ᠡᠬᠢᠯᠡᠯ ᠭᠤᠴᠢ
1 ᠷᠠᠾᠢᠯ ᠶᠠᠺᠣᠪ ᠲᠤ ᠬᠦᠦ ᠲᠥᠷᠥᠭᠦᠯᠵᠦ ᠴᠢᠳᠠᠭ᠎ᠠ ᠦᠭᠡᠢ ᠪᠡᠨ ᠦᠵᠡᠭᠡᠳ ᠡᠭᠡᠴᠢ ᠲᠠᠢ ᠪᠠᠨ ᠠᠲᠠᠭᠠᠷᠬᠠᠵᠤ᠂ ᠶᠠᠺᠣᠪ ᠲᠤ᠄ 《ᠨᠠᠳᠠ ᠳᠤ ᠬᠦᠦ ᠥᠭ᠃ ᠲᠡᠭᠡᠬᠦ ᠦᠭᠡᠢ ᠪᠣᠯ ᠪᠢ ᠦᠬᠦᠨ᠎ᠡ》 ᠭᠡᠵᠡᠢ᠃ 2 ᠶᠠᠺᠣᠪ ᠷᠠᠾᠢᠯ ᠳᠤ ᠠᠭᠤᠷᠯᠠᠨ᠄ 《ᠪᠤᠷᠬᠠᠨ ᠴᠢᠮ᠎ᠠ ᠳᠤ ᠬᠡᠪᠡᠯᠢ ᠶᠢᠨ ᠦᠷ᠎ᠡ ᠵᠢᠮᠢᠰ ᠥᠭᠭᠥᠭᠡ ᠦᠭᠡᠢ ᠪᠠᠢᠬᠤ ᠳᠤ᠂ ᠪᠢ ᠲᠡᠭᠦᠨ ᠢ ᠣᠷᠣᠯᠠᠵᠤ ᠴᠢᠳᠠᠨ᠎ᠠ ᠭᠡᠵᠢ ᠤᠤ︖》 ᠭᠡᠰᠡᠨ ᠳᠦ᠂ 3 ᠷᠠᠾᠢᠯ᠄ 《ᠬᠠᠷ᠎ᠠ ᠡ᠂ ᠮᠢᠨᠦ ᠰᠢᠪᠡᠭᠴᠢᠨ ᠪᠢᠯᠾᠠ ᠪᠠᠢᠨ᠎ᠠ᠃ ᠴᠢ ᠲᠡᠭᠦᠨ ᠲᠡᠢ ᠤᠨᠲᠠ︕ ᠲᠡᠭᠡᠪᠡᠯ ᠲᠡᠷᠡ ᠬᠡᠦᠬᠡᠳ ᠤᠳ ᠲᠥᠷᠥᠭᠦᠯᠵᠦ ᠮᠢᠨᠦ ᠡᠪᠦᠳᠦᠭ ᠳᠡᠭᠡᠷ᠎ᠡ ᠲᠠᠯᠪᠢᠬᠤ ᠪᠣᠯᠣᠨ᠎ᠠ᠂ ᠲᠡᠭᠦᠨ ᠢᠶᠡᠷ ᠪᠢ ᠭᠡᠷ ᠪᠦᠯᠢ ᠪᠠᠨ ᠪᠣᠰᠬᠠᠨ᠎ᠠ》 ᠭᠡᠳ 4 ᠰᠢᠪᠡᠭᠴᠢᠨ ᠪᠢᠯᠾᠠ ᠪᠠᠨ ᠲᠡᠭᠦᠨ ᠳᠦ ᠲᠠᠲᠠᠪᠤᠷᠢ ᠪᠣᠯᠭᠠᠨ ᠥᠭᠭᠥᠭᠰᠡᠨ ᠪᠠᠢᠨ᠎ᠠ᠃ ᠶᠠᠺᠣᠪ ᠲᠡᠭᠦᠨ ᠲᠡᠢ ᠬᠠᠮᠲᠤ ᠤᠨᠲᠠᠭᠰᠠᠨ ᠳᠤ᠂ 5 ᠲᠡᠷᠡ ᠵᠢᠷᠮᠦᠰᠦᠯᠡᠵᠦ᠂ ᠶᠠᠺᠣᠪ ᠲᠤ ᠬᠦᠦ ᠲᠥᠷᠥᠭᠦᠯᠵᠦ ᠥᠭᠪᠡ᠃ 6 ᠷᠠᠾᠢᠯ᠄ 《ᠪᠤᠷᠬᠠᠨ ᠮᠢᠨᠦ ᠡᠮᠦᠨ᠎ᠡ ᠡᠴᠡ ᠰᠢᠭᠦᠵᠦ ᠥᠭᠭᠥᠭᠰᠡᠨ᠂ ᠲᠡᠷᠡ ᠦᠨᠡᠬᠡᠷ ᠮᠢᠨᠦ ᠭᠤᠶᠤᠯᠲᠠ ᠶᠢ ᠰᠣᠨᠣᠰᠣᠭᠠᠳ ᠨᠠᠳᠠ ᠳᠤ ᠬᠦᠦ ᠬᠠᠢᠷᠠᠯᠠᠯ᠎ᠠ》 ᠭᠡᠳ᠂ ᠲᠡᠭᠦᠨ ᠢ ᠳ᠋ᠠᠨ 51 ᠭᠡᠵᠦ ᠨᠡᠷᠡᠯᠡᠵᠡᠢ᠃ 7 ᠷᠠᠾᠢᠯ ᠤᠨ ᠰᠢᠪᠡᠭᠴᠢᠨ ᠪᠢᠯᠾᠠ ᠳᠠᠬᠢᠨ ᠵᠢᠷᠮᠦᠰᠦᠯᠡᠵᠦ᠂ ᠶᠠᠺᠣᠪ ᠲᠤ ᠬᠣᠶᠠᠳᠠᠬᠢ ᠬᠦᠦ ᠪᠡᠨ ᠲᠥᠷᠥᠭᠦᠯᠵᠦ ᠥᠭᠪᠡ᠃ 8 ᠷᠠᠾᠢᠯ᠄ 《ᠪᠢ ᠡᠭᠡᠴᠢ ᠲᠠᠢ ᠪᠠᠨ ᠰᠢᠷᠦᠭᠦᠨ ᠥᠷᠢᠰᠥᠯᠳᠦᠵᠦ᠂ ᠣᠳᠣ ᠢᠯᠠᠭᠰᠠᠨ︕》 ᠭᠡᠳ ᠲᠡᠭᠦᠨ ᠢ ᠨᠠᠹᠲ᠋ᠠᠯᠢ 52 ᠭᠡᠵᠦ ᠨᠡᠷᠡᠯᠡᠭᠰᠡᠨ ᠪᠠᠢᠨ᠎ᠠ᠃
9 ᠯᠧᠶ᠎ᠠ ᠬᠡᠦᠬᠡᠳ ᠲᠥᠷᠥᠭᠦᠯᠬᠦ ᠪᠡᠨ ᠪᠣᠯᠢᠭᠰᠠᠨ ᠢᠶᠠᠨ ᠦᠵᠡᠭᠡᠳ ᠰᠢᠪᠡᠭᠴᠢᠨ ᠽᠢᠯᠫᠠ ᠪᠠᠨ ᠠᠪᠴᠢᠷᠠᠵᠤ᠂ ᠶᠠᠺᠣᠪ ᠲᠤ ᠲᠠᠲᠠᠪᠤᠷᠢ ᠡᠮ᠎ᠡ ᠪᠣᠯᠭᠠᠨ ᠥᠭᠭᠥᠭᠰᠡᠨ ᠳᠦ᠂ 10 ᠯᠧᠶ᠎ᠠ ᠶᠢᠨ ᠰᠢᠪᠡᠭᠴᠢᠨ ᠽᠢᠯᠫᠠ ᠶᠠᠺᠣᠪ ᠲᠤ ᠬᠦᠦ ᠲᠥᠷᠥᠭᠦᠯᠵᠦ ᠥᠭᠪᠡ᠃ 11 ᠯᠧᠶ᠎ᠠ᠄ 《ᠠᠵᠠ ᠲᠠᠢ ᠪᠠᠢᠨ᠎ᠠ》 ᠭᠡᠳ᠂ ᠲᠡᠭᠦᠨ ᠢ ᠭᠠᠳ᠋ 53 ᠭᠡᠵᠦ ᠨᠡᠷᠡᠯᠡᠵᠡᠢ᠃ 12 ᠯᠧᠶ᠎ᠠ ᠶᠢᠨ ᠰᠢᠪᠡᠭᠴᠢᠨ ᠽᠢᠯᠫᠠ ᠶᠠᠺᠣᠪ ᠲᠤ ᠬᠣᠶᠠᠳᠠᠬᠢ ᠬᠦᠦ ᠪᠡᠨ ᠲᠥᠷᠥᠭᠦᠯᠵᠦ ᠥᠭᠭᠥᠭᠰᠡᠨ ᠳᠦ᠂ 13 ᠯᠧᠶ᠎ᠠ᠄ 《ᠪᠢ ᠠᠵᠠ ᠵᠢᠷᠭᠠᠯ ᠲᠠᠢ ᠪᠠᠢᠨ᠎ᠠ︕ ᠡᠮᠡᠭᠲᠡᠢᠴᠦᠳ ᠨᠠᠮᠠᠶᠢ ᠠᠵᠠ ᠵᠢᠷᠭᠠᠯ ᠲᠠᠢ ᠭᠡᠵᠦ ᠳᠠᠭᠤᠳᠠᠬᠤ ᠪᠣᠯᠣᠨ᠎ᠠ》 ᠭᠡᠳ ᠲᠡᠭᠦᠨ ᠢ ᠠᠱᠧᠷ 54 ᠭᠡᠵᠦ ᠨᠡᠷᠡᠯᠡᠵᠡᠢ᠃
