ᠡᠬᠢᠯᠡᠯ ᠠᠷᠪᠠᠨ ᠳᠣᠯᠣᠭ᠎ᠠ
ᠬᠥᠪᠴᠢᠷᠬᠡᠢ ᠬᠥᠨᠳᠡᠬᠦ ᠭᠡᠷ᠎ᠡ
1 ᠠᠪᠷᠠᠮ ᠶᠡᠷᠡ ᠶᠢᠰᠦᠨ ᠨᠠᠰᠤᠲᠠᠢ ᠪᠠᠢᠬᠤ ᠳᠤ᠂ ᠶᠣᠬᠣᠸᠠ ᠠᠪᠷᠠᠮ ᠳᠤ ᠦᠵᠡᠭᠳᠡᠵᠦ᠄ 《ᠪᠢ ᠪᠣᠯ ᠲᠡᠭᠦᠰ ᠬᠦᠴᠦᠲᠦ ᠪᠤᠷᠬᠠᠨ ᠴᠢ ᠮᠢᠨᠦ ᠡᠮᠦᠨ᠎ᠡ ᠶᠠᠪᠤᠵᠤ᠂ ᠥ ᠦᠭᠡᠢ ᠲᠡᠭᠦᠰ ᠪᠠᠢᠭᠲᠤᠨ᠃
2 ᠴᠢ ᠪᠢᠳᠡ ᠬᠣᠶᠠᠷ ᠤᠨ ᠬᠣᠭᠣᠷᠣᠨᠳᠣ ᠪᠢ ᠭᠡᠷ᠎ᠡ ᠪᠡᠨ ᠲᠣᠭᠲᠠᠭᠠᠵᠤ ᠴᠢᠨᠦ ᠦᠷ᠎ᠡ ᠤᠳᠤᠮ ᠢ ᠦᠯᠡᠮᠵᠢ ᠶᠡᠬᠡ ᠪᠡᠷ ᠣᠯᠠᠰᠢᠷᠠᠭᠤᠯᠤᠨ᠎ᠠ》 ᠭᠡᠪᠡ᠃
3 ᠠᠪᠷᠠᠮ ᠨᠢᠭᠤᠷ ᠢᠶᠠᠨ ᠭᠠᠵᠠᠷ ᠲᠤ ᠬᠦᠷᠭᠡᠨ ᠪᠥᠬᠥᠢᠭᠰᠡᠨ ᠳᠦ᠂ ᠪᠤᠷᠬᠠᠨ ᠲᠡᠭᠦᠨ ᠳᠦ ᠬᠠᠨᠳᠤᠨ᠄
4 《ᠬᠠᠷ᠎ᠠ᠂ ᠴᠢᠮ᠎ᠠ ᠲᠠᠢ ᠪᠠᠢᠭᠤᠯᠤᠭᠰᠠᠨ ᠮᠢᠨᠦ ᠭᠡᠷ᠎ᠡ᠄ ᠴᠢ ᠣᠯᠠᠨ ᠦᠨᠳᠦᠰᠦᠲᠡᠨ ᠦ ᠡᠪᠦᠭᠡ ᠪᠣᠯᠣᠨ᠎ᠠ᠃
5 ᠴᠢᠮᠠᠶᠢ ᠪᠢ ᠣᠯᠠᠨ ᠦᠨᠳᠦᠰᠦᠲᠡᠨ ᠦ ᠡᠪᠦᠭᠡ ᠪᠣᠯᠭᠠᠭᠰᠠᠨ ᠤᠴᠢᠷ ᠡᠭᠦᠨ ᠡᠴᠡ ᠬᠣᠢᠰᠢ ᠴᠢᠨᠦ ᠨᠡᠷ᠎ᠡ ᠠᠪᠷᠠᠮ 26 ᠪᠢᠰᠢ᠂ ᠬᠠᠷᠢᠨ ᠠᠪᠷᠠᠬᠠᠮ 27 ᠭᠡᠭᠳᠡᠬᠦ ᠪᠣᠯᠣᠨ᠎ᠠ᠃
