1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠳᠥᠷᠪᠡ
 ᠺᠠᠢᠨ ᠪᠠ ᠠᠪᠧᠯ

1 ᠠᠳᠠᠮ ᠡᠬᠡᠨᠡᠷ ᠬᠠᠸᠠ ᠲᠠᠢ ᠪᠠᠨ ᠡᠩᠭᠡᠷ ᠵᠥᠷᠢᠭᠦᠯᠦᠭᠰᠡᠨ ᠳᠦ᠂ ᠬᠠᠸᠠ ᠵᠢᠷᠮᠦᠰᠦᠯᠡᠨ ᠺᠠᠢᠨ ᠢ ᠲᠥᠷᠥᠭᠦᠯᠵᠦ᠄ 《ᠶᠣᠬᠣᠸᠠ ᠶᠢᠨ ᠢᠪᠡᠭᠡᠯ ᠢᠶᠡᠷ ᠪᠢ ᠬᠥᠮᠦᠨ ᠣᠯᠵᠠᠢ》 ᠭᠡᠵᠦ ᠬᠡᠯᠡᠪᠡ᠃ 2 ᠳᠠᠬᠢᠭᠠᠳ ᠲᠡᠷᠡ ᠪᠡᠷ ᠺᠠᠢᠨ ᠤ ᠳᠡᠭᠦᠦ ᠠᠪᠧᠯ ᠢ ᠲᠥᠷᠥᠭᠦᠯᠵᠡᠢ᠃ ᠲᠡᠭᠡᠭᠡᠳ ᠠᠪᠧᠯ ᠨᠢ ᠬᠣᠨᠢᠴᠢᠨ᠂ ᠺᠠᠢᠨ ᠨᠢ ᠲᠠᠷᠢᠶᠠᠴᠢᠨ ᠪᠣᠯᠵᠠᠢ᠃ 3 ᠬᠡᠰᠡᠭ ᠬᠤᠭᠤᠴᠠᠭ᠎ᠠ ᠥᠩᠭᠡᠷᠡᠭᠰᠡᠨ ᠦ ᠳᠠᠷᠠᠭ᠎ᠠ᠂ ᠺᠠᠢᠨ ᠭᠠᠵᠠᠷ ᠠᠴᠠ ᠠᠪᠤᠭᠰᠠᠨ ᠦᠷ᠎ᠡ ᠵᠢᠮᠢᠰ ᠡᠴᠡ ᠪᠡᠨ ᠶᠣᠬᠣᠸᠠ ᠳᠤ ᠡᠷᠭᠦᠯ ᠪᠣᠯᠭᠠᠨ ᠪᠠᠷᠢᠬᠤ ᠳᠤ᠂ 4 ᠠᠪᠧᠯ ᠪᠠᠰᠠ ᠬᠣᠨᠢᠨ ᠰᠦᠷᠦᠭ ᠦᠨ ᠢᠶᠠᠨ ᠠᠩ᠋ᠬᠠᠨ ᠤ ᠲᠥᠯ ᠤᠳ ᠪᠣᠯᠣᠨ ᠥᠭᠡᠬᠦᠨ ᠡᠴᠡ ᠨᠢ ᠡᠷᠭᠦᠵᠡᠢ᠃ ᠶᠣᠬᠣᠸᠠ ᠠᠪᠧᠯ ᠪᠣᠯᠣᠨ ᠲᠡᠭᠦᠨ ᠦ ᠡᠷᠭᠦᠯ ᠢ ᠲᠠᠭᠠᠰᠢᠶᠠᠭᠠᠳ᠂ 5 ᠺᠠᠢᠨ ᠪᠣᠯᠣᠨ ᠲᠡᠭᠦᠨ ᠦ ᠡᠷᠭᠦᠯ ᠢ ᠲᠠᠭᠠᠰᠢᠶᠠᠭᠰᠠᠨ ᠦᠭᠡᠢ᠃ ᠺᠠᠢᠨ ᠶᠡᠬᠡᠳᠡ ᠠᠭᠤᠷᠯᠠᠨ ᠤᠷᠤᠭᠤ ᠴᠢᠷᠠᠢᠯᠠᠪᠠ᠃ 6 ᠶᠣᠬᠣᠸᠠ ᠺᠠᠢᠨ ᠳᠤ᠄ 《ᠴᠢ ᠶᠠᠭᠤᠨ ᠳᠤ ᠠᠭᠤᠷᠯᠠᠨ᠎ᠠ ᠪᠤᠢ︖ ᠶᠠᠭᠤᠨ ᠤ ᠤᠴᠢᠷ ᠤᠷᠤᠭᠤ ᠴᠢᠷᠠᠢᠯᠠᠨ᠎ᠠ ᠪᠤᠢ︖ 7 ᠬᠡᠷᠪᠡ ᠰᠠᠢᠨ ᠢ ᠦᠢᠯᠡᠳᠴᠦ ᠪᠠᠢᠭ᠎ᠠ ᠪᠣᠯ ᠴᠢ ᠬᠦᠯᠢᠶᠡᠨ ᠠᠪᠤᠭᠳᠠᠬᠤ ᠶᠣᠰᠣᠲᠠᠢ ᠪᠢᠰᠢ ᠤᠤ︖ ᠬᠡᠷᠪᠡ ᠴᠢ ᠰᠠᠢᠨ ᠢ ᠬᠢᠬᠦ ᠦᠭᠡᠢ ᠪᠣᠯ ᠨᠢᠭᠦᠯ ᠡᠭᠦᠳᠡᠨ ᠳᠡᠭᠡᠷ᠎ᠡ ᠴᠢᠨᠢ ᠭᠡᠲᠡᠬᠦ ᠪᠣᠯᠣᠨ᠎ᠠ᠂ ᠨᠢᠭᠦᠯ ᠴᠢᠮᠠᠶᠢ ᠪᠠᠷᠢᠬᠤ ᠶᠢ ᠬᠦᠰᠡᠪᠡᠴᠦ ᠴᠢ ᠲᠡᠭᠦᠨ ᠢ ᠵᠠᠬᠢᠷᠬᠤ ᠶᠣᠰᠣᠲᠠᠢ 7 》 ᠭᠡᠪᠡ᠃

8 ᠺᠠᠢᠨ ᠳᠡᠭᠦᠦ ᠠᠪᠧᠯ ᠳᠠᠭᠠᠨ᠄ 《ᠬᠡᠭᠡᠷ᠎ᠡ ᠲᠠᠯ᠎ᠠ ᠳᠤ ᠭᠠᠷᠴᠠᠭᠠᠶ᠎ᠠ》 ᠭᠡᠪᠡ 8 ᠃ ᠬᠡᠭᠡᠷ᠎ᠡ ᠲᠠᠯ᠎ᠠ ᠳᠤ ᠪᠠᠢᠬᠤ ᠳᠠᠭᠠᠨ ᠺᠠᠢᠨ ᠳᠡᠭᠦᠦ ᠠᠪᠧᠯ ᠤᠷᠤᠭᠤ ᠪᠠᠨ ᠳᠠᠭᠠᠷᠢᠵᠤ᠂ ᠲᠡᠭᠦᠨ ᠢ ᠴᠣᠬᠢᠵᠤ ᠠᠯᠠᠪᠠ᠃ 9 ᠶᠣᠬᠣᠸᠠ ᠺᠠᠢᠨ ᠠᠴᠠ᠄ 《ᠴᠢᠨᠦ ᠳᠡᠭᠦᠦ ᠠᠪᠧᠯ ᠬᠠᠮᠢᠭ᠎ᠠ ᠪᠠᠢᠨ᠎ᠠ ᠪᠤᠢ︖》 ᠭᠡᠵᠦ ᠠᠰᠠᠭᠤᠬᠤ ᠳᠤ᠂ ᠲᠡᠷᠡ᠄ 《ᠪᠢ ᠮᠡᠳᠡᠬᠦ ᠦᠭᠡᠢ᠃ ᠪᠢ ᠳᠡᠭᠦᠦ ᠶᠢᠨ ᠢᠶᠠᠨ ᠬᠠᠷᠠᠭᠤᠯ ᠶᠤᠮ ᠤᠤ︖》 ᠭᠡᠪᠡ᠃ 10 ᠡᠵᠡᠨ᠄ 《ᠴᠢ ᠶᠠᠭᠤ ᠬᠢᠴᠢᠬᠡᠭᠰᠡᠨ ᠪᠤᠢ︖ ᠴᠢᠨᠦ ᠳᠡᠭᠦᠦ ᠶᠢᠨ ᠴᠢᠰᠤᠨ ᠤ ᠳᠠᠭᠤ ᠭᠠᠵᠠᠷ ᠠᠴᠠ ᠨᠠᠳᠠ ᠤᠷᠤᠭᠤ ᠬᠠᠰᠬᠢᠷᠴᠤ ᠪᠠᠢᠨ᠎ᠠ᠃ 11 ᠣᠳᠣ ᠭᠠᠵᠠᠷ ᠠᠴᠠ ᠴᠢᠮ᠎ᠠ ᠳᠤ ᠬᠠᠷᠢᠶᠠᠯ ᠬᠦᠷᠦᠨ᠎ᠡ᠂ ᠭᠠᠵᠠᠷ ᠠᠮᠠ ᠪᠠᠨ ᠠᠩ᠋ᠭᠠᠢᠵᠤ ᠴᠢᠨᠦ ᠭᠠᠷ ᠠᠴᠠ ᠳᠡᠭᠦᠦ ᠶᠢᠨ ᠴᠢᠨᠢ ᠴᠢᠰᠤ ᠶᠢ ᠠᠪᠤᠭᠰᠠᠨ᠂ 12 ᠴᠢ ᠭᠠᠵᠠᠷ ᠬᠠᠭᠠᠯᠬᠤ ᠳᠤ ᠭᠠᠵᠠᠷ ᠴᠢᠮ᠎ᠠ ᠳᠤ ᠦᠷ᠎ᠡ ᠰᠢᠮ᠎ᠡ ᠶᠢ ᠡᠯᠪᠡᠭ ᠢᠶᠡᠷ ᠥᠭᠬᠦ ᠪᠡᠨ ᠪᠣᠯᠢᠨ᠎ᠠ᠂ ᠴᠢ ᠭᠠᠵᠠᠷ ᠳᠡᠭᠡᠷ᠎ᠡ ᠬᠡᠰᠦᠨ ᠲᠡᠨᠦᠭᠦᠴᠢᠯᠡᠭᠰᠡᠭᠡᠷ ᠪᠠᠢᠬᠤ ᠪᠣᠯᠣᠨ᠎ᠠ》 ᠭᠡᠪᠡ᠃ 13 ᠺᠠᠢᠨ ᠶᠣᠬᠣᠸᠠ ᠳᠤ᠄ 《ᠨᠠᠳᠠ ᠳᠤ ᠤᠨᠤᠭᠠᠭᠳᠠᠭᠰᠠᠨ ᠶᠠᠯ᠎ᠠ ᠰᠢᠳᠬᠡᠯ ᠬᠦᠨᠳᠦᠳᠡᠵᠦ᠂ ᠳᠠᠭᠠᠭᠠᠬᠤ ᠬᠢᠷᠢ ᠡᠴᠡ ᠮᠢᠨᠢ ᠬᠡᠲᠦᠷᠡᠵᠡᠢ᠃ 14 ᠲᠠ ᠥᠨᠥᠳᠥᠷ ᠨᠠᠮᠠᠶᠢ ᠭᠠᠵᠠᠷ ᠤᠨ ᠬᠥᠷᠥᠰᠥᠨ ᠡᠴᠡ ᠵᠠᠢᠯᠠᠭᠤᠯᠤᠯ᠎ᠠ︕ ᠪᠢ ᠲᠠᠨ ᠤ ᠣᠷᠣᠰᠢᠬᠤᠢ ᠠᠴᠠ ᠳᠠᠯᠳᠠ ᠣᠷᠣᠵᠤ ᠭᠠᠵᠠᠷ ᠢᠶᠠᠷ ᠬᠡᠰᠦᠨ ᠲᠡᠨᠦᠭᠦᠴᠢᠯᠡᠭᠴᠢ ᠪᠣᠯᠣᠨ᠎ᠠ᠃ ᠨᠠᠳᠠ ᠲᠠᠢ ᠲᠠᠭᠠᠷᠠᠯᠳᠤᠭᠰᠠᠨ ᠬᠡᠨ ᠴᠤ ᠨᠠᠮᠠᠶᠢ ᠠᠯᠠᠬᠤ ᠪᠣᠯᠣᠨ᠎ᠠ》 ᠭᠡᠵᠡᠢ᠃ 15 ᠶᠣᠬᠣᠸᠠ ᠲᠡᠭᠦᠨ ᠳᠦ᠄ 《ᠲᠡᠢᠮᠦ ᠪᠢᠰᠢ᠂ ᠺᠠᠢᠨ ᠢ ᠠᠯᠠᠭᠰᠠᠨ ᠬᠡᠨ ᠴᠤ ᠳᠣᠯᠣᠭ᠎ᠠ ᠳᠠᠬᠢᠨ ᠬᠠᠷᠢᠭᠤ ᠰᠢᠳᠬᠡᠯ ᠬᠦᠯᠢᠶᠡᠬᠦ ᠪᠣᠯᠣᠨ᠎ᠠ》 ᠭᠡᠵᠦ ᠬᠡᠯᠡᠭᠡᠳ ᠺᠠᠢᠨ ᠳᠤ ᠲᠡᠮᠳᠡᠭ ᠲᠠᠯᠪᠢᠵᠤ᠂ ᠲᠡᠭᠦᠨ ᠲᠡᠢ ᠠᠭᠤᠯᠵᠠᠭᠰᠠᠨ ᠬᠡᠨ ᠴᠤ ᠲᠡᠭᠦᠨ ᠢ ᠬᠥᠨᠥᠭᠡᠬᠦ ᠦᠭᠡᠢ ᠪᠣᠯᠭᠠᠪᠠ᠃ 16 ᠺᠠᠢᠨ ᠶᠣᠬᠣᠸᠠ ᠶᠢᠨ ᠣᠷᠣᠰᠢᠬᠤᠢ ᠠᠴᠠ ᠶᠠᠪᠤᠵᠤ᠂ ᠡᠳᠧᠨ ᠤ ᠵᠡᠭᠦᠨ ᠲᠠᠯ᠎ᠠ ᠳᠠᠬᠢ ᠨᠣᠳ᠋ 9 ᠭᠡᠳᠡᠭ ᠭᠠᠵᠠᠷ ᠲᠤ ᠰᠠᠭᠤᠷᠢᠰᠢᠪᠠ᠃

17 ᠺᠠᠢᠨ ᠡᠬᠡᠨᠡᠷ ᠲᠡᠢ ᠪᠡᠨ ᠡᠩᠭᠡᠷ ᠵᠥᠷᠢᠭᠦᠯᠦᠭᠰᠡᠨ ᠳᠦ᠂ ᠡᠬᠡᠨᠡᠷ ᠨᠢ ᠵᠢᠷᠮᠦᠰᠦᠯᠡᠵᠦ᠂ ᠡᠨᠣᠺ ᠢ ᠲᠥᠷᠥᠭᠦᠯᠪᠡ᠃ ᠺᠠᠢᠨ ᠬᠣᠲᠠ ᠪᠠᠢᠭᠤᠯᠵᠤ᠂ ᠲᠡᠭᠦᠨ ᠢ ᠪᠠᠨ ᠬᠦᠦ ᠶᠢᠨ ᠢᠶᠠᠨ ᠨᠡᠷ᠎ᠡ ᠪᠡᠷ ᠡᠨᠣᠺ ᠭᠡᠵᠦ ᠨᠡᠷᠡᠯᠡᠪᠡ᠃ 18 ᠡᠨᠣᠺ ᠲᠤ ᠢᠷᠠᠳ᠋ ᠲᠥᠷᠥᠪᠡ᠂ ᠢᠷᠠᠳ᠋ ᠤᠨ ᠬᠦᠦ ᠮᠧᠾᠦ᠋ᠶᠠᠶᠧᠯ᠂ ᠮᠧᠾᠦ᠋ᠶᠠᠶᠧᠯ ᠤᠨ ᠬᠦᠦ ᠮᠧᠲ᠋ᠣᠱᠠᠶᠧᠯ᠂ ᠮᠧᠲ᠋ᠣᠱᠠᠶᠧᠯ ᠤᠨ ᠬᠦᠦ ᠯᠠᠮᠧᠺ ᠪᠢᠯᠡ᠃ 19 ᠯᠠᠮᠧᠺ ᠬᠣᠶᠠᠷ ᠡᠬᠡᠨᠡᠷ ᠠᠪᠴᠠᠢ᠃ ᠨᠢᠭᠡ ᠶᠢᠨ ᠬᠢᠨᠢ ᠨᠡᠷ᠎ᠡ ᠠᠳᠠ᠂ ᠨᠥᠭᠥᠭᠡ ᠶᠢᠨ ᠬᠢᠨᠢ ᠨᠡᠷ᠎ᠡ ᠽᠢᠯᠠ ᠭᠡᠳᠡᠭ᠃ 20 ᠠᠳᠠ ᠠᠴᠠ ᠶᠠᠪᠠᠯ ᠲᠥᠷᠥᠵᠡᠢ᠃ ᠲᠡᠷᠡ ᠪᠣᠯ ᠮᠠᠢᠬᠠᠨ ᠳᠤ ᠰᠠᠭᠤᠵᠤ ᠮᠠᠯ ᠬᠠᠷᠢᠭᠤᠯᠤᠭᠴᠢᠳ ᠤᠨ ᠳᠡᠭᠡᠳᠦ ᠡᠪᠦᠭᠡ ᠶᠤᠮ᠃ 21 ᠳᠡᠭᠦᠦ ᠶᠢᠨ ᠬᠢᠨᠢ ᠨᠡᠷ᠎ᠡ ᠶᠢ ᠶᠦᠪᠠᠯ ᠭᠡᠳᠡᠭ᠃ ᠲᠡᠷᠡ ᠪᠣᠯ ᠪᠣᠰᠣᠭ᠎ᠠ ᠶᠠᠲᠤᠭᠠᠴᠢᠳ ᠪᠠ ᠯᠢᠨᠪᠦᠴᠢᠳ ᠤᠨ ᠳᠡᠭᠡᠳᠦ ᠡᠪᠦᠭᠡ ᠶᠤᠮ᠃ 22 ᠽᠢᠯᠠ ᠠᠴᠠ ᠲᠦᠪᠠᠯ ᠺᠠᠢᠨ ᠲᠥᠷᠥᠵᠡᠢ᠃ ᠲᠡᠷᠡ ᠪᠡᠷ ᠬᠦᠷᠡᠯ᠂ ᠲᠡᠮᠦᠷ ᠢᠶᠡᠷ ᠶᠠᠩᠵᠤ ᠪᠦᠷᠢ ᠶᠢᠨ ᠪᠠᠭᠠᠵᠢ ᠬᠢᠳᠡᠭ ᠬᠥᠮᠦᠨ ᠪᠠᠢᠪᠠ᠃ ᠲᠦᠪᠠᠯ ᠺᠠᠢᠨ ᠤ ᠥᠬᠢᠨ ᠳᠡᠭᠦᠦ ᠨᠢ ᠨᠠᠮᠠ ᠶᠤᠮ᠃

23 ᠯᠠᠮᠧᠺ ᠡᠬᠡᠨᠡᠷ ᠤᠳ ᠲᠡᠭᠡᠨ᠄ 《ᠠᠳᠠ᠂ ᠽᠢᠯᠠ᠂ ᠮᠢᠨᠦ ᠦᠭᠡ ᠶᠢ ᠰᠣᠨᠣᠰ︕ ᠯᠠᠮᠧᠺ ᠤᠨ ᠡᠬᠡᠨᠡᠷ ᠤᠳ ᠡ᠂ ᠮᠢᠨᠦ ᠶᠠᠷᠢᠶᠠᠨ ᠳᠤ ᠴᠢᠬᠢ ᠪᠠᠨ ᠬᠠᠨᠳᠤᠭᠤᠯ︕ ᠨᠠᠮᠠᠶᠢ ᠰᠢᠷᠬᠠᠲᠤᠭᠤᠯᠤᠭᠰᠠᠨ ᠨᠢᠭᠡᠨ ᠢ ᠪᠢ ᠠᠯᠠᠭᠰᠠᠨ ᠨᠠᠮᠠᠶᠢ ᠵᠣᠳᠣᠭᠰᠠᠨ ᠵᠠᠯᠠᠭᠤ ᠶᠢ ᠪᠢ ᠬᠥᠨᠥᠭᠡᠭᠰᠡᠨ᠂
24 ᠺᠠᠢᠨ ᠢ ᠬᠣᠬᠢᠷᠠᠭᠠᠭᠴᠢ ᠨᠢ ᠳᠣᠯᠣᠭ᠎ᠠ ᠳᠠᠬᠢᠨ ᠬᠠᠷᠢᠭᠤ ᠰᠢᠳᠬᠡᠯ ᠬᠦᠯᠢᠶᠡᠨ᠎ᠡ᠂ ᠯᠠᠮᠧᠺ ᠶᠢ ᠬᠣᠬᠢᠷᠠᠭᠠᠭᠴᠢ ᠨᠢ ᠳᠠᠯᠠᠨ ᠳᠣᠯᠣᠭ᠎ᠠ ᠳᠠᠬᠢᠨ ᠬᠠᠷᠢᠭᠤ ᠰᠢᠳᠬᠡᠯ ᠬᠦᠯᠢᠶᠡᠨ᠎ᠡ》 ᠭᠡᠪᠡ᠃

25 ᠠᠳᠠᠮ ᠡᠬᠡᠨᠡᠷ ᠲᠡᠢ ᠪᠡᠨ ᠳᠠᠬᠢᠨ ᠡᠩᠭᠡᠷ ᠵᠥᠷᠢᠭᠦᠯᠦᠭᠰᠡᠨ ᠳᠦ᠂ ᠡᠬᠡᠨᠡᠷ ᠨᠢ ᠬᠦᠦ ᠲᠥᠷᠥᠭᠦᠯᠵᠦ 《ᠪᠤᠷᠬᠠᠨ ᠨᠠᠳᠠ ᠳᠤ ᠺᠠᠢᠨ ᠤ ᠠᠯᠠᠭᠰᠠᠨ ᠠᠪᠧᠯ ᠤᠨ ᠣᠷᠣᠨ ᠳᠤ ᠥᠭᠡᠷ᠎ᠡ ᠦᠷ᠎ᠡ ᠵᠠᠶᠠᠭᠠᠵᠠᠢ》 ᠭᠡᠳ ᠲᠡᠭᠦᠨ ᠢ ᠰᠧᠲ 10 ᠭᠡᠵᠦ ᠨᠡᠷᠡᠯᠡᠪᠡ᠃ 26 ᠰᠧᠲ ᠪᠠᠰᠠ ᠨᠢᠭᠡ ᠬᠦᠦ ᠲᠡᠢ ᠪᠣᠯᠵᠤ᠂ ᠲᠡᠭᠦᠨ ᠢ ᠡᠨᠣᠱ ᠭᠡᠵᠦ ᠨᠡᠷᠡᠯᠡᠪᠡ᠃ ᠲᠡᠷᠡ ᠴᠠᠭ ᠠᠴᠠ ᠡᠬᠢᠯᠡᠨ ᠬᠥᠮᠦᠰ ᠶᠣᠬᠣᠸᠠ ᠶᠢᠨ ᠨᠡᠷ᠎ᠡ ᠶᠢ ᠳᠠᠭᠤᠳᠠᠬᠤ ᠪᠣᠯᠵᠠᠢ᠃