ᠡᠬᠢᠯᠡᠯ ᠠᠷᠪᠠᠨ ᠨᠠᠢ᠌ᠮᠠ
ᠭᠤᠷᠪᠠᠨ ᠵᠣᠴᠢᠨ
1 ᠶᠣᠬᠣᠸᠠ ᠮᠠᠮᠷᠧ ᠶᠢᠨ ᠴᠠᠷᠠᠰᠤᠨ ᠮᠣᠳᠣᠨ ᠤ ᠬᠠᠪᠢ ᠳᠤ ᠠᠪᠷᠠᠬᠠᠮ ᠳᠤ ᠦᠵᠡᠭᠳᠡᠪᠡ᠃ ᠡᠳᠦᠷ ᠦᠨ ᠬᠠᠯᠠᠭᠤᠨ ᠳᠤ ᠠᠪᠷᠠᠬᠠᠮ ᠮᠠᠢᠬᠠᠨ ᠤ ᠪᠠᠨ ᠡᠭᠦᠳᠡᠨ ᠳᠦ ᠰᠠᠭᠤᠵᠤ ᠪᠠᠢᠭᠠᠳ᠂ 2 ᠨᠢᠳᠦ ᠡᠷᠭᠦᠨ ᠬᠠᠷᠠᠲᠠᠯ᠎ᠠ ᠡᠮᠦᠨ᠎ᠡ ᠨᠢ ᠭᠤᠷᠪᠠᠨ ᠬᠥᠮᠦᠨ ᠵᠣᠭᠰᠣᠵᠤ ᠪᠠᠢᠯ᠎ᠠ᠃ ᠲᠡᠷᠡ ᠪᠡᠷ ᠲᠡᠳᠡᠨ ᠢ ᠬᠠᠷᠠᠩ᠋ᠭᠤᠲᠠ ᠪᠠᠨ ᠮᠠᠢᠬᠠᠨ ᠤ ᠪᠠᠨ ᠡᠭᠦᠳᠡᠨ ᠡᠴᠡ ᠭᠦᠶᠦᠵᠦ ᠬᠦᠷᠦᠭᠡᠳ᠂ ᠲᠡᠳᠡᠨ ᠢ ᠲᠣᠰᠣᠨ ᠭᠠᠵᠠᠷ ᠲᠤ ᠪᠥᠬᠥᠢᠨ ᠮᠥᠷᠭᠥᠵᠦ᠄ 3 《ᠡᠵᠡᠨᠲᠡᠨ ᠮᠢᠨᠢ ᠡ︕ ᠬᠡᠷᠪᠡ ᠪᠢ ᠲᠠᠨ ᠤ ᠮᠡᠯᠮᠡᠢ ᠳᠦ ᠲᠠᠭᠠᠯᠠᠯ ᠢ ᠣᠯᠣᠭᠰᠠᠨ ᠪᠣᠯ᠂ ᠵᠠᠷᠤᠴᠠ ᠨᠠᠮᠠᠶᠢ ᠪᠠᠨ ᠪᠢᠲᠡᠭᠡᠢ ᠣᠷᠬᠢᠨ ᠥᠩᠭᠡᠷᠡᠭᠡᠴᠢ᠃ 4 ᠪᠢ ᠵᠢᠭᠠᠬᠠᠨ ᠤᠰᠤ ᠠᠪᠴᠢᠷᠠᠭᠤᠯᠤᠶᠠ᠂ ᠲᠠ ᠨᠠᠷ ᠬᠥᠯ ᠢᠶᠡᠨ ᠤᠬᠢᠶᠠᠵᠤ᠂ ᠡᠨᠡ ᠮᠣᠳᠣᠨ ᠤ ᠳᠣᠣᠷ᠎ᠠ ᠠᠮᠠᠷᠠᠭᠠᠷᠠᠢ᠃ 5 ᠪᠢ ᠪᠠᠰᠠ ᠵᠢᠭᠠᠬᠠᠨ ᠪᠣᠣᠪᠣ ᠠᠪᠴᠢᠷᠠᠶ᠎ᠠ᠂ ᠲᠠ ᠨᠠᠷ ᠵᠠᠷᠤᠴᠠ ᠶᠢᠨ ᠬᠢᠨ ᠳᠠᠭᠠᠨ ᠢᠷᠡᠭᠰᠡᠨ ᠲᠤᠯᠠ ᠰᠡᠳᠬᠢᠯ ᠢᠶᠠᠨ ᠲᠡᠩᠬᠡᠷᠡᠭᠦᠯᠦᠭᠡᠳ ᠠᠶᠠᠨ ᠵᠠᠮ ᠳᠠᠭᠠᠨ ᠭᠠᠷᠤᠭᠠᠷᠠᠢ》 ᠭᠡᠰᠡᠨ ᠳᠦ᠂ ᠲᠡᠳᠡ᠄ 《ᠬᠡᠯᠡᠭᠰᠡᠨ ᠶᠣᠰᠣᠭᠠᠷ ᠴᠢᠨᠢ ᠪᠣᠯᠣᠭ》 ᠭᠡᠪᠡ᠃ 6 ᠠᠪᠷᠠᠬᠠᠮ ᠮᠠᠢᠬᠠᠨ ᠳᠠᠭᠠᠨ ᠶᠠᠭᠠᠷᠠᠨ ᠣᠴᠢᠵᠤ᠂ ᠰᠠᠷᠠᠾ ᠳᠤ᠄ 《ᠲᠦᠷᠭᠡᠯᠡᠭᠡᠷᠡᠢ︕ ᠭᠤᠷᠪᠠᠨ ᠰᠧᠶ᠎ᠠ 31 ᠰᠠᠢᠨ ᠭᠤᠯᠢᠷ ᠠᠪᠤᠭᠠᠳ ᠵᠢᠭᠤᠷᠠᠵᠤ᠂ ᠪᠣᠣᠪᠣ ᠬᠢᠭᠡᠷᠡᠢ》 ᠭᠡᠳ 7 ᠬᠣᠲᠠ ᠤᠷᠤᠭᠤ ᠪᠠᠨ ᠭᠦᠶᠦᠨ ᠣᠴᠢᠵᠤ᠂ ᠨᠢᠭᠡᠨ ᠲᠠᠷᠭᠤᠨ ᠰᠠᠢᠨ ᠦᠬᠡᠷ ᠪᠠᠷᠢᠵᠤ ᠠᠪᠴᠢᠷᠠᠭᠠᠳ᠂ ᠵᠠᠷᠤᠴᠠ ᠳᠠᠭᠠᠨ ᠥᠭᠭᠥᠭᠰᠡᠨ ᠳᠦ᠂ ᠵᠠᠷᠤᠴᠠ ᠨᠢ ᠶᠠᠭᠠᠷᠠᠪᠴᠢᠯᠠᠨ ᠲᠡᠭᠦᠨ ᠢᠶᠡᠷ ᠬᠣᠭᠣᠯᠠ ᠪᠡᠯᠡᠳᠬᠡᠪᠡ᠃ 8 ᠠᠪᠷᠠᠬᠠᠮ ᠡᠭᠡᠳᠡᠮ᠂ ᠰᠦ᠋ ᠪᠣᠯᠣᠨ ᠵᠠᠷᠤᠴᠠ ᠶᠢᠨ ᠢᠶᠠᠨ ᠪᠡᠯᠡᠳᠬᠡᠭᠰᠡᠨ ᠦᠬᠡᠷ ᠦᠨ ᠮᠢᠬ᠎ᠠ ᠶᠢ ᠲᠡᠳᠡᠨ ᠦ ᠡᠮᠦᠨ᠎ᠡ ᠠᠪᠴᠢᠷᠠᠵᠤ ᠲᠠᠯᠪᠢᠪᠠ᠃ ᠮᠣᠳᠣᠨ ᠤ ᠳᠣᠣᠷ᠎ᠠ ᠲᠡᠳᠡᠨ ᠳᠦ ᠦᠢᠯᠡᠴᠢᠯᠡᠵᠦ ᠪᠠᠢᠬᠤ ᠳᠤᠨᠢ ᠲᠡᠳᠡ ᠬᠣᠭᠣᠯᠠ ᠢᠳᠡᠭᠡᠳ᠂ 9 ᠠᠪᠷᠠᠬᠠᠮ ᠠᠴᠠ᠄ 《ᠴᠢᠨᠦ ᠡᠬᠡᠨᠡᠷ ᠰᠠᠷᠠᠾ ᠬᠠᠮᠢᠭ᠎ᠠ ᠪᠠᠢᠨ᠎ᠠ ᠪᠤᠢ︖》 ᠭᠡᠵᠦ ᠠᠰᠠᠭᠤᠭᠰᠠᠨ ᠳᠤ᠂ ᠲᠡᠷᠡ᠄ 《ᠲᠡᠨᠳᠡ᠂ ᠮᠠᠢᠬᠠᠨ ᠳᠠᠭᠠᠨ ᠪᠠᠢᠨ᠎ᠠ》 ᠭᠡᠪᠡ᠃ 10 ᠨᠢᠭᠡ ᠨᠢ᠄ 《ᠳᠠᠷᠠᠭ᠎ᠠ ᠵᠢᠯ ᠤᠨ ᠡᠨᠡ ᠴᠠᠭ ᠲᠤ ᠪᠢ ᠴᠢᠮ᠎ᠠ ᠤᠷᠤᠭᠤ ᠯᠠᠪᠲᠠᠢ ᠡᠷᠭᠢᠵᠦ ᠢᠷᠡᠨ᠎ᠡ᠂ ᠲᠡᠭᠡᠬᠦ ᠳᠦ ᠡᠬᠡᠨᠡᠷ ᠰᠠᠷᠠᠾ ᠴᠢᠨᠢ ᠬᠦᠦ ᠲᠡᠢ ᠪᠣᠯᠬᠤ ᠪᠣᠯᠣᠨ᠎ᠠ︕》 ᠭᠡᠪᠡ᠃ ᠠᠷᠤ ᠳᠤᠨᠢ ᠮᠠᠢᠬᠠᠨ ᠤ ᠡᠭᠦᠳᠡᠨ ᠳᠦ ᠪᠠᠢᠭᠰᠠᠨ ᠰᠠᠷᠠᠾ ᠡᠭᠦᠨ ᠢ ᠰᠣᠨᠣᠰᠪᠠ᠃ 11 ᠠᠪᠷᠠᠬᠠᠮ᠂ ᠰᠠᠷᠠᠾ ᠬᠣᠶᠠᠷ ᠥᠨᠳᠥᠷ ᠨᠠᠰᠤᠯᠠᠨ ᠥᠲᠡᠯᠦᠭᠰᠡᠨ ᠪᠥᠭᠡᠳ ᠰᠠᠷᠠᠾ ᠬᠡᠦᠬᠡᠳ ᠭᠠᠷᠭᠠᠬᠤ ᠨᠠᠰᠤᠨ ᠠᠴᠠ ᠪᠠᠨ ᠬᠡᠳᠦᠢᠨ ᠬᠡᠲᠦᠷᠡᠵᠡᠢ᠃ 12 ᠰᠠᠷᠠᠾ ᠳᠣᠲᠣᠷ᠎ᠠ ᠪᠠᠨ ᠢᠨᠢᠶᠡᠵᠦ᠄ 《ᠪᠢ ᠬᠥᠭᠰᠢᠷᠡᠵᠦ᠂ ᠨᠥᠬᠥᠷ ᠴᠤ ᠥᠲᠡᠯᠦᠭᠰᠡᠨ᠂ ᠪᠢ ᠬᠡᠷᠬᠢᠨ ᠵᠢᠷᠭᠠᠬᠤ ᠪᠢᠯᠡ︖》 ᠭᠡᠪᠡ᠃ 13 ᠶᠣᠬᠣᠸᠠ ᠠᠪᠷᠠᠬᠠᠮ ᠳᠤ᠄ 《ᠶᠠᠭᠤᠨ ᠳᠤ ᠰᠠᠷᠠᠾ ᠢᠨᠢᠶᠡᠵᠦ᠂ 〈ᠬᠥᠭᠰᠢᠷᠡᠭᠰᠡᠨ ᠪᠢ ᠶᠠᠭᠠᠬᠢᠵᠤ ᠬᠡᠦᠬᠡᠳ ᠲᠥᠷᠥᠭᠦᠯᠵᠦ ᠴᠢᠳᠠᠬᠤ ᠶᠤᠮ ᠪᠤᠢ〉 ᠭᠡᠵᠦ ᠬᠡᠯᠡᠵᠦ ᠪᠠᠢᠨ᠎ᠠ︖ 14 ᠶᠣᠬᠣᠸᠠ ᠳᠤ ᠬᠡᠴᠡᠭᠦᠦ ᠶᠠᠭᠤᠮ᠎ᠠ ᠪᠠᠢᠳᠠᠭ ᠭᠡᠵᠢ ᠤᠤ︖ ᠵᠢᠯ ᠤᠨ ᠳᠠᠷᠠᠭ᠎ᠠ ᠡᠨᠡ ᠴᠠᠭ ᠲᠤ᠂ ᠶᠠᠭ ᠲᠣᠭᠲᠠᠭᠰᠠᠨ ᠡᠨᠡ ᠴᠠᠭ ᠲᠤ ᠪᠢ ᠴᠢᠮ᠎ᠠ ᠤᠷᠤᠭᠤ ᠡᠷᠭᠢᠵᠦ ᠢᠷᠡᠨ᠎ᠡ᠃ ᠲᠡᠭᠡᠬᠦ ᠳᠦ ᠰᠠᠷᠠᠾ ᠬᠦᠦ ᠲᠡᠢ ᠪᠣᠯᠬᠤ ᠪᠣᠯᠣᠨ᠎ᠠ》 ᠭᠡᠬᠦ ᠳᠦ᠂ 15 ᠰᠠᠷᠠᠾ ᠠᠶᠤᠭᠰᠠᠨ ᠳᠠᠭᠠᠨ᠄ 《ᠪᠢ ᠢᠨᠢᠶᠡᠭᠡ ᠦᠭᠡᠢ》 ᠭᠡᠵᠦ ᠮᠡᠯᠵᠢᠪᠡ᠃ ᠬᠠᠷᠢᠨ ᠲᠡᠷᠡ ᠪᠡᠷ᠄ 《ᠦᠭᠡᠢ᠂ ᠴᠢ ᠢᠨᠢᠶᠡᠭᠰᠡᠨ ᠰᠢᠦ ᠳᠠ》 ᠭᠡᠵᠡᠢ᠃
ᠠᠪᠷᠠᠬᠠᠮ ᠰᠣᠳᠣᠮ ᠤᠨ ᠲᠥᠯᠥᠭᠡ ᠵᠠᠭᠤᠴᠢᠯᠠᠨ ᠭᠤᠶᠤᠪᠠ
16 ᠲᠡᠷᠡ ᠬᠥᠮᠦᠰ ᠬᠥᠳᠡᠯᠦᠨ ᠲᠡᠨᠳᠡ ᠡᠴᠡ ᠭᠠᠷᠤᠭᠰᠠᠨ ᠢᠶᠠᠨ᠂ ᠰᠣᠳᠣᠮ ᠤᠨ ᠵᠦᠭ ᠬᠠᠷᠠᠪᠠ᠃ ᠠᠪᠷᠠᠬᠠᠮ ᠴᠤ ᠲᠡᠳᠡᠨ ᠢ ᠦᠳᠡᠬᠦ ᠪᠡᠷ ᠬᠠᠮᠲᠤ ᠶᠠᠪᠤᠵᠤ ᠪᠠᠢᠯ᠎ᠠ᠃ 17 ᠶᠣᠬᠣᠸᠠ᠄ 《ᠪᠢ ᠶᠠᠭᠤ ᠬᠢᠬᠦ ᠭᠡᠵᠦ ᠪᠠᠢᠭ᠎ᠠ ᠪᠠᠨ ᠠᠪᠷᠠᠬᠠᠮ ᠠᠴᠠ ᠨᠢᠭᠤᠨ᠎ᠠ ᠭᠡᠵᠢ ᠤᠤ︖ 18 ᠠᠪᠷᠠᠬᠠᠮ ᠦᠨᠡᠬᠡᠷ ᠠᠭᠤᠤ ᠶᠡᠬᠡ᠂ ᠬᠦᠴᠦᠷᠬᠡᠭ ᠦᠨᠳᠦᠰᠦᠲᠡᠨ ᠪᠣᠯᠣᠨ᠎ᠠ᠂ ᠭᠠᠵᠠᠷ ᠤᠨ ᠪᠦᠬᠦ ᠦᠨᠳᠦᠰᠦᠲᠡᠨ ᠲᠡᠭᠦᠨ ᠢᠶᠡᠷ ᠳᠠᠮᠵᠢᠨ ᠢᠷᠥᠭᠡᠭᠳᠡᠨᠡ᠃ 19 ᠪᠢ ᠲᠡᠭᠦᠨ ᠢ ᠰᠢᠯᠢᠵᠦ ᠠᠪᠤᠭᠰᠠᠨ ᠤ ᠤᠴᠢᠷ ᠨᠢ ᠲᠡᠭᠦᠨ ᠢᠶᠡᠷ ᠬᠡᠦᠬᠡᠳ ᠤᠳ ᠲᠤᠨᠢ ᠪᠣᠯᠣᠨ ᠲᠡᠭᠦᠨ ᠡᠴᠡ ᠬᠣᠢᠰᠢᠬᠢ ᠦᠷ᠎ᠡ ᠤᠳᠤᠮ ᠤᠨ ᠬᠢᠨᠢ ᠭᠡᠷ ᠪᠦᠯᠢ ᠳᠤ ᠶᠣᠬᠣᠸᠠ ᠶᠢᠨ ᠵᠠᠮ ᠢ ᠳᠠᠭᠠᠵᠤ ᠵᠥᠪ ᠪᠠ ᠰᠢᠳᠤᠷᠭᠤ ᠪᠠᠷ ᠦᠢᠯᠡᠳᠬᠦ ᠶᠢ ᠵᠢᠭᠠᠪᠤᠷᠢᠯᠠᠭᠤᠯᠬᠤ ᠶᠢᠨ ᠲᠤᠯᠠᠳᠠ ᠶᠤᠮ᠃ ᠲᠡᠭᠡᠭᠰᠡᠨ ᠢᠶᠡᠷ ᠶᠣᠬᠣᠸᠠ ᠲᠡᠭᠦᠨ ᠳᠦ ᠠᠮᠠᠯᠠᠭᠰᠠᠨ ᠢᠶᠠᠨ ᠪᠡᠶᠡᠯᠡᠭᠦᠯᠬᠦ ᠪᠣᠯᠣᠨ᠎ᠠ》 ᠭᠡᠪᠡ᠃ 20 ᠲᠡᠭᠡᠭᠡᠳ ᠶᠣᠬᠣᠸᠠ᠄ 《ᠰᠣᠳᠣᠮ᠂ ᠭᠣᠮᠣᠷᠠ ᠬᠣᠶᠠᠷ ᠤᠨ ᠬᠠᠰᠬᠢᠷᠤᠭᠠᠨ ᠠᠰᠤᠷᠤ ᠶᠡᠬᠡ᠂ ᠭᠡᠮ ᠨᠢᠭᠦᠯ ᠨᠢ ᠠᠰᠤᠷᠤ ᠬᠦᠨᠳᠦ ᠪᠠᠢᠨ᠎ᠠ᠃ 21 ᠪᠢ ᠣᠳᠣ ᠳᠣᠭᠣᠭᠰᠢ ᠪᠠᠭᠤᠵᠤ᠂ ᠲᠡᠳᠡᠨ ᠦ ᠬᠢᠳᠡᠭ ᠪᠦᠬᠦᠨ ᠨᠢ ᠮᠢᠨᠦ ᠰᠣᠨᠣᠷ ᠲᠤ ᠬᠦᠷᠦᠭᠰᠡᠨ ᠬᠠᠰᠬᠢᠷᠤᠭᠠᠨ ᠲᠠᠢ ᠠᠳᠠᠯᠢ ᠡᠰᠡᠬᠦ ᠶᠢ ᠦᠵᠡᠶ᠎ᠡ᠂ ᠲᠡᠢᠮᠦ ᠪᠢᠰᠢ ᠪᠠᠢᠭᠰᠠᠨ ᠴᠤ ᠪᠢ ᠮᠡᠳᠡᠬᠦ ᠶᠣᠰᠣᠲᠠᠢ》 ᠭᠡᠪᠡ᠃