6 ᠪᠢ ᠴᠢᠮᠠᠶᠢ ᠦᠯᠡᠮᠵᠢ ᠶᠡᠬᠡ ᠦᠷᠡᠵᠢᠭᠦᠯᠦᠨ᠂ ᠴᠢᠮ᠎ᠠ ᠠᠴᠠ ᠣᠯᠠᠨ ᠦᠨᠳᠦᠰᠦᠲᠡᠨ ᠢ ᠡᠭᠦᠰᠭᠡᠨ᠎ᠡ᠃ ᠴᠢᠮ᠎ᠠ ᠠᠴᠠ ᠬᠠᠭᠠᠳ ᠴᠤ ᠭᠠᠷᠬᠤ ᠪᠣᠯᠣᠨ᠎ᠠ᠃ 7 ᠪᠢ ᠴᠢᠮ᠎ᠠ ᠳᠤ ᠪᠣᠯᠣᠨ ᠴᠢᠮ᠎ᠠ ᠠᠴᠠ ᠬᠣᠢᠰᠢᠬᠢ ᠦᠷ᠎ᠡ ᠤᠳᠤᠮ ᠳᠤ ᠴᠢᠨᠢ ᠪᠤᠷᠬᠠᠨ ᠨᠢ ᠪᠣᠯᠬᠤ ᠶᠢᠨ ᠲᠤᠯᠠᠳᠠ ᠥᠪᠡᠷ ᠦᠨ ᠢᠶᠠᠨ ᠭᠡᠷ᠎ᠡ ᠶᠢ ᠴᠢ ᠪᠣᠯᠣᠨ ᠴᠢᠮ᠎ᠠ ᠠᠴᠠ ᠬᠣᠢᠰᠢᠬᠢ ᠦᠷ᠎ᠡ ᠤᠳᠤᠮ ᠲᠠᠢ ᠴᠢᠨᠢ᠂ ᠬᠠᠮᠤᠭ ᠦᠶ᠎ᠡ ᠶᠢᠨ ᠬᠢᠨ ᠲᠠᠢ ᠴᠢᠨᠢ ᠮᠥᠩᠬᠡ ᠶᠢᠨ ᠭᠡᠷ᠎ᠡ ᠪᠣᠯᠭᠠᠨ ᠲᠣᠭᠲᠠᠭᠠᠨ᠎ᠠ᠃ 8 ᠴᠠᠭᠠᠴᠢᠨ ᠪᠣᠯᠵᠤ ᠴᠢᠨᠦ ᠠᠮᠢᠳᠤᠷᠠᠨ ᠰᠠᠭᠤᠭ᠎ᠠ ᠡᠨᠡ ᠭᠠᠵᠠᠷ ᠨᠤᠲᠤᠭ ᠪᠤᠶᠤ ᠺᠠᠨᠠᠨ ᠤ ᠪᠦᠬᠦ ᠭᠠᠵᠠᠷ ᠨᠤᠲᠤᠭ ᠢ ᠪᠢ ᠴᠢᠮ᠎ᠠ ᠳᠤ ᠪᠣᠯᠣᠨ ᠴᠢᠨᠦ ᠦᠷ᠎ᠡ ᠤᠳᠤᠮ ᠤᠨ ᠬᠢᠨ ᠳᠤ ᠮᠥᠩᠬᠡ ᠶᠢᠨ ᠥᠮᠴᠢ ᠪᠣᠯᠭᠠᠨ ᠥᠭᠭᠥᠭᠡᠳ ᠲᠡᠳᠡᠨ ᠦ ᠪᠤᠷᠬᠠᠨ ᠨᠢ ᠪᠣᠯᠣᠨ᠎ᠠ》 ᠭᠡᠪᠡ᠃
9 ᠲᠡᠭᠡᠭᠡᠳ ᠪᠤᠷᠬᠠᠨ ᠠᠪᠷᠠᠬᠠᠮ ᠳᠤ᠄ 《ᠬᠠᠷᠢᠨ ᠴᠢ ᠮᠢᠨᠦ ᠭᠡᠷ᠎ᠡ ᠶᠢ ᠰᠠᠬᠢᠭ᠂ ᠴᠢᠨᠦ ᠦᠷ᠎ᠡ ᠤᠳᠤᠮ ᠴᠤ ᠠᠳᠠᠯᠢᠬᠠᠨ ᠰᠠᠬᠢᠭ︕ 10 ᠡᠷ᠎ᠡ ᠬᠦᠢᠰᠦᠲᠡᠨ ᠪᠣᠯᠭᠠᠨ ᠨᠢ ᠬᠥᠪᠴᠢᠷᠬᠡᠢ ᠬᠥᠨᠳᠡᠬᠦ ᠶᠣᠰᠣᠲᠠᠢ᠃ ᠴᠢ ᠪᠣᠯᠣᠨ ᠴᠢᠮ᠎ᠠ ᠠᠴᠠ ᠬᠣᠢᠰᠢᠬᠢ ᠦᠷ᠎ᠡ ᠤᠳᠤᠮ ᠤᠨ ᠴᠢᠨᠢ ᠰᠠᠬᠢᠬᠤ ᠶᠣᠰᠣᠲᠠᠢ ᠮᠢᠨᠦ ᠭᠡᠷ᠎ᠡ ᠪᠣᠯ ᠡᠨᠡ᠃ 11 ᠲᠠ ᠨᠠᠷ ᠬᠥᠪᠴᠢᠷᠬᠡᠢ ᠶᠢᠨ ᠠᠷᠠᠰᠤ ᠪᠠᠨ ᠣᠭᠲᠣᠯᠣᠭᠤᠯᠤᠭᠲᠤᠨ᠃ ᠡᠨᠡ ᠨᠢ ᠲᠠ ᠨᠠᠷ ᠪᠣᠯᠣᠨ ᠮᠢᠨᠦ ᠬᠣᠭᠣᠷᠣᠨᠳᠣ ᠪᠠᠢᠭᠤᠯᠤᠭᠰᠠᠨ ᠭᠡᠷ᠎ᠡ ᠶᠢᠨ ᠲᠡᠮᠳᠡᠭ ᠪᠣᠯᠣᠨ᠎ᠠ᠃ 12 ᠦᠶ᠎ᠡ ᠶᠢᠨ ᠦᠶ᠎ᠡ ᠳᠦ᠂ ᠲᠠ ᠨᠠᠷ ᠤᠨ ᠨᠠᠢ᠌ᠮᠠᠨ ᠬᠣᠨᠣᠭ ᠲᠠᠢ ᠬᠥᠪᠡᠭᠦᠳ ᠪᠦᠭᠦᠳᠡᠭᠡᠷ ᠬᠥᠪᠴᠢᠷᠬᠡᠢ ᠬᠥᠨᠳᠡᠭᠦᠯᠬᠦ ᠶᠣᠰᠣᠲᠠᠢ᠂ ᠲᠠᠨ ᠤ ᠭᠡᠷ ᠲᠦ ᠲᠥᠷᠥᠭᠰᠡᠨ ᠬᠡᠦᠬᠡᠳ ᠴᠤ ᠭᠡᠰᠡᠨ᠂ ᠬᠠᠷᠢ ᠶᠢᠨ ᠬᠥᠮᠦᠨ ᠡᠴᠡ ᠮᠥᠩᠭᠥ ᠪᠡᠷ ᠠᠪᠤᠭᠰᠠᠨ ᠲᠠ ᠨᠠᠷ ᠤᠨ ᠦᠷ᠎ᠡ ᠪᠢᠰᠢ ᠬᠡᠦᠬᠡᠳ ᠴᠤ ᠭᠡᠰᠡᠨ ᠢᠯᠭᠠᠭ᠎ᠠ ᠦᠭᠡᠢ᠃ 