ᠡᠬᠢᠯᠡᠯ ᠭᠤᠴᠢᠨ ᠲᠠᠪᠤ
ᠶᠠᠺᠣᠪ ᠪᠧᠲ᠋ᠧᠯ ᠳᠤ ᠪᠤᠴᠠᠪᠠ
1 ᠪᠤᠷᠬᠠᠨ ᠶᠠᠺᠣᠪ ᠲᠤ᠄ 《ᠣᠳᠣ ᠴᠢ ᠪᠧᠲ᠋ᠧᠯ ᠤᠷᠤᠭᠤ ᠶᠠᠪᠤᠵᠤ᠂ ᠲᠡᠨᠳᠡ ᠰᠠᠭᠤᠷᠢᠰᠢ᠃ ᠠᠬ᠎ᠠ ᠡᠰᠠᠦ᠋ ᠡᠴᠡ ᠪᠡᠨ ᠨᠢᠭᠤᠷ ᠪᠤᠷᠤᠭᠤᠯᠤᠨ ᠵᠢᠭᠤᠲᠠᠵᠤ ᠪᠠᠢᠬᠤ ᠳᠤ ᠴᠢᠨᠢ ᠴᠢᠮ᠎ᠠ ᠳᠤ ᠦᠵᠡᠭᠳᠡᠭᠰᠡᠨ ᠪᠤᠷᠬᠠᠨ ᠳᠤ ᠵᠣᠷᠢᠭᠤᠯᠤᠨ ᠲᠡᠨᠳᠡ ᠪᠡᠨ ᠲᠠᠬᠢᠯ ᠤᠨ ᠰᠢᠷᠡᠭᠡ ᠪᠣᠰᠬ᠎ᠠ》 ᠭᠡᠪᠡ᠃ 2 ᠶᠠᠺᠣᠪ ᠭᠡᠷ ᠦᠨ ᠬᠢᠨ ᠪᠣᠯᠣᠨ ᠬᠠᠮᠲᠤ ᠪᠠᠢᠭ᠎ᠠ ᠪᠦᠬᠦ ᠬᠥᠮᠦᠰ ᠲᠡᠭᠡᠨ᠄ 《ᠲᠠ ᠨᠠᠷ ᠥᠪᠡᠷᠰᠡᠳ ᠲᠡᠭᠡᠨ ᠪᠠᠢᠭ᠎ᠠ ᠬᠠᠷᠢ ᠶᠢᠨ ᠪᠤᠷᠬᠠᠳ ᠢᠶᠠᠨ ᠬᠠᠶᠠ᠂ ᠪᠡᠶᠡᠰ ᠢᠶᠡᠨ ᠠᠷᠢᠭᠤᠰᠭᠠ᠂ ᠬᠤᠪᠴᠠᠰᠤ ᠪᠠᠨ ᠰᠣᠯᠢᠵᠠᠭᠠ︕ 3 ᠵᠠ᠂ ᠪᠢᠳᠡ ᠪᠦᠭᠦᠳᠡᠭᠡᠷ ᠢᠶᠡᠨ ᠪᠧᠲ᠋ᠧᠯ ᠤᠷᠤᠭᠤ ᠶᠠᠪᠤᠵᠠᠭᠠᠶ᠎ᠠ᠃ ᠵᠣᠪᠠᠯᠠᠩᠲᠤ ᠡᠳᠦᠷ ᠲᠦ ᠮᠢᠨᠢ ᠬᠠᠷᠢᠭᠤ ᠥᠭᠴᠦ᠂ ᠶᠠᠪᠤᠬᠤ ᠵᠠᠮ ᠳᠤ ᠮᠢᠨᠢ ᠬᠠᠮᠲᠤ ᠪᠠᠢᠭᠰᠠᠨ ᠪᠤᠷᠬᠠᠨ ᠳᠤ ᠵᠣᠷᠢᠭᠤᠯᠵᠤ᠂ ᠲᠡᠨᠳᠡ ᠪᠢ ᠲᠠᠬᠢᠯ ᠤᠨ ᠰᠢᠷᠡᠭᠡ ᠪᠣᠰᠬᠠᠨ᠎ᠠ》 ᠭᠡᠵᠦ ᠬᠡᠯᠡᠭᠰᠡᠨ ᠳᠦ᠂ 4 ᠲᠡᠳᠡ ᠭᠠᠷ ᠲᠠᠭᠠᠨ ᠪᠠᠢᠭ᠎ᠠ ᠬᠠᠮᠤᠭ ᠬᠠᠷᠢ ᠶᠢᠨ ᠪᠤᠷᠬᠠᠳ᠂ ᠴᠢᠬᠢᠨ ᠳᠡᠭᠡᠨ ᠪᠠᠢᠭ᠎ᠠ ᠡᠭᠡᠮᠦᠭ ᠤᠳ ᠢᠶᠠᠨ ᠶᠠᠺᠣᠪ ᠲᠤ ᠥᠭᠴᠡᠢ᠃ ᠶᠠᠺᠣᠪ ᠲᠡᠳᠡᠭᠡᠷ ᠢ ᠱᠧᠺᠧᠮ ᠤᠨ ᠬᠠᠪᠢ ᠳᠠᠬᠢ ᠴᠠᠷᠠᠰᠤᠨ ᠮᠣᠳᠣᠨ ᠤ ᠳᠣᠣᠷ᠎ᠠ ᠪᠤᠯᠠᠪᠠ᠃ 5 ᠲᠡᠭᠡᠭᠡᠳ ᠲᠡᠳᠡ ᠬᠥᠳᠡᠯᠪᠡ᠃ ᠪᠤᠷᠬᠠᠨ ᠡᠷᠭᠢᠨ ᠲᠣᠭᠣᠷᠢᠨ ᠳᠤ ᠪᠠᠢᠭ᠎ᠠ ᠪᠦᠬᠦ ᠬᠣᠲᠠ ᠳᠤ ᠠᠢᠳᠠᠰ ᠨᠥᠮᠥᠷᠥᠭᠦᠯᠦᠭᠰᠡᠨ ᠢᠶᠡᠷ ᠶᠠᠺᠣᠪ ᠤᠨ ᠬᠥᠪᠡᠭᠦᠳ ᠦᠨ ᠬᠣᠢᠨ᠎ᠠ ᠠᠴᠠ ᠬᠡᠨ ᠴᠤ ᠮᠥᠷᠳᠡᠨ ᠬᠥᠭᠡᠭᠡᠭᠰᠡᠨ ᠦᠭᠡᠢ᠃ 6 ᠶᠠᠺᠣᠪ ᠬᠠᠮᠲᠤ ᠪᠠᠢᠭ᠎ᠠ ᠪᠦᠬᠦ ᠬᠥᠮᠦᠨ ᠲᠡᠢ ᠪᠡᠨ ᠺᠠᠨᠠᠨ ᠨᠤᠲᠤᠭ ᠳᠠᠬᠢ ᠯᠦᠽ᠂ ᠲᠤᠬᠠᠢᠯᠠᠪᠠᠯ ᠪᠧᠲ᠋ᠧᠯ ᠳᠤ ᠬᠦᠷᠴᠦ ᠢᠷᠡᠭᠡᠳ᠂ 7 ᠲᠡᠨᠳᠡ ᠪᠡᠨ ᠲᠠᠬᠢᠯ ᠤᠨ ᠰᠢᠷᠡᠭᠡ ᠪᠣᠰᠬᠠᠵᠤ ᠡᠨᠡ ᠭᠠᠵᠠᠷ ᠢ ᠡᠯᠪᠧᠲ᠋ᠧᠯ 66 ᠭᠡᠵᠦ ᠨᠡᠷᠡᠯᠡᠵᠡᠢ᠃ ᠤᠴᠢᠷ ᠨᠢ ᠶᠠᠺᠣᠪ ᠠᠬ᠎ᠠ ᠠᠴᠠ ᠪᠠᠨ ᠵᠢᠭᠤᠲᠠᠵᠤ ᠪᠠᠢᠬᠤ ᠳᠤ ᠪᠤᠷᠬᠠᠨ ᠲᠡᠨᠳᠡ ᠥᠪᠡᠷ ᠢ ᠪᠠᠨ ᠲᠡᠭᠦᠨ ᠳᠦ ᠢᠯᠡᠷᠬᠡᠶᠢᠯᠡᠭᠰᠡᠨ ᠶᠤᠮ᠃ 8 ᠷᠧᠪᠧᠺᠠ ᠶᠢᠨ ᠠᠰᠠᠷᠠᠭᠴᠢ ᠡᠬᠡ ᠳ᠋ᠧᠪᠣᠷᠠ ᠨᠠᠰᠤ ᠪᠠᠷᠠᠵᠤ᠂ ᠪᠧᠲ᠋ᠧᠯ ᠡᠴᠡ ᠳᠣᠣᠷᠠᠬᠢ ᠬᠥᠨᠳᠡᠢ ᠶᠢᠨ ᠴᠠᠷᠠᠰᠤᠨ ᠮᠣᠳᠣᠨ ᠤ ᠳᠣᠣᠷ᠎ᠠ ᠪᠤᠯᠠᠰᠢᠯᠠᠭᠳᠠᠭᠰᠠᠨ ᠢᠶᠠᠷ ᠲᠡᠷᠡ ᠮᠣᠳᠣ ᠶᠢ ᠠᠯᠣᠨ ᠪᠠᠺᠦ᠋ᠲ 67 ᠭᠡᠵᠦ ᠨᠡᠷᠡᠯᠡᠵᠡᠢ᠃
