1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠠᠷᠪᠠ
 ᠦᠨᠳᠦᠰᠦᠲᠡᠨ ᠨᠦᠭᠦᠳ ᠦᠨ ᠡᠭᠦᠰᠦᠯ

1 ᠨᠣᠶᠠ ᠶᠢᠨ ᠬᠥᠪᠡᠭᠦᠳ ᠱᠧᠮ᠂ ᠾᠠᠮ᠂ ᠶᠠᠹᠧᠲ ᠤᠨ ᠭᠡᠷ ᠦᠨ ᠴᠠᠳᠢᠭ᠄ ᠦᠶᠡᠷ ᠡᠴᠡ ᠬᠣᠢᠰᠢ ᠲᠡᠳᠡᠨ ᠳᠦ ᠦᠷ᠎ᠡ ᠬᠡᠦᠬᠡᠳ ᠲᠥᠷᠥᠪᠡ᠃

2 ᠶᠠᠹᠧᠲ ᠤᠨ ᠬᠥᠪᠡᠭᠦᠳ᠄ ᠭᠣᠮᠧᠷ᠂ ᠮᠠᠭᠣᠭ᠂ ᠮᠠᠳᠠᠢ᠂ ᠶᠠᠸᠠᠨ᠂ ᠲᠦᠪᠠᠯ᠂ ᠮᠧᠱᠧᠺ᠂ ᠲᠢᠷᠠᠰ᠂ 3 ᠭᠣᠮᠧᠷ ᠤᠨ ᠬᠥᠪᠡᠭᠦᠳ᠄ ᠠᠱᠺᠧᠨᠠᠽ᠂ ᠷᠢᠹᠠᠲ᠂ ᠲᠣᠭᠠᠷᠮ᠎ᠠ᠂ 4 ᠶᠠᠸᠠᠨ ᠤ ᠬᠥᠪᠡᠭᠦᠳ᠄ ᠡᠯᠢᠱᠠ᠂ ᠲᠠᠷᠱᠢᠱ᠂ ᠺᠢᠲ᠋ᠢᠮ᠂ ᠳ᠋ᠣᠳᠠᠨᠢᠮ 14 5 ᠲᠡᠳᠡ ᠨᠠᠷ ᠠᠴᠠ ᠳᠠᠯᠠᠢ ᠶᠢᠨ ᠡᠷᠭᠢ ᠣᠷᠴᠢᠮ ᠳᠤ ᠰᠠᠭᠤᠳᠠᠭ ᠦᠨᠳᠦᠰᠦᠲᠡᠨ ᠨᠦᠭᠦᠳ ᠡᠭᠦᠰᠪᠡ᠃ ᠲᠡᠳᠡ ᠥᠪᠡᠷ ᠥᠪᠡᠷᠰᠡᠳ ᠦᠨ ᠬᠡᠯᠡ ᠶᠠᠷᠢᠶ᠎ᠠ᠂ ᠣᠪᠣᠭ ᠤᠳᠤᠮ᠂ ᠤᠯᠤᠰ ᠦᠨᠳᠦᠰᠦᠲᠡᠨ ᠨᠦᠭᠦᠳ ᠢᠶᠡᠷ ᠬᠤᠪᠢᠶᠠᠭᠳᠠᠵᠤ ᠲᠤᠰ ᠲᠤᠰ ᠤᠨ ᠢᠶᠠᠨ ᠭᠠᠵᠠᠷ ᠲᠤ ᠰᠠᠭᠤᠷᠢᠰᠢᠪᠠ᠃

6 ᠾᠠᠮ ᠤᠨ ᠬᠥᠪᠡᠭᠦᠳ᠄ ᠺᠦᠱ᠂ ᠮᠢᠽᠷᠠᠢᠮ 15 ᠂ ᠫᠦᠲ᠂ ᠺᠠᠨᠠᠨ᠂ 7 ᠺᠦᠱ ᠤᠨ ᠬᠥᠪᠡᠭᠦᠳ᠄ ᠰᠧᠪᠠ᠂ ᠬᠠᠸᠢᠯᠠ᠂ ᠰᠠᠪᠲ᠋ᠠ᠂ ᠷᠠᠮᠠ᠂ ᠰᠠᠪᠲ᠋ᠧᠺᠠ᠃ ᠷᠠᠮᠠ ᠶᠢᠨ ᠬᠥᠪᠡᠭᠦᠳ᠄ ᠱᠧᠪᠠ᠂ ᠳ᠋ᠧᠳᠠᠨ᠃ 