14 ᠪᠤᠭᠤᠳᠠᠢ ᠬᠤᠷᠢᠶᠠᠬᠤ ᠦᠶ᠎ᠡ ᠪᠡᠷ ᠷᠧᠣᠪᠧᠨ ᠭᠠᠳᠠᠭᠰᠢ ᠭᠠᠷᠴᠤ᠂ ᠲᠠᠯᠠᠪᠠᠢ ᠠᠴᠠ ᠣᠷᠬᠣᠳᠠᠢ ᠣᠯᠣᠭᠠᠳ᠂ ᠡᠵᠢ ᠯᠧᠶ᠎ᠠ ᠳᠠᠭᠠᠨ ᠠᠪᠴᠢᠷᠠᠵᠠᠢ᠃ ᠷᠠᠾᠢᠯ ᠯᠧᠶ᠎ᠠ ᠳᠤ᠄ 《ᠬᠦᠦ ᠶᠢᠨ ᠢᠶᠠᠨ ᠣᠯᠣᠭᠰᠠᠨ ᠣᠷᠬᠣᠳᠠᠢ ᠪᠠᠨ ᠨᠠᠳᠠ ᠳᠤ ᠥᠭᠭᠥᠨ᠎ᠡ ᠤᠤ︖》 ᠭᠡᠵᠦ ᠭᠤᠶᠤᠪᠠ᠃ 15 ᠯᠧᠶ᠎ᠠ ᠲᠡᠭᠦᠨ ᠳᠦ᠄ 《ᠨᠥᠬᠥᠷ ᠢ ᠮᠢᠨᠢ ᠪᠤᠯᠢᠶᠠᠵᠤ ᠠᠪᠤᠭᠰᠠᠨ ᠴᠢᠨᠢ ᠳᠤᠲᠠᠭᠠᠳ ᠪᠠᠢᠨ᠎ᠠ ᠤᠤ︖ ᠣᠳᠣ ᠮᠢᠨᠦ ᠬᠦᠦ ᠶᠢᠨ ᠣᠷᠬᠣᠳᠠᠢ ᠶᠢ ᠠᠪᠬᠤ ᠨᠢ ᠤᠤ︖》 ᠭᠡᠬᠦ ᠳᠦ᠂ ᠷᠠᠾᠢᠯ᠄ 《ᠵᠠ᠂ ᠲᠡᠷᠡ ᠥᠨᠥ ᠰᠥᠨᠢ ᠲᠠᠨ ᠲᠠᠢ ᠤᠨᠲᠠᠵᠤ ᠪᠣᠯᠣᠨ᠎ᠠ᠂ ᠣᠷᠣᠨ ᠳᠤᠨᠢ ᠴᠢ ᠬᠦᠦ ᠶᠢᠨ ᠢᠶᠠᠨ ᠣᠷᠬᠣᠳᠠᠢ ᠶᠢ ᠨᠠᠳᠠ ᠳᠤ ᠠᠯᠢ》 ᠭᠡᠪᠡ᠃ 16 ᠦᠳᠡᠰᠢ ᠨᠢ ᠶᠠᠺᠣᠪ ᠲᠠᠯᠠᠪᠠᠢ ᠠᠴᠠ ᠪᠠᠨ ᠢᠷᠡᠬᠦ ᠳᠦ᠂ ᠯᠧᠶ᠎ᠠ ᠭᠠᠷᠴᠤ ᠲᠡᠭᠦᠨ ᠲᠡᠢ ᠠᠭᠤᠯᠵᠠᠭᠠᠳ ᠲᠡᠭᠦᠨ ᠳᠦ᠄ 《ᠥᠨᠥ ᠰᠥᠨᠢ ᠲᠠ ᠨᠠᠳᠠ ᠲᠠᠢ ᠤᠨᠲᠠᠬᠤ ᠶᠣᠰᠣᠲᠠᠢ᠂ ᠪᠢ ᠬᠦᠦ ᠶᠢᠨ ᠢᠶᠠᠨ ᠣᠷᠬᠣᠳᠠᠢ ᠪᠠᠷ ᠲᠠᠨ ᠤ ᠲᠥᠯᠥᠭᠡ ᠪᠦᠲᠦᠨ ᠬᠥᠯᠥᠰᠥ ᠶᠢ ᠥᠭᠭᠥᠭᠰᠡᠨ》 ᠭᠡᠪᠡ᠃ ᠲᠡᠭᠡᠭᠡᠳ ᠲᠡᠷᠡ ᠰᠥᠨᠢ ᠶᠠᠺᠣᠪ ᠲᠡᠭᠦᠨ ᠲᠡᠢ ᠤᠨᠲᠠᠵᠠᠢ᠃ 17 ᠪᠤᠷᠬᠠᠨ ᠯᠧᠶ᠎ᠠ ᠶᠢᠨ ᠬᠢ ᠶᠢ ᠰᠣᠨᠣᠰᠣᠭᠰᠠᠨ ᠤᠴᠢᠷ ᠯᠧᠶ᠎ᠠ ᠵᠢᠷᠮᠦᠰᠦᠯᠡᠵᠦ᠂ ᠲᠠᠪᠤᠳᠠᠬᠢ ᠬᠦᠦ ᠪᠡᠨ ᠶᠠᠺᠣᠪ ᠲᠤ ᠲᠥᠷᠥᠭᠦᠯᠵᠦ ᠥᠭᠪᠡ᠃ 18 ᠯᠧᠶ᠎ᠠ᠄ 《ᠪᠢ ᠰᠢᠪᠡᠭᠴᠢᠨ ᠢᠶᠠᠨ ᠨᠥᠬᠥᠷ ᠲᠡᠭᠡᠨ ᠥᠭᠭᠥᠭᠰᠡᠨ ᠲᠤᠯᠠ ᠪᠤᠷᠬᠠᠨ ᠬᠥᠯᠥᠰᠥ ᠶᠢ ᠨᠢ ᠨᠠᠳᠠ ᠳᠤ ᠥᠭᠭᠥᠯ᠎ᠡ》 ᠭᠡᠳ ᠲᠡᠭᠦᠨ ᠢ ᠢᠰᠠᠺᠠᠷ 55 ᠭᠡᠵᠦ ᠨᠡᠷᠡᠯᠡᠪᠡ᠃ 19 ᠯᠧᠶ᠎ᠠ ᠳᠠᠬᠢᠨ ᠵᠢᠷᠮᠦᠰᠦᠯᠡᠵᠦ᠂ ᠵᠢᠷᠭᠤᠳᠠᠬᠢ ᠬᠦᠦ ᠪᠡᠨ ᠶᠠᠺᠣᠪ ᠲᠤ ᠲᠥᠷᠥᠭᠦᠯᠵᠦ ᠥᠭᠪᠡ᠃ 20 ᠯᠧᠶ᠎ᠠ᠄ 《ᠪᠤᠷᠬᠠᠨ ᠨᠠᠳᠠ ᠳᠤ ᠰᠠᠢᠬᠠᠨ ᠪᠡᠯᠡᠭ ᠥᠭᠭᠥᠯ᠎ᠡ᠃ ᠪᠢ ᠨᠥᠬᠥᠷ ᠲᠡᠭᠡᠨ ᠵᠢᠷᠭᠤᠭᠠᠨ ᠬᠦᠦ ᠲᠥᠷᠥᠭᠦᠯᠵᠦ ᠥᠭᠭᠥᠭᠰᠡᠨ ᠤᠴᠢᠷ ᠠᠴᠠ ᠲᠡᠷᠡ ᠨᠠᠳᠠ ᠲᠠᠢ ᠬᠠᠮᠲᠤ ᠰᠠᠭᠤᠬᠤ ᠪᠣᠯᠣᠨ᠎ᠠ》 ᠭᠡᠳ ᠲᠡᠭᠦᠨ ᠢ ᠽᠧᠪᠦ᠋ᠯᠣᠨ 56 ᠭᠡᠵᠦ ᠨᠡᠷᠡᠯᠡᠵᠡᠢ᠃ 21 ᠳᠠᠷᠠᠭ᠎ᠠ ᠨᠢ ᠲᠡᠷᠡ ᠪᠡᠷ ᠥᠬᠢᠨ ᠲᠥᠷᠥᠭᠦᠯᠦᠭᠡᠳ᠂ ᠲᠡᠭᠦᠨ ᠢ ᠳ᠋ᠢᠨᠠ 57 ᠭᠡᠵᠦ ᠨᠡᠷᠡᠯᠡᠭᠰᠡᠨ ᠪᠠᠢᠨ᠎ᠠ᠃
22 ᠪᠤᠷᠬᠠᠨ ᠷᠠᠾᠢᠯ ᠢ ᠳᠤᠷᠠᠰᠤᠨ ᠰᠠᠨᠠᠵᠤ᠂ ᠲᠡᠭᠦᠨ ᠦ ᠬᠢ ᠶᠢ ᠰᠣᠨᠣᠰᠣᠭᠠᠳ᠂ ᠤᠮᠠᠢ ᠶᠢ ᠨᠢ ᠨᠡᠭᠡᠭᠡᠭᠰᠡᠨ ᠳᠦ᠂ 23 ᠲᠡᠷᠡ ᠵᠢᠷᠮᠦᠰᠦᠯᠡᠵᠦ᠂ ᠬᠦᠦ ᠲᠥᠷᠥᠭᠦᠯᠪᠡ᠃ ᠲᠡᠷᠡ᠄ 《ᠪᠤᠷᠬᠠᠨ ᠮᠢᠨᠦ ᠢᠴᠢᠭᠦᠷᠢ ᠶᠢ ᠠᠷᠢᠯᠭᠠᠵᠠᠢ》 ᠬᠡᠮᠡᠨ᠂ 24 ᠬᠦᠦ ᠪᠡᠨ ᠶᠣᠰᠧᠹ 58 ᠭᠡᠵᠦ ᠨᠡᠷᠡᠯᠡᠭᠡᠳ᠄ 《ᠶᠣᠬᠣᠸᠠ ᠨᠠᠳᠠ ᠳᠤ ᠪᠠᠰᠠ ᠨᠢᠭᠡ ᠬᠦᠦ ᠨᠡᠮᠡᠵᠦ ᠥᠭᠬᠦ ᠪᠣᠯᠲᠤᠭᠠᠢ︕》 ᠭᠡᠵᠡᠢ᠃