22 ᠨᠥᠭᠥᠭᠡ ᠬᠥᠮᠦᠰ ᠨᠢ ᠲᠡᠨᠳᠡ ᠡᠴᠡ ᠡᠷᠭᠢᠵᠦ᠂ ᠰᠣᠳᠣᠮ ᠤᠨ ᠵᠦᠭ ᠣᠳᠬᠤ ᠳᠤ᠂ ᠠᠪᠷᠠᠬᠠᠮ ᠶᠣᠬᠣᠸᠠ ᠶᠢᠨ ᠡᠮᠦᠨ᠎ᠡ ᠵᠣᠭᠰᠣᠭᠰᠠᠭᠠᠷ ᠬᠣᠴᠣᠷᠴᠠᠢ᠃ 23 ᠠᠪᠷᠠᠬᠠᠮ ᠲᠡᠭᠦᠨ ᠤᠷᠤᠭᠤ ᠣᠢᠷᠠᠲᠤᠨ ᠣᠴᠢᠵᠤ᠄ 《ᠲᠠ ᠵᠥᠪᠲᠦ ᠬᠥᠮᠦᠨ ᠢ ᠦᠨᠡᠬᠡᠷ ᠪᠤᠷᠤᠭᠤᠲᠤ ᠬᠥᠮᠦᠨ ᠲᠡᠢ ᠬᠠᠮᠲᠤ ᠤᠰᠠᠳᠬᠠᠬᠤ ᠤᠤ︖ 24 ᠲᠡᠷᠡ ᠬᠣᠲᠠ ᠶᠢᠨ ᠳᠣᠲᠣᠷ᠎ᠠ ᠵᠥᠪᠲᠦ ᠬᠥᠮᠦᠨ ᠲᠠᠪᠢ ᠪᠠᠢᠭᠰᠠᠨ ᠴᠤ᠂ ᠲᠠ ᠵᠠᠪᠠᠯ ᠤᠰᠠᠳᠬᠠᠬᠤ ᠤᠤ︖ ᠲᠡᠷᠡ ᠬᠦ ᠲᠠᠪᠢᠨ ᠵᠥᠪᠲᠦ ᠬᠥᠮᠦᠨ ᠦ ᠲᠥᠯᠥᠭᠡ ᠲᠡᠷᠡ ᠭᠠᠵᠠᠷ ᠢ ᠥᠷᠥᠰᠢᠶᠡᠬᠦ ᠦᠭᠡᠢ ᠤᠤ︖ 25 ᠡᠢᠮᠦ ᠶᠠᠪᠤᠳᠠᠯ ᠲᠠᠨ ᠠᠴᠠ ᠬᠣᠯᠠ ᠪᠠᠢᠭ︕ ᠵᠥᠪᠲᠦ ᠬᠥᠮᠦᠨ ᠢ ᠪᠤᠷᠤᠭᠤᠲᠤ ᠬᠥᠮᠦᠨ ᠲᠡᠢ ᠬᠠᠮᠲᠤ ᠳᠤᠨᠢ ᠰᠥᠨᠥᠭᠡᠵᠦ᠂ ᠵᠥᠪᠲᠡᠨ ᠳᠦ ᠪᠤᠷᠤᠭᠤᠲᠠᠨ ᠲᠠᠢ ᠠᠳᠠᠯᠢ ᠬᠠᠨᠳᠤᠬᠤ ᠨᠢ ᠲᠠᠨ ᠠᠴᠠ ᠬᠣᠯᠠ ᠪᠠᠢᠭ︕ ᠪᠦᠬᠦ ᠭᠠᠵᠠᠷ ᠳᠡᠯᠡᠬᠡᠢ ᠶᠢ ᠰᠢᠭᠦᠭᠴᠢ ᠲᠠ ᠰᠢᠳᠤᠷᠭᠤ ᠪᠠᠷ ᠦᠢᠯᠡᠳᠬᠦ ᠦᠭᠡᠢ ᠭᠡᠵᠢ ᠤᠤ︖》 ᠭᠡᠪᠡ᠃ 26 ᠶᠣᠬᠣᠸᠠ᠄ 《ᠬᠡᠷᠪᠡ ᠪᠢ ᠰᠣᠳᠣᠮ ᠬᠣᠲᠠ ᠶᠢᠨ ᠬᠢᠨ ᠤ ᠳᠣᠲᠣᠷ᠎ᠠ ᠠᠴᠠ ᠵᠥᠪᠲᠦ ᠬᠥᠮᠦᠨ ᠲᠠᠪᠢ ᠶᠢ ᠣᠯᠪᠠᠯ ᠲᠡᠳᠡᠨ ᠦ ᠲᠥᠯᠥᠭᠡ ᠲᠡᠷᠡ ᠭᠠᠵᠠᠷ ᠢ ᠪᠦᠬᠦᠯᠢ ᠳᠦᠨᠢ ᠥᠷᠥᠰᠢᠶᠡᠨ᠎ᠡ》 ᠭᠡᠰᠡᠨ ᠳᠦ᠂ 27 ᠠᠪᠷᠠᠬᠠᠮ᠄ 《ᠡᠵᠡᠨ ᠮᠢᠨᠢ᠂ ᠲᠣᠭᠣᠰᠣ ᠰᠢᠷᠣᠢ ᠪᠤᠶᠤ ᠦᠨᠡᠰᠦ ᠮᠡᠲᠦ ᠥᠴᠦᠬᠡᠨ ᠪᠢ ᠲᠠᠨ ᠳᠤ ᠦᠭᠡ ᠬᠡᠯᠡᠬᠦ ᠪᠡᠷ ᠵᠢᠷᠦᠬᠡᠯᠡᠯᠡ᠃ 28 ᠲᠡᠨᠳᠡ ᠲᠠᠪᠢᠨ ᠵᠥᠪᠲᠦ ᠬᠥᠮᠦᠨ ᠡᠴᠡ ᠲᠠᠪᠤᠨ ᠬᠥᠮᠦᠨ ᠳᠤᠲᠠᠯ᠎ᠠ ᠴᠤ ᠭᠡᠰᠡᠨ᠂ ᠲᠠᠪᠤ ᠳᠤᠲᠠᠭᠰᠠᠨ ᠤ ᠤᠴᠢᠷ ᠢᠶᠠᠷ ᠥᠨᠥᠬᠢ ᠬᠣᠲᠠ ᠶᠢ ᠪᠦᠬᠦᠯᠢ ᠳᠦᠨᠢ ᠤᠰᠠᠳᠬᠠᠬᠤ ᠤᠤ︖》 ᠭᠡᠰᠡᠨ ᠳᠦ᠂ ᠶᠣᠬᠣᠸᠠ᠄ 《ᠬᠡᠷᠪᠡ ᠪᠢ ᠲᠡᠨᠳᠡ ᠡᠴᠡ ᠳᠥᠴᠢᠨ ᠲᠠᠪᠤ ᠶᠢ ᠣᠯᠪᠠᠯ ᠤᠰᠠᠳᠬᠠᠬᠤ ᠦᠭᠡᠢ》 ᠭᠡᠵᠦ ᠠᠢᠯᠠᠳᠴᠠᠢ᠃ 29 ᠠᠪᠷᠠᠬᠠᠮ ᠳᠠᠬᠢᠨ᠄ 《ᠲᠡᠨᠳᠡ ᠳᠥᠴᠢ ᠣᠯᠳᠠᠪᠠᠯ︖》 ᠭᠡᠬᠦ ᠳᠦ᠂ 《ᠳᠥᠴᠢ ᠶᠢᠨ ᠲᠥᠯᠥᠭᠡ ᠤᠰᠠᠳᠬᠠᠬᠤ ᠦᠭᠡᠢ》 ᠭᠡᠪᠡ᠃ 30 ᠠᠪᠷᠠᠬᠠᠮ᠄ 