13 ᠲᠠᠨ ᠤ ᠭᠡᠷ ᠲᠦ ᠲᠥᠷᠥᠭᠰᠡᠨ ᠨᠢ ᠴᠤ᠂ ᠮᠥᠩᠭᠥ ᠪᠡᠷ ᠠᠪᠤᠭᠰᠠᠨ ᠨᠢ ᠴᠤ ᠬᠥᠪᠴᠢᠷᠬᠡᠢ ᠪᠡᠨ ᠬᠥᠨᠳᠡᠭᠦᠯᠬᠦ ᠶᠣᠰᠣᠲᠠᠢ᠃ ᠮᠢᠨᠦ ᠭᠡᠷ᠎ᠡ ᠲᠠ ᠨᠠᠷ ᠤᠨ ᠮᠢᠬᠠᠨ ᠪᠡᠶ᠎ᠡ ᠳᠦ ᠪᠠᠢᠭᠰᠠᠭᠠᠷ ᠪᠠᠢᠵᠤ ᠮᠥᠩᠬᠡ ᠶᠢᠨ ᠭᠡᠷ᠎ᠡ ᠪᠣᠯᠬᠤ ᠪᠣᠯᠣᠨ᠎ᠠ᠃ 14 ᠬᠥᠪᠴᠢᠷᠬᠡᠢ ᠪᠡᠨ ᠬᠥᠨᠳᠡᠭᠦᠯᠦᠭᠡ ᠦᠭᠡᠢ ᠪᠤᠶᠤ ᠬᠥᠪᠴᠢᠷᠬᠡᠢ ᠶᠢᠨ ᠠᠷᠠᠰᠤ ᠪᠠᠨ ᠣᠭᠲᠣᠯᠣᠭᠤᠯᠤᠭᠠ ᠦᠭᠡᠢ ᠡᠷ᠎ᠡ ᠬᠦᠢᠰᠦᠲᠡᠨ ᠪᠣᠯᠭᠠᠨ ᠠᠷᠠᠳ ᠲᠦᠮᠡᠨ ᠡᠴᠡ ᠪᠡᠨ ᠲᠠᠰᠤᠯᠤᠭᠳᠠᠬᠤ ᠪᠣᠯᠣᠨ᠎ᠠ᠃ ᠲᠡᠷᠡ ᠬᠥᠮᠦᠨ ᠮᠢᠨᠦ ᠭᠡᠷ᠎ᠡ ᠶᠢ ᠵᠥᠷᠢᠴᠡᠭᠰᠡᠨ》 ᠭᠡᠪᠡ᠃
15 ᠪᠤᠷᠬᠠᠨ ᠠᠪᠷᠠᠬᠠᠮ ᠳᠤ᠄ 《ᠴᠢᠨᠦ ᠡᠬᠡᠨᠡᠷ ᠰᠠᠷᠠᠢ ᠶᠢᠨ ᠬᠤᠪᠢ ᠳᠤ᠂ ᠴᠢ ᠰᠠᠷᠠᠢ 28 ᠭᠡᠵᠦ ᠳᠠᠭᠤᠳᠠᠬᠤ ᠪᠠᠨ ᠪᠣᠯᠢᠵᠤ᠂ ᠰᠠᠷᠠᠾ 29 ᠭᠡᠵᠦ ᠨᠡᠷᠡᠯᠡᠭᠡᠷᠡᠢ᠃ 16 ᠪᠢ ᠲᠡᠭᠦᠨ ᠢ ᠢᠪᠡᠭᠡᠵᠦ᠂ ᠲᠡᠭᠦᠨ ᠢᠶᠡᠷ ᠴᠢᠮ᠎ᠠ ᠳᠤ ᠬᠦᠦ ᠥᠭᠭᠥᠨ᠎ᠡ᠃ ᠪᠢ ᠲᠡᠭᠦᠨ ᠢ ᠢᠪᠡᠭᠡᠵᠦ᠂ ᠲᠡᠷᠡ ᠪᠡᠷ ᠣᠯᠠᠨ ᠦᠨᠳᠦᠰᠦᠲᠡᠨ ᠦ ᠡᠬᠡ ᠪᠣᠯᠣᠨ᠎ᠠ᠂ ᠤᠯᠤᠰ ᠦᠨᠳᠦᠰᠦᠲᠡᠨ ᠨᠦᠭᠦᠳ ᠦᠨ ᠬᠠᠭᠠᠳ ᠲᠡᠭᠦᠨ ᠡᠴᠡ ᠡᠭᠦᠰᠦᠨ᠎ᠡ》 ᠭᠡᠵᠡᠢ᠃ 17 ᠲᠡᠭᠡᠬᠦ ᠳᠦ ᠠᠪᠷᠠᠬᠠᠮ ᠨᠢᠭᠤᠷ ᠢᠶᠠᠨ ᠭᠠᠵᠠᠷ ᠬᠦᠷᠭᠡᠭᠰᠡᠭᠡᠷ ᠢᠨᠢᠶᠡᠵᠦ᠄ 《ᠵᠠᠭᠤᠨ ᠨᠠᠰᠤᠲᠠᠢ ᠬᠥᠮᠦᠨ ᠳᠦ ᠬᠦᠦ ᠲᠥᠷᠥᠨ᠎ᠡ ᠭᠡᠵᠢ ᠤᠤ︖ ᠰᠠᠷᠠᠾ ᠶᠡᠷᠡᠨ ᠨᠠᠰᠤᠲᠠᠢ ᠠᠲᠠᠯ᠎ᠠ ᠪᠠᠨ ᠬᠦᠦ ᠲᠥᠷᠥᠭᠦᠯᠦᠨ᠎ᠡ ᠭᠡᠵᠢ ᠤᠤ︖》 ᠭᠡᠵᠦ ᠰᠡᠳᠬᠢᠯ ᠳᠣᠲᠣᠷ᠎ᠠ ᠪᠠᠨ ᠪᠣᠳᠣᠵᠠᠢ᠃ 18 ᠠᠪᠷᠠᠬᠠᠮ ᠪᠤᠷᠬᠠᠨ ᠳᠤ ᠬᠠᠨᠳᠤᠵᠤ᠄ 《ᠢᠱᠮᠠᠶᠧᠯ ᠬᠠᠷᠢᠨ ᠲᠠᠨ ᠤ ᠡᠮᠦᠨ᠎ᠡ ᠠᠮᠢᠳᠤᠷᠠᠬᠤ ᠪᠣᠯᠲᠤᠭᠠᠢ》 ᠭᠡᠵᠦ ᠬᠡᠯᠡᠭᠰᠡᠨ ᠳᠦ᠂ 19 ᠪᠤᠷᠬᠠᠨ᠄ 《ᠦᠭᠡᠢ ᠡ᠂ ᠴᠢᠨᠦ ᠡᠬᠡᠨᠡᠷ ᠰᠠᠷᠠᠾ ᠴᠢᠮ᠎ᠠ ᠳᠤ ᠬᠦᠦ ᠲᠥᠷᠥᠭᠦᠯᠵᠦ ᠥᠭᠭᠥᠨ᠎ᠡ᠃ ᠴᠢ ᠲᠡᠭᠦᠨ ᠢ ᠢᠰᠠᠺ 30 ᠭᠡᠵᠦ ᠨᠡᠷᠡᠯᠡᠨ᠎ᠡ᠃ ᠲᠡᠭᠦᠨ ᠦ ᠦᠷ᠎ᠡ ᠤᠳᠤᠮ ᠳᠤ ᠴᠤ ᠮᠥᠩᠬᠡ ᠶᠢᠨ ᠬᠦᠴᠦᠨ ᠲᠡᠢ ᠪᠣᠯᠬᠤ ᠭᠡᠷ᠎ᠡ ᠶᠢ ᠪᠢ ᠲᠡᠭᠦᠨ ᠲᠡᠢ ᠪᠠᠢᠭᠤᠯᠤᠨ᠎ᠠ᠃ 20 ᠢᠱᠮᠠᠶᠧᠯ ᠤᠨ ᠲᠤᠬᠠᠢ ᠳᠤ ᠴᠤ᠂ ᠪᠢ ᠴᠢᠨᠦ ᠬᠢ ᠶᠢ ᠰᠣᠨᠣᠰᠣᠯ᠎ᠠ᠃ ᠪᠢ ᠦᠨᠡᠬᠡᠷ ᠢᠪᠡᠭᠡᠵᠦ᠂ ᠲᠡᠭᠦᠨ ᠢ ᠦᠷᠡᠵᠢᠭᠦᠯᠦᠨ ᠦᠯᠡᠮᠵᠢ ᠶᠡᠬᠡ ᠪᠡᠷ ᠣᠯᠠᠰᠢᠷᠠᠭᠤᠯᠤᠨ᠎ᠠ᠃ ᠲᠡᠷᠡ ᠪᠡᠷ ᠠᠷᠪᠠᠨ ᠬᠣᠶᠠᠷ ᠨᠣᠶᠠᠨ ᠲᠥᠷᠥᠭᠦᠯᠵᠦ᠂ ᠪᠢ ᠲᠡᠭᠦᠨ ᠢ ᠶᠡᠬᠡ ᠦᠨᠳᠦᠰᠦᠲᠡᠨ ᠪᠣᠯᠭᠠᠨ᠎ᠠ᠃ 21 ᠭᠡᠪᠡᠴᠦ ᠪᠢ ᠥᠪᠡᠷ ᠦᠨ ᠢᠶᠠᠨ ᠭᠡᠷ᠎ᠡ ᠶᠢ ᠢᠰᠠᠺ ᠲᠠᠢ ᠯᠠ ᠪᠠᠢᠭᠤᠯᠤᠨ᠎ᠠ᠃ ᠲᠡᠭᠦᠨ ᠢ ᠰᠠᠷᠠᠾ ᠢᠷᠡᠬᠦ ᠵᠢᠯ ᠤᠨ ᠡᠳᠦᠢ ᠳᠦ ᠴᠢᠮ᠎ᠠ ᠳᠤ ᠲᠥᠷᠥᠭᠦᠯᠵᠦ ᠥᠭᠭᠥᠨ᠎ᠡ》 ᠭᠡᠪᠡ᠃ 22 ᠲᠡᠭᠡᠭᠡᠳ ᠪᠤᠷᠬᠠᠨ ᠠᠪᠷᠠᠬᠠᠮ ᠳᠤ ᠠᠢᠯᠠᠳᠤᠭᠰᠠᠨ ᠶᠠᠷᠢᠶ᠎ᠠ ᠪᠠᠨ ᠳᠠᠭᠤᠰᠬᠠᠵᠤ᠂ ᠲᠡᠭᠦᠨ ᠡᠴᠡ ᠰᠠᠯᠤᠨ᠂ ᠳᠡᠭᠡᠭᠰᠢ ᠣᠳᠪᠠ᠃
23 ᠶᠠᠭ ᠲᠡᠷᠡ ᠡᠳᠦᠷ ᠲᠡᠭᠡᠨ ᠠᠪᠷᠠᠬᠠᠮ ᠪᠤᠷᠬᠠᠨ ᠤ ᠥᠪᠡᠷ ᠲᠤᠨᠢ ᠬᠡᠯᠡᠭᠰᠡᠨ ᠶᠣᠰᠣᠭᠠᠷ ᠢᠱᠮᠠᠶᠧᠯ ᠬᠦᠦ ᠪᠡᠨ ᠪᠣᠯᠣᠨ ᠭᠡᠷ ᠲᠡᠭᠡᠨ ᠲᠥᠷᠥᠭᠰᠡᠨ᠂ ᠡᠰᠡᠪᠡᠯ ᠮᠥᠩᠭᠥ ᠪᠡᠷ ᠠᠪᠤᠭᠰᠠᠨ ᠪᠦᠬᠦ ᠵᠠᠷᠤᠴᠠ ᠪᠤᠶᠤ ᠭᠡᠷ ᠦᠨ ᠢᠶᠠᠨ ᠪᠦᠬᠦ ᠡᠷ᠎ᠡ ᠬᠦᠢᠰᠦᠲᠡᠨ ᠦ ᠬᠥᠪᠴᠢᠷᠬᠡᠢ ᠶᠢᠨ ᠠᠷᠠᠰᠤ ᠶᠢ ᠣᠭᠲᠣᠯᠣᠭᠤᠯᠵᠠᠢ᠃ 24 ᠠᠪᠷᠠᠬᠠᠮ ᠬᠥᠪᠴᠢᠷᠬᠡᠢ ᠶᠢᠨ ᠠᠷᠠᠰᠤ ᠪᠠᠨ ᠣᠭᠲᠣᠯᠣᠭᠤᠯᠬᠤ ᠳᠠᠭᠠᠨ ᠶᠡᠷᠡ ᠶᠢᠰᠦᠨ ᠨᠠᠰᠤᠲᠠᠢ᠂ 25 ᠲᠡᠭᠦᠨ ᠦ ᠬᠦᠦ ᠢᠱᠮᠠᠶᠧᠯ ᠬᠥᠪᠴᠢᠷᠬᠡᠢ ᠶᠢᠨ ᠠᠷᠠᠰᠤ ᠪᠠᠨ ᠣᠭᠲᠣᠯᠣᠭᠤᠯᠬᠤ ᠳᠠᠭᠠᠨ ᠠᠷᠪᠠᠨ ᠭᠤᠷᠪᠠᠨ ᠨᠠᠰᠤᠲᠠᠢ ᠪᠠᠢᠵᠠᠢ᠃ 26 ᠡᠢᠨ ᠬᠦ ᠠᠪᠷᠠᠬᠠᠮ ᠬᠢᠭᠡᠳ ᠲᠡᠭᠦᠨ ᠦ ᠬᠦᠦ ᠢᠱᠮᠠᠶᠧᠯ ᠲᠡᠷᠡ ᠡᠳᠦᠷ ᠳᠡᠭᠡᠨ ᠬᠥᠪᠴᠢᠷᠬᠡᠢ ᠬᠥᠨᠳᠡᠭᠦᠯᠵᠡᠢ᠃ 27 ᠲᠡᠭᠦᠨ ᠦ ᠭᠡᠷ ᠦᠨ ᠠᠯᠢᠪᠠ ᠡᠷ᠎ᠡ ᠬᠦᠢᠰᠦᠲᠡᠨ ᠪᠤᠶᠤ ᠲᠡᠭᠦᠨ ᠦ ᠭᠡᠷ ᠲᠦ ᠲᠥᠷᠥᠭᠰᠡᠨ ᠵᠠᠷᠤᠴᠠ ᠨᠠᠷ ᠬᠢᠭᠡᠳ ᠬᠠᠷᠢ ᠶᠢᠨ ᠬᠥᠮᠦᠨ ᠡᠴᠡ ᠮᠥᠩᠭᠥ ᠪᠡᠷ ᠠᠪᠤᠭᠰᠠᠨ ᠵᠠᠷᠤᠴᠠ ᠨᠠᠷ ᠪᠦᠭᠦᠳᠡᠭᠡᠷ ᠢᠶᠡᠨ ᠲᠡᠭᠦᠨ ᠲᠡᠢ ᠬᠠᠮᠲᠤ ᠬᠥᠪᠴᠢᠷᠬᠡᠢ ᠪᠡᠨ ᠬᠥᠨᠳᠡᠭᠦᠯᠵᠡᠢ᠃