ᠶᠠᠺᠣᠪ ᠤᠨ ᠮᠠᠯ ᠰᠦᠷᠦᠭ ᠥᠨᠢᠷ ᠥᠰᠪᠡ
25 ᠷᠠᠾᠢᠯ ᠶᠣᠰᠧᠹ ᠢ ᠲᠥᠷᠥᠭᠦᠯᠦᠭᠰᠡᠨ ᠦ ᠳᠠᠷᠠᠭ᠎ᠠ᠂ ᠶᠠᠺᠣᠪ ᠯᠠᠪᠠᠨ ᠳᠤ᠄ 《ᠲᠠ ᠣᠳᠣ ᠨᠠᠮᠠᠶᠢ ᠴᠢᠯᠥᠭᠡᠯᠡᠭᠡᠴᠢ᠃ ᠪᠢ ᠥᠪᠡᠷ ᠦᠨ ᠨᠤᠲᠤᠭ᠂ ᠡᠬᠡ ᠣᠷᠣᠨ ᠳᠠᠭᠠᠨ ᠪᠤᠴᠠᠶ᠎ᠠ᠃ 26 ᠲᠠᠨ ᠤ ᠲᠥᠯᠥᠭᠡ ᠠᠵᠢᠯᠯᠠᠵᠤ ᠪᠠᠢᠭᠠᠳ ᠠᠪᠤᠭᠰᠠᠨ ᠡᠬᠡᠨᠡᠷ᠂ ᠬᠡᠦᠬᠡᠳ ᠤᠳ ᠲᠠᠢ ᠪᠠᠨ ᠬᠠᠮᠲᠤ ᠶᠠᠪᠤᠬᠤ ᠶᠢ ᠮᠢᠨᠢ ᠵᠥᠪᠰᠢᠶᠡᠷᠡᠭᠡᠴᠢ︕ ᠲᠠᠨ ᠤ ᠲᠥᠯᠥᠭᠡ ᠬᠡᠷᠬᠢᠨ ᠠᠵᠢᠯᠯᠠᠭᠰᠠᠨ ᠢ ᠮᠢᠨᠢ ᠲᠠ ᠮᠡᠳᠡᠨ᠎ᠡ》 ᠭᠡᠪᠡ᠃ 27 ᠯᠠᠪᠠᠨ ᠲᠡᠭᠦᠨ ᠳᠦ᠄ 《ᠬᠡᠷᠪᠡ ᠪᠢ ᠴᠢᠮ᠎ᠠ ᠳᠤ ᠲᠠᠭᠠᠯᠠᠭᠳᠠᠵᠤ ᠪᠠᠢᠪᠠᠯ ᠴᠢ ᠡ᠊ᠨᠳᠡ ᠪᠡᠨ ᠦᠯᠡᠳᠡ︕ ᠶᠣᠬᠣᠸᠠ ᠴᠢᠨᠦ ᠤᠯᠠᠮ ᠢᠶᠠᠷ ᠨᠠᠮᠠᠶᠢ ᠢᠪᠡᠭᠡᠭᠰᠡᠨ ᠢ ᠪᠢ ᠠᠵᠢᠭᠯᠠᠵᠤ ᠮᠡᠳᠡᠭᠰᠡᠨ》 ᠭᠡᠳ 28 《ᠴᠢ ᠠᠵᠢᠯ ᠤᠨ ᠬᠥᠯᠥᠰᠥ ᠪᠡᠨ ᠥᠪᠡᠷ ᠢᠶᠡᠨ ᠲᠣᠭᠲᠠᠭ᠎ᠠ᠂ ᠪᠢ ᠥᠭᠭᠥᠶ᠎ᠡ》 ᠭᠡᠵᠦ ᠬᠡᠯᠡᠪᠡ᠃ 29 ᠶᠠᠺᠣᠪ ᠲᠡᠭᠦᠨ ᠳᠦ᠄ 《ᠲᠠᠨ ᠳᠤ ᠬᠡᠷᠬᠢᠨ ᠠᠵᠢᠯ ᠬᠢᠵᠦ ᠥᠭᠭᠥᠭᠰᠡᠨ ᠢ ᠮᠢᠨᠢ᠂ ᠪᠠᠰᠠ ᠮᠢᠨᠦ ᠠᠴᠢ ᠪᠠᠷ ᠲᠠᠨ ᠤ ᠮᠠᠯ ᠰᠦᠷᠦᠭ ᠬᠡᠷᠬᠢᠨ ᠥᠰᠥᠭᠰᠡᠨ ᠢ ᠲᠠ ᠮᠡᠳᠡᠨ᠎ᠡ᠃ 30 ᠨᠠᠮᠠᠶᠢ ᠢᠷᠡᠬᠦ ᠶᠢᠨ ᠡᠮᠦᠨ᠎ᠡ ᠲᠠᠨ ᠤ ᠡᠳ᠋ ᠬᠥᠷᠥᠩᠭᠡ ᠴᠥᠭᠡᠨ ᠪᠠᠢᠭᠰᠠᠨ ᠪᠣᠯᠪᠠᠴᠤ ᠣᠳᠣ ᠦᠯᠡᠮᠵᠢ ᠣᠯᠠᠨ ᠪᠣᠯᠣᠯ᠎ᠠ᠃ ᠮᠢᠨᠦ ᠠᠯᠬᠤᠮ ᠪᠦᠷᠢ ᠪᠠᠷ ᠶᠣᠬᠣᠸᠠ ᠲᠠᠨ ᠢ ᠢᠪᠡᠭᠡᠭᠰᠡᠨ᠃ ᠬᠠᠷᠢᠨ ᠪᠢ ᠬᠡᠵᠢᠶ᠎ᠡ ᠥᠪᠡᠷ ᠦᠨ ᠢᠶᠠᠨ ᠭᠡᠷ ᠪᠦᠯᠢ ᠶᠢ ᠲᠡᠳᠬᠦᠬᠦ ᠶᠤᠮ ᠪᠤᠢ︖》 ᠭᠡᠪᠡ᠃ 31 ᠯᠠᠪᠠᠨ᠄ 《ᠴᠢᠮ᠎ᠠ ᠳᠤ ᠪᠢ ᠶᠠᠭᠤ ᠥᠭᠬᠦ ᠪᠤᠢ︖》 ᠭᠡᠰᠡᠨ ᠳᠦ᠂ ᠶᠠᠺᠣᠪ᠄ 《ᠨᠠᠳᠠ ᠳᠤ ᠶᠠᠭᠤᠮ᠎ᠠ ᠥᠭᠬᠦ ᠬᠡᠷᠡᠭ ᠦᠭᠡᠢ᠂ ᠬᠡᠷᠪᠡ ᠲᠠ ᠨᠢᠭᠡ ᠯᠠ ᠵᠦᠢᠯ ᠢ ᠨᠠᠳᠠ ᠳᠤ ᠬᠢᠵᠦ ᠥᠭᠪᠡᠯ ᠪᠢ ᠲᠠᠨ ᠤ ᠮᠠᠯ ᠰᠦᠷᠦᠭ ᠢ ᠳᠠᠬᠢᠨ ᠬᠠᠷᠢᠭᠤᠯᠵᠤ ᠬᠠᠮᠠᠭᠠᠯᠠᠶ᠎ᠠ᠂ 32 ᠥᠨᠥᠳᠥᠷ ᠪᠢ ᠲᠠᠨ ᠤ ᠬᠣᠨᠢᠨ ᠰᠦᠷᠦᠭ ᠦᠨ ᠳᠤᠮᠳᠠᠭᠤᠷ ᠶᠠᠪᠤᠵᠤ ᠲᠡᠨᠳᠡ ᠡᠴᠡ ᠠᠯᠠᠭ᠂ ᠴᠣᠬᠣᠷ᠂ ᠬᠠᠷ᠎ᠠ ᠬᠣᠨᠢᠳ᠂ ᠪᠠᠰᠠ ᠴᠣᠬᠣᠷ᠂ ᠠᠯᠠᠭ ᠢᠮᠠᠭᠠᠳ ᠢ ᠢᠯᠭᠠᠨ ᠠᠪᠤᠶ᠎ᠠ᠃ ᠲᠡᠳᠡᠭᠡᠷ ᠨᠢ ᠮᠢᠨᠦ ᠬᠥᠯᠥᠰᠥ ᠪᠣᠯᠬᠤ ᠪᠥᠭᠡᠳ 33 ᠳᠠᠷᠠᠭ᠎ᠠ ᠨᠢ ᠦᠨᠡᠨᠴᠢ ᠰᠢᠳᠤᠷᠭᠤ ᠪᠠᠢᠳᠠᠯ ᠢ ᠮᠢᠨᠢ ᠭᠡᠷᠡᠴᠢᠯᠡᠵᠦ ᠪᠠᠲᠤᠯᠠᠬᠤ ᠪᠣᠯᠣᠨ᠎ᠠ᠃ ᠲᠠ ᠨᠠᠳᠠ ᠳᠤ ᠢᠷᠡᠵᠦ ᠬᠥᠯᠥᠰᠥ ᠪᠣᠯᠭᠠᠨ ᠥᠭᠭᠥᠭᠰᠡᠨ ᠮᠠᠯ ᠢᠶᠠᠨ ᠰᠢᠯᠭᠠᠵᠤ ᠦᠵᠡᠬᠦ ᠳᠡᠭᠡᠨ ᠠᠯᠠᠭ ᠶᠤᠮ ᠤᠤ ᠴᠣᠬᠣᠷ ᠪᠢᠰᠢ ᠢᠮᠠᠭ᠎ᠠ᠂ ᠬᠠᠷ᠎ᠠ ᠪᠢᠰᠢ ᠬᠣᠨᠢ ᠪᠠᠢᠪᠠᠯ ᠪᠦᠭᠦᠳᠡ ᠶᠢ ᠨᠢ ᠨᠠᠮᠠᠶᠢ ᠬᠤᠯᠠᠭᠠᠢᠯᠠᠭᠰᠠᠨ ᠳᠤ ᠲᠣᠭᠠᠴᠠᠭᠠᠷᠠᠢ》 ᠭᠡᠰᠡᠨ ᠳᠦ᠂ 34 ᠯᠠᠪᠠᠨ᠄ 《ᠵᠠ᠂ ᠴᠢᠨᠦ ᠬᠡᠯᠡᠭᠰᠡᠨ ᠶᠣᠰᠣᠭᠠᠷ ᠪᠣᠯᠣᠶ᠎ᠠ︕》 ᠭᠡᠪᠡ᠃ 35 ᠯᠠᠪᠠᠨ ᠲᠡᠷᠡ ᠡᠳᠦᠷ ᠲᠤᠨᠢ ᠠᠯᠠᠭ᠂ ᠴᠣᠬᠣᠷ ᠡᠷ᠎ᠡ ᠢᠮᠠᠭ᠎ᠠ ᠪᠦᠷᠢ ᠶᠢ᠂ ᠮᠥᠨ ᠴᠠᠭᠠᠨ ᠳᠡᠭᠡᠷ᠎ᠡ ᠠᠯᠠᠭ᠂ ᠴᠣᠬᠣᠷ ᠡᠮ᠎ᠡ ᠢᠮᠠᠭ᠎ᠠ᠂ ᠬᠠᠷ᠎ᠠ ᠬᠣᠨᠢᠳ ᠢ ᠢᠯᠭᠠᠨ ᠬᠥᠪᠡᠭᠦᠳ ᠦᠨ ᠢᠶᠠᠨ ᠭᠠᠷ ᠲᠤ ᠥᠭᠭᠥᠭᠡᠳ᠂ 36 ᠶᠠᠺᠣᠪ ᠢ ᠥᠪᠡᠷ ᠡᠴᠡ ᠪᠡᠨ ᠭᠤᠷᠪᠠᠨ ᠬᠣᠨᠣᠭ ᠤᠨ ᠵᠠᠢᠲᠠᠢ ᠭᠠᠵᠠᠷ ᠪᠠᠭᠤᠯᠭᠠᠵᠠᠢ᠃ ᠶᠠᠺᠣᠪ ᠯᠠᠪᠠᠨ ᠤ ᠦᠯᠡᠳᠡᠭᠰᠡᠨ ᠬᠣᠨᠢᠨ ᠰᠦᠷᠦᠭ ᠢ ᠬᠠᠷᠢᠭᠤᠯᠤᠭᠰᠠᠭᠠᠷ ᠪᠠᠢᠯ᠎ᠠ᠃
37 ᠶᠠᠺᠣᠪ ᠤᠯᠢᠶᠠᠰᠤ᠂ ᠭᠦᠢᠯᠡᠰᠦ᠂ ᠲᠠᠤᠯᠠᠢ ᠶᠢᠨ ᠪᠥᠭᠡᠷ᠎ᠡ ᠶᠢᠨ ᠮᠣᠳᠣᠨ ᠤ ᠰᠢᠨᠡᠬᠡᠨ ᠨᠣᠭᠣᠭᠠᠨ ᠮᠥᠴᠢᠷ ᠢ ᠠᠪᠤᠭᠠᠳ ᠬᠠᠯᠢᠰᠤ ᠶᠢ ᠨᠢ ᠬᠠᠭᠤᠯᠤᠨ᠂ ᠴᠠᠭᠠᠨ ᠰᠤᠳᠠᠯ ᠭᠠᠷᠭᠠᠭᠰᠠᠨ ᠪᠥᠭᠡᠳ 38 ᠬᠠᠯᠢᠰᠤ ᠶᠢ ᠨᠢ ᠬᠠᠭᠤᠯᠤᠭᠰᠠᠨ ᠮᠥᠴᠢᠷ ᠤᠳ ᠢᠶᠠᠨ ᠬᠤᠳᠳᠤᠭ ᠤᠨ ᠢᠶᠠᠨ ᠣᠩ᠋ᠭᠣᠴᠠ ᠨᠤᠭᠤᠳ ᠤᠨ ᠳᠡᠷᠭᠡᠳᠡ ᠪᠣᠰᠬᠠᠵᠤ᠂ ᠤᠰᠤ ᠤᠤᠭᠤᠬᠤ ᠪᠠᠷ ᠢᠷᠡᠭᠰᠡᠨ ᠬᠣᠨᠢᠨ ᠤ ᠠᠰ ᠡᠮᠦᠨ᠎ᠡ ᠨᠢ ᠪᠠᠢᠬᠤ ᠪᠠᠷ ᠲᠣᠬᠢᠷᠠᠭᠤᠯᠵᠠᠢ᠃ ᠡᠢᠨ ᠬᠦ ᠣᠷᠣᠭ᠎ᠠ ᠣᠷᠣᠭᠰᠠᠨ ᠬᠣᠨᠢᠳ ᠤᠰᠤ ᠤᠤᠭᠤᠬᠤ ᠪᠠᠷ ᠢᠷᠡᠭᠡᠳ᠂ 39 ᠮᠥᠴᠢᠷ ᠤᠨ ᠡᠮᠦᠨ᠎ᠡ ᠬᠡᠭᠡᠯ ᠠᠪᠤᠪᠠᠯ ᠠᠯᠠᠭ᠂ ᠡᠷᠢᠶᠡᠨ᠂ ᠴᠣᠬᠣᠷ ᠬᠤᠷᠠᠭ᠎ᠠ ᠭᠠᠷᠭᠠᠳᠠᠭ ᠪᠠᠢᠪᠠ᠃ 40 ᠶᠠᠺᠣᠪ ᠲᠡᠷᠡ ᠬᠤᠷᠠᠭ᠎ᠠ ᠨᠤᠭᠤᠳ ᠢ ᠢᠯᠭᠠᠵᠤ᠂ ᠯᠠᠪᠠᠨ ᠤ ᠬᠣᠨᠢᠳ ᠢ ᠡᠨᠡ ᠬᠦ ᠠᠯᠠᠭ᠂ ᠬᠠᠷ᠎ᠠ ᠵᠢᠰᠦᠮ ᠦᠨ ᠬᠣᠨᠢᠳ ᠲᠠᠢ ᠬᠡᠭᠡᠯᠲᠦᠭᠦᠯᠪᠡ᠃ ᠲᠡᠭᠡᠭᠡᠳ ᠶᠠᠺᠣᠪ ᠥᠪᠡᠷ ᠦᠨ ᠢᠶᠠᠨ ᠰᠦᠷᠦᠭ ᠢ ᠯᠠᠪᠠᠨ ᠤ ᠰᠦᠷᠦᠭ ᠲᠡᠢ ᠬᠣᠯᠢᠯᠳᠤᠭᠤᠯᠤᠯ ᠦᠭᠡᠢ ᠲᠤᠰᠠᠭᠠᠷ ᠪᠠᠢᠯᠭᠠᠵᠤ ᠪᠠᠢᠯ᠎ᠠ᠃ 41 ᠲᠠᠷᠭᠤ ᠬᠦᠴᠦ ᠲᠠᠢ ᠨᠢ ᠣᠷᠣᠭ᠎ᠠ ᠣᠷᠣᠬᠤ ᠪᠣᠯᠭᠠᠨ ᠳᠤ ᠶᠠᠺᠣᠪ ᠲᠡᠳᠡᠨ ᠦ ᠡᠮᠦᠨᠡᠬᠢ ᠣᠩ᠋ᠭᠣᠴᠠᠨ ᠳᠤ ᠨᠥᠭᠥᠭᠡ ᠮᠥᠴᠢᠷ ᠢᠶᠠᠨ ᠲᠠᠯᠪᠢᠵᠤ᠂ ᠮᠥᠴᠢᠷ ᠤᠨ ᠳᠡᠷᠭᠡᠳᠡ ᠬᠡᠭᠡᠯᠲᠦᠭᠦᠯᠳᠡᠭ᠂ 42 ᠬᠠᠷᠢᠨ ᠲᠠᠷᠭᠤ ᠬᠦᠴᠦ ᠦᠭᠡᠢ ᠨᠢ ᠣᠷᠣᠭ᠎ᠠ ᠣᠷᠣᠬᠤ ᠳᠤ ᠨᠥᠭᠥᠭᠡ ᠮᠥᠴᠢᠷ ᠢᠶᠠᠨ ᠲᠠᠯᠪᠢᠳᠠᠭ ᠦᠭᠡᠢ᠃ ᠢᠩᠭᠢᠭᠡᠳ ᠲᠠᠷᠭᠤ ᠬᠦᠴᠦ ᠦᠭᠡᠢ ᠨᠢ ᠯᠠᠪᠠᠨ ᠤ ᠬᠢ ᠪᠣᠯᠵᠤ᠂ ᠲᠠᠷᠭᠤ ᠬᠦᠴᠦ ᠲᠠᠢ ᠨᠢ ᠶᠠᠺᠣᠪ ᠤᠨ ᠬᠢ ᠪᠣᠯᠳᠠᠭ ᠪᠠᠢᠨ᠎ᠠ᠃ 43 ᠲᠡᠢᠨ ᠬᠦ ᠲᠡᠷᠡ ᠬᠥᠮᠦᠨ ᠦᠯᠡᠮᠵᠢ ᠪᠠᠶᠠᠵᠢᠵᠤ᠂ ᠣᠯᠠᠨ ᠮᠠᠯ ᠰᠦᠷᠦᠭ᠂ ᠣᠯᠠᠨ ᠡᠷᠡᠭᠲᠡᠢ ᠡᠮᠡᠭᠲᠡᠢ ᠵᠠᠷᠤᠴᠠ᠂ ᠲᠡᠮᠡᠭᠡ᠂ ᠡᠯᠵᠢᠭᠡ ᠲᠠᠢ ᠪᠣᠯᠵᠠᠢ᠃