠠᠢ᠃ 25 ᠡᠢᠨ ᠬᠦ ᠲᠡᠳᠡᠭᠡᠷ ᠬᠣᠲᠠ ᠶᠢ᠂ ᠬᠡᠭᠡᠷ᠎ᠡ ᠲᠠᠯ᠎ᠠ ᠶᠢ ᠪᠦᠬᠦᠨ ᠢ᠂ ᠪᠦᠬᠦ ᠬᠣᠲᠠ ᠶᠢᠨ ᠬᠢᠨ ᠢ᠂ ᠮᠥᠨ ᠭᠠᠵᠠᠷ ᠳᠡᠭᠡᠷᠡᠬᠢ ᠤᠷᠭᠤᠮᠠᠯ ᠢ ᠬᠥᠮᠥᠷᠢᠵᠡᠢ᠃ 26 ᠲᠡᠭᠡᠲᠡᠯ᠎ᠡ ᠯᠣᠲ ᠤᠨ ᠬᠣᠢᠨ᠎ᠠ ᠶᠠᠪᠤᠵᠤ ᠪᠠᠢᠭᠰᠠᠨ ᠡᠬᠡᠨᠡᠷ ᠨᠢ ᠡᠷᠭᠢᠵᠦ ᠬᠠᠷᠠᠭᠠᠳ ᠳᠠᠪᠤᠰᠤᠨ ᠪᠠᠭᠠᠨ᠎ᠠ ᠪᠣᠯᠵᠠᠢ᠃
27 ᠥᠷᠯᠥᠭᠡ ᠡᠷᠲᠡ ᠠᠪᠷᠠᠬᠠᠮ ᠶᠣᠬᠣᠸᠠ ᠶᠢᠨ ᠡᠮᠦᠨ᠎ᠡ ᠵᠣᠭᠰᠣᠵᠤ ᠪᠠᠢᠭᠰᠠᠨ ᠲᠡᠷᠡ ᠭᠠᠵᠠᠷ ᠤᠷᠤᠭᠤ ᠪᠠᠨ ᠣᠴᠢᠵᠤ᠂ 28 ᠰᠣᠳᠣᠮ᠂ ᠭᠣᠮᠣᠷᠠ ᠤᠷᠤᠭᠤ᠂ ᠬᠡᠭᠡᠷ᠎ᠡ ᠲᠠᠯ᠎ᠠ ᠤᠷᠤᠭᠤ ᠨᠡᠢᠳᠡᠮ ᠳᠦᠨᠢ ᠬᠠᠷᠠᠬᠤ ᠳᠤ᠂ ᠵᠤᠤᠬᠠᠨ ᠠᠴᠠ ᠭᠠᠷᠴᠤ ᠪᠠᠢᠭ᠎ᠠ ᠤᠲᠤᠭ᠎ᠠ ᠰᠢᠭ᠋ ᠤᠲᠤᠭ᠎ᠠ ᠭᠠᠵᠠᠷ ᠠᠴᠠ ᠪᠤᠷᠭᠢᠯᠵᠤ ᠪᠠᠢᠪᠠ︕
29 ᠡᠢᠨ ᠬᠦ ᠪᠤᠷᠬᠠᠨ ᠲᠠᠯ᠎ᠠ ᠶᠢᠨ ᠬᠣᠲᠠ ᠨᠤᠭᠤᠳ ᠢ ᠤᠰᠠᠳᠬᠠᠬᠤ ᠳᠠᠭᠠᠨ ᠠᠪᠷᠠᠬᠠᠮ ᠢ ᠳᠤᠷᠠᠰᠤᠨ ᠰᠠᠨᠠᠵᠠᠢ᠃ ᠯᠣᠲ ᠤᠨ ᠰᠠᠭᠤᠵᠤ ᠪᠠᠢᠭ᠎ᠠ ᠬᠣᠲᠠ ᠶᠢ ᠬᠥᠮᠥᠷᠢᠨ ᠰᠥᠨᠥᠭᠡᠬᠦ ᠳᠡᠭᠡᠨ ᠯᠣᠲ ᠢ ᠰᠥᠨᠥᠭᠡᠯᠲᠡ ᠡᠴᠡ ᠮᠡᠨᠳᠦ ᠭᠠᠷᠭᠠᠵᠠᠢ᠃
ᠯᠣᠲ ᠬᠢᠭᠡᠳ ᠲᠡᠭᠦᠨ ᠦ ᠥᠬᠢᠳ
30 ᠯᠣᠲ ᠽᠣᠶᠠᠷ ᠲᠤ ᠰᠠᠭᠤᠷᠢᠰᠢᠬᠤ ᠠᠴᠠ ᠠᠶᠤᠭᠰᠠᠨ ᠤᠴᠢᠷ ᠬᠣᠶᠠᠷ ᠥᠬᠢᠨ ᠤ ᠪᠠᠨ ᠬᠠᠮᠲᠤ ᠽᠣᠶᠠᠷ ᠠᠴᠠ ᠭᠠᠷᠴᠤ᠂ ᠠᠭᠤᠯᠠᠨ ᠳᠤ ᠣᠷᠣᠵᠤ ᠲᠡᠨᠳᠡ ᠰᠠᠭᠤᠷᠢᠰᠢᠪᠠ᠃ ᠲᠡᠷᠡ ᠪᠡᠷ ᠬᠣᠶᠠᠷ ᠥᠬᠢᠨ ᠲᠠᠢ ᠪᠠᠨ ᠠᠭᠤᠢ ᠳᠤ ᠰᠠᠭᠤᠵᠤ ᠪᠠᠢᠬᠤ ᠳᠤ᠂ 31 ᠨᠢᠭᠡᠨ ᠡᠳᠦᠷ ᠶᠡᠬᠡ ᠥᠬᠢᠨ ᠨᠢ ᠥᠬᠢᠨ ᠳᠡᠭᠦᠦ ᠳᠡᠭᠡᠨ᠄ 《ᠠᠪᠤ ᠮᠠᠨᠢ ᠡᠪᠦᠭᠡᠷᠡᠭᠰᠡᠨ ᠪᠥᠭᠡᠳ ᠡᠨᠡ ᠭᠠᠵᠠᠷ ᠲᠤ ᠶᠢᠷᠲᠢᠨᠴᠦ ᠶᠢᠨ ᠵᠢᠮ᠎ᠡ ᠶᠣᠰᠣ ᠪᠠᠷ ᠪᠢᠳᠡᠨ ᠳᠡᠭᠡᠷ᠎ᠡ ᠣᠷᠣᠬᠤ ᠡᠷ᠎ᠡ ᠠᠯᠠᠭ᠎ᠠ ᠪᠠᠢᠨ᠎ᠠ᠃ 32 ᠵᠠ᠂ ᠪᠢᠳᠡ ᠬᠣᠶᠠᠭᠤᠯᠠ ᠠᠪᠤ ᠳᠠᠭᠠᠨ ᠳᠠᠷᠠᠰᠤ ᠤᠤᠭᠤᠯᠭᠠᠭᠠᠳ᠂ ᠲᠡᠭᠦᠨ ᠲᠡᠢ ᠤᠨᠲᠠᠵᠤ᠂ ᠠᠪᠤ ᠠᠴᠠ ᠪᠠᠨ ᠦᠷ᠎ᠡ ᠤᠳᠤᠮ ᠪᠠᠨ ᠵᠠᠯᠭᠠᠭᠤᠯᠤᠶᠠ》 ᠭᠡᠪᠡ᠃ 33 ᠲᠡᠷᠡ ᠰᠥᠨᠢ ᠳᠡᠭᠡᠨ ᠲᠡᠳᠡ ᠡᠴᠢᠭᠡ ᠳᠡᠭᠡᠨ ᠳᠠᠷᠠᠰᠤ ᠤᠤᠭᠤᠯᠭᠠᠵᠤ᠂ ᠶᠡᠬᠡ ᠥᠬᠢᠨ ᠨᠢ ᠡᠴᠢᠭᠡ ᠳᠡᠭᠡᠷ᠎ᠡ ᠪᠡᠨ ᠣᠴᠢᠵᠤ ᠲᠡᠭᠦᠨ ᠲᠡᠢ ᠤᠨᠲᠠᠵᠠᠢ᠃ ᠬᠠᠷᠢᠨ ᠡᠴᠢᠭᠡ ᠨᠢ ᠥᠬᠢᠨ ᠤ ᠪᠠᠨ ᠬᠡᠪᠲᠡᠵᠦ᠂ ᠪᠣᠰᠣᠭᠰᠠᠨ ᠢ ᠨᠢ ᠮᠡᠳᠡᠭᠰᠡᠨ ᠦᠭᠡᠢ᠃ 34 ᠮᠠᠷᠭᠠᠰᠢ ᠨᠢ ᠶᠡᠬᠡ ᠥᠬᠢᠨ ᠨᠢ ᠳᠡᠭᠦᠦ ᠳᠡᠭᠡᠨ᠄ 《ᠥᠩᠭᠡᠷᠡᠭᠰᠡᠨ ᠰᠥᠨᠢ ᠪᠢ ᠡᠴᠢᠭᠡ ᠲᠡᠢ ᠪᠡᠨ ᠤᠨᠲᠠᠭᠰᠠᠨ᠂ ᠥᠨᠥ ᠰᠥᠨᠢ ᠪᠢᠳᠡ ᠪᠠᠰᠠ ᠡᠴᠢᠭᠡ ᠲᠡᠭᠡᠨ ᠳᠠᠷᠠᠰᠤ ᠤᠤᠭᠤᠯᠭᠠᠶ᠎ᠠ᠃ ᠲᠡᠭᠡᠭᠡᠳ ᠴᠢ ᠶᠠᠪᠤᠵᠤ ᠲᠡᠭᠦᠨ ᠲᠡᠢ ᠤᠨᠲᠠ᠂ ᠪᠢᠳᠡ ᠡᠢᠨ ᠬᠦ ᠡᠴᠢᠭᠡ ᠡᠴᠡ ᠪᠡᠨ ᠦᠷ᠎ᠡ ᠤᠳᠤᠮ ᠢᠶᠠᠨ ᠵᠠᠯᠭᠠᠭᠤᠯᠤᠶᠠ》 ᠭᠡᠪᠡ᠃ 35 ᠲᠡᠷᠡ ᠰᠥᠨᠢ ᠴᠤ ᠲᠡᠳᠡ ᠡᠴᠢᠭᠡ ᠳᠡᠭᠡᠨ ᠳᠠᠷᠠᠰᠤ ᠤᠤᠭᠤᠯᠭᠠᠭᠠᠳ ᠪᠠᠭ᠎ᠠ ᠥᠬᠢᠨ ᠨᠢ ᠣᠴᠢᠵᠤ᠂ ᠡᠴᠢᠭᠡ ᠲᠡᠢ ᠪᠡᠨ ᠤᠨᠲᠠᠵᠠᠢ᠃ ᠬᠠᠷᠢᠨ ᠡᠴᠢᠭᠡ ᠨᠢ ᠥᠬᠢᠨ ᠤ ᠪᠠᠨ ᠬᠡᠪᠲᠡᠵᠦ᠂ ᠪᠣᠰᠣᠭᠰᠠᠨ ᠢ ᠨᠢ ᠮᠡᠳᠡᠭᠰᠡᠨ ᠦᠭᠡᠢ᠃ 36 ᠲᠡᠢᠨ ᠬᠦ ᠯᠣᠲ ᠤᠨ ᠬᠣᠶᠠᠷ ᠥᠬᠢᠨ ᠡᠴᠢᠭᠡ ᠡᠴᠡ ᠪᠡᠨ ᠬᠡᠦᠬᠡᠳ ᠲᠡᠢ ᠪᠣᠯᠪᠠ᠃ 37 ᠶᠡᠬᠡ ᠥᠬᠢᠨ ᠨᠢ ᠬᠦᠦ ᠲᠥᠷᠥᠭᠦᠯᠵᠦ᠂ ᠬᠦᠦ ᠪᠡᠨ ᠮᠣᠶᠠᠪ 33 ᠭᠡᠵᠦ ᠨᠡᠷᠡᠯᠡᠵᠡᠢ᠃ ᠥᠨᠥ ᠶᠢᠨ ᠮᠣᠶᠠᠪᠴᠤᠳ ᠤᠨ ᠡᠪᠦᠭᠡ ᠨᠢ ᠲᠡᠷᠡ ᠪᠢᠯᠡ᠃ 38 ᠪᠠᠭ᠎ᠠ ᠥᠬᠢᠨ ᠨᠢ ᠴᠤ ᠬᠦᠦ ᠲᠥᠷᠥᠭᠦᠯᠵᠦ᠂ ᠬᠦᠦ ᠪᠡᠨ ᠪᠧᠨ ᠠᠮᠢ 34 ᠭᠡᠵᠦ ᠨᠡᠷᠡᠯᠡᠪᠡ᠃ ᠥᠨᠥ ᠶᠢᠨ ᠠᠮᠣᠨᠴᠤᠳ ᠤᠨ ᠡᠪᠦᠭᠡ ᠨᠢ ᠲᠡᠷᠡ ᠪᠢᠯᠡ᠃