8 ᠺᠦᠱ ᠤᠨ ᠬᠦᠦ ᠨᠢᠮᠷᠣᠳ᠋ ᠪᠣᠯ ᠳᠡᠯᠡᠬᠡᠢ ᠶᠢᠨ ᠠᠩ᠋ᠬᠠᠨ ᠤ ᠳᠠᠢᠴᠢᠨ ᠶᠤᠮ᠃ 9 ᠲᠡᠷᠡ ᠪᠡᠷ ᠶᠣᠬᠣᠸᠠ ᠶᠢᠨ ᠡᠮᠦᠨ᠎ᠡ ᠬᠦᠴᠦᠷᠬᠡᠭ ᠠᠩᠴᠢᠨ ᠪᠣᠯᠬᠣᠷ᠄ 《ᠶᠣᠬᠣᠸᠠ ᠶᠢᠨ ᠡᠮᠦᠨ᠎ᠡ ᠬᠦᠴᠦᠷᠬᠡᠭ ᠠᠩᠴᠢᠨ ᠨᠢᠮᠷᠣᠳ᠋ ᠰᠢᠭ᠋》 ᠭᠡᠰᠡᠨ ᠶᠠᠷᠢᠶ᠎ᠠ ᠪᠤᠢ ᠪᠣᠯᠵᠠᠢ᠃ 10 ᠲᠡᠭᠦᠨ ᠦ ᠬᠠᠭᠠᠨᠴᠢᠯᠠᠯ ᠱᠢᠨᠠᠷ 16  ᠤᠨ ᠭᠠᠵᠠᠷ ᠨᠤᠲᠤᠭ ᠳᠠᠬᠢ ᠪᠠᠪᠧᠯ᠂ ᠡᠷᠧᠺ᠂ ᠠᠺᠠᠳ᠋᠂ ᠺᠠᠯᠨᠧ ᠡᠴᠡ ᠡᠬᠢᠯᠡᠵᠡᠢ᠃ 11 ᠲᠡᠷᠡ ᠪᠡᠷ ᠲᠡᠷᠡ ᠨᠤᠲᠤᠭ ᠠᠴᠠ ᠪᠠᠨ ᠭᠠᠷᠴᠤ ᠠᠰᠢᠷᠢᠶ᠎ᠠ ᠳᠤ ᠬᠦᠷᠴᠦ᠂ ᠨᠢᠨᠧᠸᠧ᠂ ᠷᠧᠬᠣᠪᠣᠲ᠋ᠶᠢᠷ ᠪᠣᠯᠣᠨ ᠺᠠᠯᠠ ᠶᠢ ᠪᠠᠢᠭᠤᠯᠵᠤ᠂ 12 ᠨᠢᠨᠧᠸᠧ᠂ ᠺᠠᠯᠠ ᠬᠣᠶᠠᠷ ᠤᠨ ᠬᠣᠭᠣᠷᠣᠨᠳᠣᠬᠢ ᠷᠧᠰᠧᠨ ᠭᠡᠳᠡᠭ ᠶᠡᠬᠡ ᠬᠣᠲᠠ ᠶᠢ ᠪᠠᠢᠭᠤᠯᠵᠠᠢ᠃ 13 ᠮᠢᠽᠷᠠᠢᠮ ᠠᠴᠠ ᠯᠦᠳ᠋ᠴᠤᠳ᠂ ᠠᠨᠠᠮᠴᠤᠳ᠂ ᠯᠧᠬᠠᠪᠴᠤᠳ᠂ ᠨᠠᠹᠲ᠋ᠦ᠋ᠺᠴᠤᠳ᠂ 14 ᠫᠠᠲ᠋ᠷᠦ᠋ᠰᠴᠤᠳ᠂ ᠺᠠᠰᠯᠦ᠋ᠴᠤᠳ (ᠲᠡᠳᠡᠨ ᠡᠴᠡ ᠹᠢᠯᠢᠰᠲ᠋ᠴᠦᠳ ᠭᠠᠷᠤᠭᠰᠠᠨ)᠂ ᠺᠠᠹᠲ᠋ᠣᠷᠴᠤᠳ ᠡᠭᠦᠰᠦᠭᠰᠡᠨ᠃

15 ᠺᠠᠨᠠᠨ ᠠᠴᠠ ᠲᠡᠭᠦᠨ ᠦ ᠤᠤᠭᠠᠨ ᠬᠦᠦ ᠰᠢᠢᠳᠣᠨ᠂ ᠮᠥᠨ ᠾᠧᠲ ᠪᠣᠯᠣᠨ 16 ᠶᠧᠪᠦ᠋ᠰᠴᠦᠳ᠂ ᠠᠮᠣᠷᠢᠴᠤᠳ᠂ ᠭᠢᠷᠭᠠᠱᠴᠤᠳ᠂ 17 ᠾᠢᠸᠢᠴᠦᠳ᠂ ᠠᠷᠺᠴᠤᠳ᠂ ᠰᠢᠨᠴᠦᠳ᠂ 18 ᠠᠷᠸᠠᠳ᠋ᠴᠤᠳ᠂ ᠽᠧᠮᠠᠷᠴᠤᠳ᠂ ᠬᠠᠮᠠᠲ᠋ᠴᠤᠳ ᠡᠭᠦᠰᠦᠭᠰᠡᠨ ᠶᠤᠮ᠃ ᠳᠠᠷᠠᠭ᠎ᠠ ᠨᠢ ᠺᠠᠨᠠᠨᠴᠤᠳ ᠤᠨ ᠣᠪᠣᠭ ᠤᠳ ᠲᠠᠯ᠎ᠠ ᠲᠠᠯ᠎ᠠ ᠲᠡᠰᠢ ᠲᠠᠷᠬᠠᠪᠠ᠃ 19 ᠺᠠᠨᠠᠨ ᠤ ᠬᠢᠯᠢ ᠬᠢᠵᠠᠭᠠᠷ ᠰᠢᠢᠳᠣᠨ ᠠᠴᠠ ᠡᠬᠢᠯᠡᠭᠡᠳ ᠭᠧᠷᠠᠷ ᠢ ᠳᠠᠭᠠᠷᠢᠨ ᠭᠠᠽᠠ ᠳᠤ ᠬᠦᠷᠦᠭᠰᠡᠨ ᠪᠥᠭᠡᠳ ᠲᠡᠨᠳᠡ ᠡᠴᠡ ᠰᠣᠳᠣᠮ᠂ ᠭᠣᠮᠣᠷᠠ᠂ ᠠᠳ᠋ᠮᠠ᠂ ᠽᠧᠪᠣᠢᠮ ᠢ ᠥᠩᠭᠡᠷᠡᠵᠦ᠂ ᠯᠠᠱᠠ ᠳᠤ ᠬᠦᠷᠴᠡᠢ᠃ 20 ᠡᠢᠨ ᠬᠦ ᠲᠡᠳᠡ ᠨᠠᠷ ᠥᠪᠡᠷ ᠥᠪᠡᠷᠰᠡᠳ ᠦᠨ ᠣᠪᠣᠭ ᠤᠳᠤᠮ᠂ ᠬᠡᠯᠡ ᠶᠠᠷᠢᠶ᠎ᠠ᠂ ᠰᠠᠭᠤᠷᠢᠰᠢᠭᠰᠠᠨ ᠭᠠᠵᠠᠷ ᠨᠤᠲᠤᠭ᠂ ᠤᠯᠤᠰ ᠦᠨᠳᠦᠰᠦᠲᠡᠨ ᠨᠦᠭᠦᠳ ᠢᠶᠡᠷ ᠬᠤᠪᠢᠶᠠᠭᠳᠠᠵᠠᠢ᠃ ᠡᠳᠡ ᠨᠠᠷ ᠪᠣᠯ ᠾᠠᠮ ᠤᠨ ᠦᠷ᠎ᠡ ᠤᠳᠤᠮ ᠶᠤᠮ᠃

21 ᠶᠠᠹᠧᠲ ᠤᠨ ᠠᠬ᠎ᠠ ᠱᠧᠮ ᠳᠤ ᠴᠤ ᠦᠷ᠎ᠡ ᠬᠡᠦᠬᠡᠳ ᠲᠥᠷᠥᠭᠰᠡᠨ ᠪᠥᠭᠡᠳ ᠱᠧᠮ ᠪᠣᠯ ᠡᠪᠧᠷ ᠤᠨ ᠡᠪᠦᠭᠡ ᠳᠡᠭᠡᠳᠦᠰ ᠮᠥᠨ᠃ 22 ᠱᠧᠮ ᠤᠨ ᠬᠥᠪᠡᠭᠦᠳ᠄ ᠡᠯᠠᠮ᠂ ᠠᠱᠦ᠋ᠷ᠂ ᠠᠷᠫᠠᠬᠱᠠᠳ᠋᠂ ᠯᠦᠳ᠋᠂ ᠠᠷᠠᠮ᠃ 23 ᠠᠷᠠᠮ ᠤᠨ ᠬᠥᠪᠡᠭᠦᠳ᠄ ᠦᠽ᠂ ᠾᠦᠯ᠂ ᠭᠧᠲ᠋ᠧᠷ᠂ ᠮᠧᠱᠧᠺ᠃ 24 ᠠᠷᠫᠠᠬᠱᠠᠳ᠋ ᠤᠨ ᠬᠦᠦ ᠱᠧᠯᠠ᠂ ᠱᠧᠯᠠ ᠶᠢᠨ ᠬᠦᠦ ᠡᠪᠧᠷ᠃ 25 ᠡᠪᠧᠷ ᠲᠤ ᠬᠣᠶᠠᠷ ᠬᠥᠪᠡᠭᠦᠨ ᠲᠥᠷᠥᠪᠡ᠃ ᠨᠢᠭᠡ ᠨᠢ ᠳᠡᠯᠡᠬᠡᠢ ᠬᠤᠪᠢᠶᠠᠭᠳᠠᠬᠤ ᠦᠶ᠎ᠡ ᠶᠢᠨ ᠬᠢ ᠤᠴᠢᠷ ᠠᠴᠠ ᠫᠧᠯᠧᠭ 17 ᠭᠡᠵᠦ᠂ ᠳᠡᠭᠦᠦ ᠶᠢ ᠨᠢ ᠶᠣᠺᠲ᠋ᠠᠨ ᠭᠡᠵᠡᠢ᠃ 26 ᠶᠣᠺᠲ᠋ᠠᠨ ᠠᠴᠠ ᠠᠯᠮᠣᠳᠠᠳ᠋᠂ ᠱᠧᠯᠧᠹ᠂ ᠬᠠᠽᠠᠷᠮᠠᠸᠧᠲ᠂ ᠶᠧᠷᠠ᠂ 27 ᠬᠠᠳᠣᠷᠠᠮ᠂ ᠦᠽᠠᠯ᠂ ᠳ᠋ᠢᠺᠯᠠ᠂ 28 ᠣᠪᠠᠯ᠂ ᠠᠪᠢᠮᠠᠶᠧᠯ᠂ ᠱᠧᠪᠠ᠂ 29 ᠣᠹᠢᠷ᠂ ᠬᠠᠸᠢᠯᠠ᠂ ᠶᠣᠪᠠᠪ ᠲᠥᠷᠥᠭᠰᠡᠨ ᠶᠤᠮ᠃ ᠲᠡᠳᠡ ᠪᠦᠭᠦᠳᠡ ᠶᠣᠺᠲ᠋ᠠᠨ ᠤ ᠬᠥᠪᠡᠭᠦᠳ ᠪᠠᠢᠪᠠ᠃ 30 ᠲᠡᠳᠡᠨ ᠦ ᠰᠠᠭᠤᠷᠢᠰᠢᠭᠰᠠᠨ ᠭᠠᠵᠠᠷ ᠪᠣᠯ ᠮᠧᠱᠠ ᠠᠴᠠ ᠡᠬᠢᠯᠡᠭᠡᠳ ᠰᠧᠹᠠᠷ ᠬᠦᠷᠬᠦ ᠵᠠᠮ ᠤᠨ ᠵᠡᠭᠦᠨ ᠲᠠᠯ᠎ᠠ ᠶᠢᠨ ᠠᠭᠤᠯᠠᠰ ᠶᠤᠮ᠃ 31 ᠡᠢᠨ ᠬᠦ ᠱᠧᠮ ᠤᠨ ᠦᠷ᠎ᠡ ᠤᠳᠤᠮ ᠥᠪᠡᠷ ᠥᠪᠡᠷᠰᠡᠳ ᠦᠨ ᠬᠡᠯᠡ ᠶᠠᠷᠢᠶ᠎ᠠ᠂ ᠭᠠᠵᠠᠷ ᠨᠤᠲᠤᠭ᠂ ᠤᠯᠤᠰ ᠦᠨᠳᠦᠰᠦᠲᠡᠨ ᠢᠶᠡᠷ ᠬᠤᠪᠢᠶᠠᠭᠳᠠᠵᠠᠢ᠃

32 ᠡᠢᠨ ᠬᠦ ᠨᠣᠶᠠ ᠶᠢᠨ ᠬᠥᠪᠡᠭᠦᠳ ᠦᠨ ᠤᠳᠤᠮ ᠤᠭᠰᠠᠭ᠎ᠠ ᠥᠪᠡᠷ ᠥᠪᠡᠷᠰᠡᠳ ᠦᠨ ᠡᠭᠦᠰᠦᠯ ᠭᠠᠷᠤᠯ᠂ ᠤᠯᠤᠰ ᠦᠨᠳᠦᠰᠦᠲᠡᠨ ᠢᠶᠡᠷ ᠬᠤᠪᠢᠶᠠᠭᠳᠠᠵᠠᠢ᠃ ᠦᠶᠡᠷ ᠡᠴᠡ ᠬᠣᠢᠰᠢ ᠡᠳᠡ ᠨᠠᠷ ᠠᠴᠠ ᠤᠯᠤᠰ ᠦᠨᠳᠦᠰᠦᠲᠡᠨ ᠨᠦᠭᠦᠳ ᠡᠭᠦᠰᠴᠦ ᠭᠠᠵᠠᠷ ᠳᠡᠯᠡᠬᠡᠢ ᠳᠦ ᠲᠠᠷᠬᠠᠵᠠᠢ᠃