1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠭᠤᠴᠢᠨ ᠳᠥᠷᠪᠡ
 ᠳ᠋ᠢᠨᠠ ᠪᠣᠯᠣᠨ ᠱᠧᠺᠧᠮᠴᠦᠳ

1 ᠯᠧᠶ᠎ᠠ ᠶᠢᠨ ᠶᠠᠺᠣᠪ ᠲᠤ ᠲᠥᠷᠥᠭᠦᠯᠵᠦ ᠥᠭᠭᠥᠭᠰᠡᠨ ᠥᠬᠢᠨ ᠳ᠋ᠢᠨᠠ ᠲᠡᠷᠡ ᠨᠤᠲᠤᠭ ᠤᠨ ᠥᠬᠢᠳ ᠢ ᠬᠠᠷᠠᠬᠤ ᠪᠠᠷ ᠭᠠᠳᠠᠭᠰᠢ ᠭᠠᠷᠴᠠᠢ᠃ 2 ᠾᠢᠸᠢ ᠬᠥᠮᠦᠨ ᠬᠠᠮᠣᠷ ᠤᠨ ᠬᠦᠦ ᠪᠤᠶᠤ ᠲᠡᠷᠡ ᠨᠤᠲᠤᠭ ᠤᠨ ᠨᠣᠶᠠᠨ ᠱᠧᠺᠧᠮ ᠲᠡᠭᠦᠨ ᠢ ᠬᠠᠷᠠᠭᠠᠳ᠂ ᠪᠠᠷᠢᠵᠤ ᠠᠪᠤᠨ ᠬᠦᠴᠦᠷᠬᠡᠭᠯᠡᠪᠡ᠃ 3 ᠱᠧᠺᠧᠮ ᠤᠨ ᠰᠡᠳᠬᠢᠯ ᠶᠠᠺᠣᠪ ᠤᠨ ᠥᠬᠢᠨ ᠳ᠋ᠢᠨᠠ ᠳᠤ ᠲᠠᠲᠠᠭᠳᠠᠵᠤ ᠲᠡᠷᠡ ᠥᠬᠢᠨ ᠢ ᠬᠠᠢᠷᠠᠯᠠᠨ ᠡᠩᠬᠦᠷᠡᠢ ᠵᠥᠭᠡᠯᠡᠨ ᠦᠭᠡ ᠪᠡᠷ ᠲᠡᠭᠦᠨ ᠲᠡᠢ ᠶᠠᠷᠢᠪᠠ᠃ 4 ᠲᠡᠷᠡ᠄ 《ᠡᠨᠡ ᠥᠬᠢᠨ ᠢ ᠨᠠᠳᠠ ᠳᠤ ᠡᠬᠡᠨᠡᠷ ᠪᠣᠯᠭᠠᠨ ᠠᠪᠴᠤ ᠥᠭᠭᠥᠨ᠎ᠡ ᠤᠤ︖》 ᠭᠡᠵᠦ ᠡᠴᠢᠭᠡ ᠬᠠᠮᠣᠷ ᠠᠴᠠ ᠪᠠᠨ ᠭᠤᠶᠤᠯ᠎ᠠ᠃

5 ᠶᠠᠺᠣᠪ ᠥᠬᠢᠨ ᠳ᠋ᠢᠨᠠ ᠶᠢᠨ ᠢᠶᠠᠨ ᠪᠤᠵᠠᠷᠯᠠᠭᠳᠠᠭᠰᠠᠨ ᠢ ᠰᠣᠨᠣᠰᠬᠤ ᠦᠶ᠎ᠡ ᠳᠦ᠂ ᠬᠥᠪᠡᠭᠦᠳ ᠨᠢ ᠬᠡᠭᠡᠷ᠎ᠡ ᠮᠠᠯ ᠬᠠᠷᠢᠭᠤᠯᠵᠤ ᠪᠠᠢᠯ᠎ᠠ᠃ ᠶᠠᠺᠣᠪ ᠲᠡᠳᠡᠨ ᠢ ᠬᠠᠷᠢᠵᠤ ᠢᠷᠡᠲᠡᠯ᠎ᠡ ᠳᠠᠭᠤ ᠦᠭᠡᠢ ᠪᠠᠢᠵᠠᠢ᠃ 6 ᠱᠧᠺᠧᠮ ᠤᠨ ᠡᠴᠢᠭᠡ ᠬᠠᠮᠣᠷ ᠶᠠᠺᠣᠪ ᠤᠨ ᠳᠤ ᠣᠴᠢᠭᠠᠳ ᠲᠡᠭᠦᠨ ᠲᠡᠢ ᠶᠠᠷᠢᠯᠴᠠᠵᠤ ᠪᠠᠢᠬᠤ ᠳᠤ᠂ 7 ᠶᠠᠺᠣᠪ ᠤᠨ ᠬᠡᠦᠬᠡᠳ ᠤᠳ ᠪᠡᠯᠴᠢᠭᠡᠷ ᠡᠴᠡ ᠪᠡᠨ ᠪᠤᠴᠠᠨ ᠢᠷᠡᠭᠡᠳ ᠡᠭᠦᠨ ᠦ ᠲᠤᠬᠠᠢ ᠰᠣᠨᠣᠰᠣᠭᠰᠠᠨ ᠪᠠᠢᠨ᠎ᠠ᠃ ᠱᠧᠺᠧᠮ ᠶᠠᠺᠣᠪ ᠤᠨ ᠥᠬᠢᠨ ᠢ ᠬᠦᠴᠦᠷᠬᠡᠭᠯᠡᠵᠦ᠂ ᠢᠰᠷᠧᠯ ᠳᠤ ᠪᠠᠢᠵᠤ ᠪᠣᠯᠣᠰᠢ ᠦᠭᠡᠢ ᠢᠴᠢᠭᠦᠷᠢᠲᠦ ᠬᠡᠷᠡᠭ ᠢ ᠦᠢᠯᠡᠳᠦᠭᠰᠡᠨ ᠲᠤᠯᠠ ᠲᠡᠳᠡ ᠶᠡᠬᠡᠳᠡ ᠵᠣᠪᠠᠵᠤ ᠠᠭᠤᠷᠯᠠᠵᠠᠢ᠃

8 ᠬᠠᠮᠣᠷ ᠲᠡᠳᠡᠨ ᠲᠡᠢ ᠶᠠᠷᠢᠯᠴᠠᠵᠤ᠄ 《ᠮᠢᠨᠦ ᠬᠦᠦ ᠱᠧᠺᠧᠮ ᠥᠬᠢᠨ ᠳᠤ ᠴᠢᠨᠢ ᠵᠢᠷᠦᠬᠡ ᠰᠡᠳᠬᠢᠯ ᠡᠴᠡ ᠪᠡᠨ ᠳᠤᠷᠠᠯᠠᠭᠰᠠᠨ ᠶᠤᠮ᠃ ᠲᠠ ᠨᠠᠷ ᠲᠡᠷᠡ ᠥᠬᠢᠨ ᠢ ᠱᠧᠺᠧᠮ ᠳᠤ ᠡᠬᠡᠨᠡᠷ ᠪᠣᠯᠭᠠᠵᠤ ᠥᠭᠭᠥᠨ᠎ᠡ ᠤᠤ︖ 9 ᠲᠠ ᠨᠠᠷ ᠪᠢᠳᠡᠨ ᠲᠡᠢ ᠵᠣᠯᠢᠶ᠎ᠠ ᠤᠷᠤᠭ ᠬᠢᠭᠡᠴᠢ᠃ ᠲᠠ ᠨᠠᠷ ᠥᠬᠢᠳ ᠢᠶᠠᠨ ᠪᠢᠳᠡᠨ ᠳᠦ ᠥᠭᠴᠦ᠂ ᠮᠠᠨ ᠤ ᠥᠬᠢᠳ ᠢ ᠲᠠ ᠨᠠᠷ ᠠᠪᠴᠠᠭ᠎ᠠ᠃ 10 ᠲᠠ ᠨᠠᠷ ᠪᠢᠳᠡᠨ ᠲᠡᠢ ᠬᠠᠮᠲᠤ ᠰᠠᠭᠤᠵᠤ ᠪᠣᠯᠣᠨ᠎ᠠ᠃ ᠭᠠᠵᠠᠷ ᠨᠤᠲᠤᠭ ᠲᠠ ᠨᠠᠷ ᠤᠨ ᠡᠮᠦᠨ᠎ᠡ ᠪᠠᠢᠨ᠎ᠠ᠃ ᠡ᠊ᠨᠳᠡ ᠪᠡᠨ ᠰᠠᠭᠤᠷᠢᠰᠢᠨ ᠬᠤᠳᠠᠯᠳᠤᠭ᠎ᠠ ᠮᠠᠢᠮᠠᠢ ᠬᠢᠵᠦ᠂ ᠥᠮᠴᠢ ᠪᠠᠨ ᠡᠵᠡᠮᠰᠢᠭᠡᠷᠡᠢ》 ᠭᠡᠪᠡ᠃ 11 ᠱᠧᠺᠧᠮ ᠴᠤ ᠳ᠋ᠢᠨᠠ ᠶᠢᠨ ᠡᠴᠢᠭᠡ ᠪᠣᠯᠣᠨ ᠠᠬ᠎ᠠ ᠨᠠᠷ ᠲᠤ ᠬᠠᠨᠳᠤᠵᠤ᠄ 《ᠭᠤᠶᠤᠯᠲᠠ ᠶᠢ ᠮᠢᠨᠢ ᠵᠥᠪᠰᠢᠶᠡᠷᠡᠭᠡᠴᠢ᠂ ᠲᠠ ᠨᠠᠷ ᠶᠠᠭᠤ ᠬᠡᠯᠡᠭᠰᠡᠨ ᠴᠤ ᠪᠢ ᠥᠭᠭᠥᠶ᠎ᠡ᠃ 12 ᠥᠬᠢᠨ ᠤ ᠴᠢᠨᠢ ᠰᠠᠭᠠᠯᠢ ᠪᠡᠯᠡᠭ ᠬᠡᠴᠢᠨᠡᠨ ᠶᠡᠬᠡ ᠪᠣᠯᠣᠭᠰᠠᠨ ᠴᠤ ᠪᠢ ᠲᠠ ᠨᠠᠷ ᠤᠨ ᠬᠡᠯᠡᠭᠰᠡᠨ ᠢᠶᠡᠷ ᠥᠭᠭᠥᠨ᠎ᠡ᠃ ᠬᠠᠷᠢᠨ ᠲᠡᠷᠡ ᠥᠬᠢᠨ ᠢ ᠯᠠ ᠨᠠᠳᠠ ᠳᠤ ᠡᠬᠡᠨᠡᠷ ᠪᠣᠯᠭᠠᠨ ᠥᠭᠭᠥᠭᠡᠴᠢ》 ᠭᠡᠪᠡ᠃

13 ᠳᠡᠭᠦᠦ ᠳ᠋ᠢᠨᠠ ᠶᠢ ᠨᠢ ᠪᠤᠵᠠᠷᠯᠠᠭᠰᠠᠨ ᠤᠴᠢᠷ ᠠᠴᠠ ᠶᠠᠺᠣᠪ ᠤᠨ ᠬᠥᠪᠡᠭᠦᠳ ᠱᠧᠺᠧᠮ ᠪᠣᠯᠣᠨ ᠡᠴᠢᠭᠡ ᠬᠠᠮᠣᠷ ᠲᠤᠨᠢ ᠬᠠᠭᠤᠷᠮᠠᠭ ᠢᠶᠠᠷ ᠬᠠᠷᠢᠭᠤᠯᠤᠨ᠄ 14 《ᠮᠠᠨ ᠤ ᠬᠢᠨ ᠲᠡᠭᠡᠬᠦ ᠦᠭᠡᠢ᠃ ᠬᠥᠪᠴᠢᠷᠬᠡᠢ ᠬᠥᠨᠳᠡᠭᠦᠯᠦᠭᠡ ᠦᠭᠡᠢ ᠬᠥᠮᠦᠨ ᠳᠦ ᠥᠬᠢᠨ ᠳᠡᠭᠦᠦ ᠪᠡᠨ ᠥᠭᠬᠦ ᠦᠭᠡᠢ᠂ ᠲᠡᠭᠡᠬᠦ ᠨᠢ ᠮᠠᠨ ᠤ ᠬᠢᠨ ᠳᠤ ᠢᠴᠢᠭᠦᠷᠢ ᠪᠣᠯᠣᠨ᠎ᠠ᠃ 15 ᠬᠠᠷᠢᠨ ᠲᠠ ᠨᠠᠷ ᠢᠩᠭᠢᠬᠦ ᠶᠤᠮ ᠪᠣᠯ ᠪᠢᠳᠡ ᠵᠥᠪᠰᠢᠶᠡᠷᠡᠨ᠎ᠡ᠄ ᠲᠠᠨ ᠤ ᠪᠦᠬᠦ ᠡᠷᠡᠴᠦᠳ ᠬᠥᠪᠴᠢᠷᠬᠡᠢ ᠬᠥᠨᠳᠡᠭᠦᠯᠵᠦ ᠪᠢᠳᠡᠨ ᠲᠡᠢ ᠠᠳᠠᠯᠢ ᠪᠣᠯᠪᠠᠯ᠂ 16 ᠮᠠᠨ ᠤ ᠬᠢᠨ ᠥᠬᠢᠳ ᠢᠶᠠᠨ ᠲᠠ ᠨᠠᠷ ᠲᠤ ᠥᠭᠴᠦ᠂ ᠲᠠᠨ ᠤ ᠥᠬᠢᠳ ᠢ ᠮᠠᠨ ᠤ ᠬᠢᠨ ᠠᠪᠤᠨ᠎ᠠ᠂ ᠮᠠᠨ ᠤ ᠬᠢᠨ ᠲᠠ ᠨᠠᠷ ᠲᠠᠢ ᠬᠠᠮᠲᠤ ᠠᠵᠤ ᠲᠥᠷᠥᠵᠦ ᠨᠢᠭᠡ ᠣᠪᠣᠭ ᠪᠣᠯᠣᠨ᠎ᠠ᠃ 17 ᠬᠡᠷᠪᠡ ᠲᠠ ᠨᠠᠷ ᠪᠢᠳᠡᠨ ᠦ ᠦᠭᠡ ᠶᠢ ᠰᠣᠨᠣᠰᠬᠤ ᠦᠭᠡᠢ᠂ ᠬᠥᠪᠴᠢᠷᠬᠡᠢ ᠬᠥᠨᠳᠡᠭᠦᠯᠬᠦ ᠦᠭᠡᠢ ᠶᠤᠮ ᠪᠣᠯ ᠪᠢᠳᠡ ᠳᠠᠷᠤᠢᠬᠠᠨ ᠥᠬᠢᠨ ᠢᠶᠠᠨ ᠠᠪᠤᠭᠠᠳ ᠶᠠᠪᠤᠨ᠎ᠠ》 ᠭᠡᠪᠡ᠃

18 ᠲᠡᠳᠡᠨ ᠦ ᠦᠭᠡ ᠬᠠᠮᠣᠷ ᠪᠣᠯᠣᠨ ᠲᠡᠭᠦᠨ ᠦ ᠬᠦᠦ ᠱᠧᠺᠧᠮ ᠳᠤ ᠰᠠᠢᠨ ᠭᠡᠵᠦ ᠰᠠᠨᠠᠭᠳᠠᠵᠠᠢ᠃ 19 ᠲᠡᠷᠡ ᠵᠠᠯᠠᠭᠤ ᠶᠠᠺᠣᠪ ᠤᠨ ᠥᠬᠢᠨ ᠳᠤ ᠳᠤᠷᠠᠯᠠᠭᠰᠠᠨ ᠤᠴᠢᠷ ᠲᠡᠳᠡᠨ ᠦ ᠦᠭᠡ ᠶᠢ ᠪᠡᠶᠡᠯᠡᠭᠦᠯᠬᠦ ᠪᠡᠨ ᠬᠣᠢᠰᠢᠯᠠᠭᠤᠯᠤᠭᠰᠠᠨ ᠦᠭᠡᠢ᠃ ᠲᠡᠷᠡ ᠡᠴᠢᠭᠡ ᠶᠢᠨ ᠢᠶᠠᠨ ᠪᠦᠬᠦ ᠭᠡᠷ ᠲᠦ ᠬᠠᠮᠤᠭ ᠤᠨ ᠬᠦᠨᠳᠦᠲᠡᠢ ᠨᠢ ᠠᠵᠢ᠃ 20 ᠬᠠᠮᠣᠷ ᠪᠣᠯᠣᠨ ᠲᠡᠭᠦᠨ ᠦ ᠬᠦᠦ ᠱᠧᠺᠧᠮ ᠬᠣᠲᠠ ᠶᠢᠨ ᠢᠶᠠᠨ ᠬᠠᠭᠠᠯᠭᠠᠨ ᠳᠡᠭᠡᠷ᠎ᠡ ᠣᠴᠢᠵᠤ᠂ ᠬᠣᠲᠠ ᠶᠢᠨ ᠬᠢᠨ ᠳᠠᠭᠠᠨ ᠵᠠᠷᠯᠠᠨ᠄ 21 《ᠡᠨᠡ ᠬᠥᠮᠦᠰ ᠪᠢᠳᠡᠨ ᠲᠡᠢ ᠨᠠᠢᠷᠰᠠᠭ ᠪᠠᠢᠨ᠎ᠠ᠃ ᠲᠡᠳᠡᠨ ᠢ ᠡ᠊ᠨᠳᠡ ᠰᠠᠭᠤᠯᠭᠠᠵᠤ ᠬᠤᠳᠠᠯᠳᠤᠭ᠎ᠠ ᠬᠢᠯᠭᠡᠶ᠎ᠡ᠃ ᠡᠨᠡ ᠭᠠᠵᠠᠷ ᠦᠨᠡᠬᠡᠷ ᠠᠭᠤᠳᠠᠮ ᠤᠴᠢᠷ ᠲᠡᠳᠡᠨ ᠢ ᠪᠠᠭᠲᠠᠭᠠᠨ᠎ᠠ᠃ ᠲᠡᠳᠡᠨ ᠦ ᠥᠬᠢᠳ ᠢ ᠪᠢᠳᠡ ᠡᠬᠡᠨᠡᠷ ᠪᠣᠯᠭᠠᠨ ᠠᠪᠴᠤ᠂ ᠪᠠᠰᠠ ᠲᠡᠳᠡᠨ ᠳᠦ ᠥᠬᠢᠳ ᠢᠶᠠᠨ ᠥᠭᠴᠡᠭᠡᠶ᠎ᠡ᠃ 22 ᠬᠠᠷᠢᠨ ᠡᠨᠡ ᠬᠥᠮᠦᠰ ᠮᠠᠨ ᠤ ᠬᠢᠨ ᠲᠠᠢ ᠬᠠᠮᠲᠤ ᠰᠠᠭᠤᠵᠤ ᠨᠢᠭᠡ ᠦᠨᠳᠦᠰᠦᠲᠡᠨ ᠪᠣᠯᠬᠤ ᠶᠢ ᠵᠥᠪᠰᠢᠶᠡᠷᠡᠬᠦ ᠳᠦ ᠨᠢᠭᠡ ᠨᠥᠬᠥᠴᠡᠯ ᠪᠤᠢ᠂ ᠲᠡᠳᠡᠨ ᠦ ᠬᠢᠨ ᠲᠠᠢ ᠠᠳᠠᠯᠢ ᠪᠠᠷ ᠮᠠᠨ ᠤ ᠬᠢᠨ ᠤ ᠡᠷ᠎ᠡ ᠬᠥᠮᠦᠨ ᠪᠣᠯᠭᠠᠨ ᠬᠥᠪᠴᠢᠷᠬᠡᠢ ᠬᠥᠨᠳᠡᠭᠦᠯᠬᠦ ᠶᠣᠰᠣᠲᠠᠢ ᠭᠡᠨ᠎ᠡ᠃ 23 ᠲᠡᠳᠡᠨ ᠦ ᠮᠠᠯ ᠰᠦᠷᠦᠭ᠂ ᠡᠳ᠋ ᠬᠥᠷᠥᠩᠭᠡ᠂ ᠬᠠᠮᠤᠭ ᠠᠩ ᠠᠮᠢᠲᠠᠨ ᠪᠢᠳᠡᠨ ᠦ ᠬᠢ ᠪᠣᠯᠬᠤ ᠦᠭᠡᠢ ᠭᠡᠵᠢ ᠤᠤ︖ ᠲᠡᠳᠡᠨ ᠦ ᠬᠢ ᠶᠢ ᠵᠥᠪᠰᠢᠶᠡᠷᠡᠵᠦ ᠥᠭᠭᠥᠶ᠎ᠡ᠃ ᠲᠡᠳᠡ ᠪᠢᠳᠡᠨ ᠲᠡᠢ ᠬᠠᠮᠲᠤ ᠠᠮᠢᠳᠤᠷᠠᠬᠤ ᠪᠣᠯᠣᠨ᠎ᠠ》 ᠭᠡᠪᠡ᠃ 24 ᠬᠣᠲᠠ ᠶᠢᠨ ᠬᠠᠭᠠᠯᠭ᠎ᠠ ᠪᠠᠷ ᠭᠠᠷᠤᠭᠰᠠᠨ ᠬᠥᠮᠦᠰ ᠪᠦᠭᠦᠳᠡᠭᠡᠷ ᠬᠠᠮᠣᠷ ᠪᠣᠯᠣᠨ ᠲᠡᠭᠦᠨ ᠦ ᠬᠦᠦ ᠱᠧᠺᠧᠮ ᠤᠨ ᠦᠭᠡ ᠶᠢ ᠳᠠᠭᠠᠵᠤ᠂ ᠲᠡᠷᠡ ᠬᠣᠲᠠ ᠶᠢᠨ ᠬᠠᠭᠠᠯᠭ᠎ᠠ ᠪᠠᠷ ᠭᠠᠷᠤᠭᠰᠠᠨ ᠡᠷᠡᠴᠦᠳ ᠪᠦᠭᠦᠳᠡᠭᠡᠷ ᠢᠶᠡᠨ ᠬᠥᠪᠴᠢᠷᠬᠡᠢ ᠪᠡᠨ ᠬᠥᠨᠳᠡᠭᠦᠯᠪᠡ᠃

25 ᠭᠤᠷᠪᠠᠨ ᠡᠳᠦᠷ ᠦᠨ ᠳᠠᠷᠠᠭ᠎ᠠ ᠲᠡᠳᠡ ᠬᠦᠨᠳᠦᠭᠦᠷᠡᠯ ᠲᠡᠢ ᠪᠠᠢᠬᠤ ᠳᠤ᠂ ᠶᠠᠺᠣᠪ ᠤᠨ ᠬᠣᠶᠠᠷ ᠬᠦᠦ᠂ ᠲᠤᠬᠠᠢᠯᠠᠪᠠᠯ ᠳ᠋ᠢᠨᠠ ᠶᠢᠨ ᠠᠬ᠎ᠠ ᠰᠢᠮᠧᠶᠣᠨ ᠯᠧᠸᠢ ᠬᠣᠶᠠᠷ ᠲᠤᠰ ᠲᠤᠰ ᠢᠯᠳᠦ ᠪᠡᠨ ᠪᠠᠷᠢᠨ ᠰᠡᠷᠡᠮᠵᠢ ᠦᠭᠡᠢ ᠪᠠᠢᠭᠰᠠᠨ ᠬᠣᠲᠠ ᠳᠤ ᠣᠷᠣᠭᠠᠳ᠂ ᠬᠠᠮᠤᠭ ᠡᠷᠡᠴᠦᠳ ᠢ ᠨᠢ ᠰᠥᠨᠥᠭᠡᠵᠡᠢ᠃ 26 ᠲᠡᠳᠡ ᠬᠠᠮᠣᠷ ᠪᠣᠯᠣᠨ ᠲᠡᠭᠦᠨ ᠦ ᠬᠦᠦ ᠱᠧᠺᠧᠮ ᠢ ᠢᠯᠳᠦᠨ ᠦ ᠢᠷ ᠢᠶᠠᠷ ᠠᠯᠠᠭᠠᠳ ᠳ᠋ᠢᠨᠠ ᠪᠠᠨ ᠠᠪᠴᠤ ᠱᠧᠺᠧᠮ ᠤᠨ ᠭᠡᠷ ᠡᠴᠡ ᠭᠠᠷᠪᠠ᠃ 27 ᠲᠡᠭᠡᠬᠦ ᠳᠦ ᠶᠠᠺᠣᠪ ᠤᠨ ᠪᠤᠰᠤᠳ ᠬᠥᠪᠡᠭᠦᠳ ᠠᠯᠠᠭᠳᠠᠭᠰᠠᠨ ᠬᠥᠮᠦᠰ ᠦᠨ ᠳᠡᠭᠡᠷ᠎ᠡ ᠢᠷᠡᠵᠦ᠂ ᠬᠣᠲᠠ ᠶᠢ ᠲᠣᠨᠣᠵᠠᠢ᠃ ᠤᠴᠢᠷ ᠨᠢ ᠲᠡᠨᠳᠡ ᠥᠬᠢᠨ ᠳᠡᠭᠦᠦ ᠨᠢ ᠪᠤᠵᠠᠷᠯᠠᠭᠳᠠᠭᠰᠠᠨ ᠶᠤᠮ᠃ 28 ᠲᠡᠳᠡᠨ ᠦ ᠬᠣᠨᠢ᠂ ᠦᠬᠡᠷ᠂ ᠡᠯᠵᠢᠭᠡ᠂ ᠮᠥᠨ ᠬᠣᠲᠠ ᠶᠢᠨ ᠳᠣᠲᠣᠷ᠎ᠠ ᠪᠣᠯᠣᠨ ᠬᠡᠭᠡᠷ᠎ᠡ ᠲᠠᠯ᠎ᠠ ᠳᠤ ᠪᠠᠢᠭ᠎ᠠ ᠬᠠᠮᠤᠭ ᠶᠠᠭᠤᠮ᠎ᠠ ᠶᠢ ᠨᠢ ᠪᠤᠯᠢᠶᠠᠨ ᠠᠪᠤᠭᠰᠠᠨ ᠪᠠᠢᠨ᠎ᠠ᠃ 29 ᠲᠡᠳᠡ ᠪᠦᠬᠦ ᠬᠥᠷᠥᠩᠭᠡ ᠶᠢ ᠨᠢ ᠦᠯᠦ ᠪᠠᠷᠠᠮ᠂ ᠪᠦᠬᠦ ᠪᠠᠯᠴᠢᠷ ᠬᠡᠦᠬᠡᠳ ᠤᠳ᠂ ᠡᠬᠡᠨᠡᠷ ᠤᠳ ᠢ ᠣᠯᠵᠠᠯᠠᠵᠤ᠂ ᠭᠡᠷ ᠣᠷᠣᠨ ᠳᠤᠨᠢ ᠪᠠᠢᠭ᠎ᠠ ᠪᠦᠬᠦᠨ ᠢ ᠲᠣᠨᠣᠵᠠᠢ᠃ 30 ᠶᠠᠺᠣᠪ ᠰᠢᠮᠧᠶᠣᠨ ᠯᠧᠸᠢ ᠬᠣᠶᠠᠷ ᠲᠤ᠄ 《ᠲᠠ ᠨᠠᠷ ᠨᠠᠳᠠ ᠳᠤ ᠭᠠᠢ ᠲᠠᠷᠢᠵᠠᠢ᠃ ᠣᠳᠣ ᠪᠢ ᠡᠨᠡ ᠨᠤᠲᠤᠭ ᠲᠤ ᠰᠠᠭᠤᠵᠤ ᠪᠠᠢᠭ᠎ᠠ ᠺᠠᠨᠠᠨᠴᠤᠳ ᠪᠣᠯᠣᠨ ᠫᠧᠷᠢᠽᠴᠦᠳ ᠦᠨ ᠳᠤᠮᠳᠠ ᠵᠢᠭᠰᠢᠭᠦᠷᠢ ᠪᠣᠯᠣᠯ᠎ᠠ᠃ ᠮᠠᠨ ᠤ ᠬᠢᠨ ᠴᠥᠭᠡᠬᠦᠯᠡ᠂ ᠬᠡᠷᠪᠡ ᠲᠡᠳᠡ ᠮᠢᠨᠦ ᠡᠰᠡᠷᠭᠦ ᠨᠡᠢᠯᠡᠵᠦ᠂ ᠨᠠᠮᠠᠶᠢ ᠴᠣᠬᠢᠪᠠᠯ ᠪᠢ ᠭᠡᠷ ᠪᠦᠯᠢ ᠲᠠᠢ ᠪᠠᠨ ᠤᠰᠠᠳᠬᠠᠭᠳᠠᠬᠤ ᠪᠣᠯᠣᠨ᠎ᠠ》 ᠭᠡᠪᠡ᠃ 31 ᠬᠠᠷᠢᠨ ᠲᠡᠳᠡ᠄ 《ᠥᠬᠢᠨ ᠳᠡᠭᠦᠦ ᠶᠢ ᠮᠢᠨᠢ ᠶᠠᠩ᠋ᠬᠠᠨ ᠮᠡᠲᠦ ᠦᠵᠡᠬᠦ ᠨᠢ ᠲᠠᠭᠠᠷᠠᠨ᠎ᠠ ᠭᠡᠵᠢ ᠤᠤ︖》 ᠭᠡᠵᠡᠭᠡᠪᠡ᠃