《ᠡᠵᠡᠨ ᠮᠢᠨᠢ᠂ ᠲᠠ ᠪᠢᠲᠡᠭᠡᠢ ᠠᠭᠤᠷᠯᠠᠭᠠᠷᠠᠢ᠃ ᠪᠢ ᠨᠢᠭᠡ ᠦᠭᠡ ᠬᠡᠯᠡᠶ᠎ᠡ᠃ ᠲᠡᠨᠳᠡ ᠡᠴᠡ ᠭᠤᠴᠢ ᠣᠯᠳᠠᠪᠠᠯ︖》 ᠭᠡᠰᠡᠨ ᠳᠦ᠂ ᠲᠡᠷᠡ ᠪᠡᠷ᠄ 《ᠲᠡᠨᠳᠡ ᠡᠴᠡ ᠭᠤᠴᠢ ᠶᠢ ᠣᠯᠪᠠᠯ ᠤᠰᠠᠳᠬᠠᠬᠤ ᠦᠭᠡᠢ》 ᠭᠡᠵᠡᠢ᠃ 31 ᠠᠪᠷᠠᠬᠠᠮ᠄ 《ᠡᠵᠡᠨ ᠮᠢᠨᠢ᠂ ᠪᠢ ᠲᠠᠨ ᠳᠤ ᠦᠭᠡ ᠬᠡᠯᠡᠬᠦ ᠪᠡᠷ ᠵᠢᠷᠦᠬᠡᠯᠡᠶᠡ᠃ ᠲᠡᠨᠳᠡ ᠡᠴᠡ ᠬᠣᠷᠢ ᠣᠯᠳᠠᠪᠠᠯ︖》 ᠭᠡᠰᠡᠨ ᠳᠦ᠂ ᠲᠡᠷᠡ ᠪᠡᠷ᠄ 《ᠬᠣᠷᠢ ᠶᠢᠨ ᠲᠥᠯᠥᠭᠡ ᠤᠰᠠᠳᠬᠠᠬᠤ ᠦᠭᠡᠢ》 ᠭᠡᠵᠡᠢ᠃ 32 ᠠᠪᠷᠠᠬᠠᠮ᠄ 《ᠡᠵᠡᠨ ᠮᠢᠨᠢ᠂ ᠲᠠ ᠪᠢᠲᠡᠭᠡᠢ ᠠᠭᠤᠷᠯᠠᠭᠠᠷᠠᠢ᠃ ᠪᠢ ᠳᠠᠬᠢᠨ ᠭᠠᠭᠴᠠᠬᠠᠨ ᠤᠳᠠᠭ᠎ᠠ ᠯᠠ ᠨᠡᠮᠡᠵᠦ ᠬᠡᠯᠡᠶ᠎ᠡ᠃ ᠲᠡᠨᠳᠡ ᠡᠴᠡ ᠠᠷᠪᠠ ᠣᠯᠳᠠᠪᠠᠯ︖》 ᠭᠡᠰᠡᠨ ᠳᠦ᠂ ᠲᠡᠷᠡ ᠪᠡᠷ᠄ 《ᠪᠢ ᠠᠷᠪᠠ ᠶᠢᠨ ᠲᠥᠯᠥᠭᠡ ᠤᠰᠠᠳᠬᠠᠬᠤ ᠦᠭᠡᠢ》 ᠭᠡᠵᠡᠢ᠃ 33 ᠶᠣᠬᠣᠸᠠ ᠠᠪᠷᠠᠬᠠᠮ ᠲᠠᠢ ᠶᠠᠷᠢᠵᠤ ᠳᠠᠭᠤᠰᠤᠭᠠᠳ ᠣᠳᠣᠭᠰᠠᠨ ᠪᠥᠭᠡᠳ ᠠᠪᠷᠠᠬᠠᠮ ᠴᠤ ᠥᠪᠡᠷ ᠦᠨ ᠢᠶᠠᠨ ᠭᠠᠵᠠᠷ ᠤᠷᠤᠭᠤ ᠬᠠᠷᠢᠭᠰᠠᠨ ᠪᠠᠢᠯ᠎ᠠ᠃