9 ᠶᠠᠺᠣᠪ ᠫᠠᠳᠠᠨ ᠠᠷᠠᠮ ᠠᠴᠠ ᠪᠤᠴᠠᠵᠤ ᠢᠷᠡᠭᠰᠡᠨ ᠦ ᠳᠠᠷᠠᠭ᠎ᠠ᠂ ᠪᠤᠷᠬᠠᠨ ᠲᠡᠭᠦᠨ ᠳᠦ ᠳᠠᠬᠢᠨᠲᠠ ᠦᠵᠡᠭᠳᠡᠵᠦ᠂ ᠲᠡᠭᠦᠨ ᠢ ᠢᠷᠥᠭᠡᠯᠡ᠃ 10 ᠪᠤᠷᠬᠠᠨ ᠲᠡᠭᠦᠨ ᠳᠦ᠄ 《ᠨᠡᠷ᠎ᠡ ᠴᠢᠨᠢ ᠶᠠᠺᠣᠪ ᠭᠡᠳᠡᠭ ᠣᠳᠣ ᠴᠠᠰᠢᠳᠠ ᠶᠠᠺᠣᠪ ᠭᠡᠭᠳᠡᠬᠦ ᠦᠭᠡᠢ ᠢᠰᠷᠧᠯ ᠭᠡᠭᠳᠡᠬᠦ ᠪᠣᠯᠣᠨ᠎ᠠ》
ᠭᠡᠳ ᠲᠡᠭᠦᠨ ᠢ ᠢᠰᠷᠧᠯ ᠭᠡᠵᠦ ᠨᠡᠷᠡᠯᠡᠵᠡᠢ᠃ 11 ᠪᠤᠷᠬᠠᠨ ᠲᠡᠭᠦᠨ ᠳᠦ᠄ 《ᠪᠢ ᠪᠣᠯ ᠲᠡᠭᠦᠰ ᠬᠦᠴᠦᠲᠦ ᠪᠤᠷᠬᠠᠨ ᠴᠢ ᠦᠷᠡᠵᠢᠨ ᠣᠯᠠᠰᠢᠷᠠᠭᠲᠤᠨ︕ ᠴᠢᠮ᠎ᠠ ᠠᠴᠠ ᠨᠢᠭᠡ ᠦᠨᠳᠦᠰᠦᠲᠡᠨ ᠬᠢᠭᠡᠳ ᠦᠨᠳᠦᠰᠦᠲᠡᠨ ᠨᠦᠭᠦᠳ ᠦᠨ ᠴᠢᠭᠤᠯᠭᠠᠨ ᠡᠭᠦᠰᠴᠦ ᠴᠢᠨᠦ ᠪᠡᠶ᠎ᠡ ᠡᠴᠡ ᠡᠵᠡᠨ ᠬᠠᠭᠠᠳ ᠴᠤ ᠭᠠᠷᠬᠤ ᠪᠣᠯᠣᠨ᠎ᠠ᠃
12 ᠠᠪᠷᠠᠬᠠᠮ ᠪᠣᠯᠣᠨ ᠢᠰᠠᠺ ᠲᠤ ᠥᠭᠭᠥᠭᠰᠡᠨ ᠭᠠᠵᠠᠷ ᠢᠶᠠᠨ ᠪᠢ ᠴᠢᠮ᠎ᠠ ᠳᠤ ᠥᠭᠭᠥᠨ᠎ᠡ ᠲᠡᠷᠡ ᠭᠠᠵᠠᠷ ᠢ ᠪᠢ ᠴᠢᠨᠦ ᠬᠣᠢᠴᠢ ᠦᠶ᠎ᠡ ᠶᠢᠨ ᠬᠢᠨ ᠳᠤ ᠴᠤ ᠥᠭᠭᠥᠨ᠎ᠡ》 ᠭᠡᠪᠡ᠃
13 ᠲᠡᠭᠡᠭᠡᠳ ᠪᠤᠷᠬᠠᠨ ᠲᠡᠭᠦᠨ ᠲᠡᠢ ᠶᠠᠷᠢᠵᠤ ᠪᠠᠢᠭᠰᠠᠨ ᠭᠠᠵᠠᠷ ᠲᠠᠭᠠᠨ ᠲᠡᠭᠦᠨ ᠢ ᠣᠷᠬᠢᠨ᠂ ᠳᠡᠭᠡᠭᠰᠢ ᠪᠠᠨ ᠣᠳᠪᠠ᠃ 14 ᠶᠠᠺᠣᠪ ᠪᠤᠷᠬᠠᠨ ᠤ ᠥᠪᠡᠷ ᠲᠡᠢ ᠨᠢ ᠶᠠᠷᠢᠵᠤ ᠪᠠᠢᠭᠰᠠᠨ ᠲᠡᠷᠡ ᠭᠠᠵᠠᠷ ᠲᠤ ᠴᠢᠯᠠᠭᠤᠨ ᠪᠠᠭᠠᠨ᠎ᠠ ᠪᠣᠰᠬᠠᠭᠠᠳ ᠳᠡᠭᠡᠷ᠎ᠡ ᠨᠢ ᠲᠠᠬᠢᠯ ᠤᠨ ᠤᠮᠳᠠᠭᠠᠨ ᠠᠰᠬᠠᠨ᠂ ᠲᠣᠰᠣ ᠴᠢᠳᠬᠤᠵᠠᠢ᠃ 15 ᠶᠠᠺᠣᠪ ᠪᠤᠷᠬᠠᠨ ᠤ ᠥᠪᠡᠷ ᠲᠡᠢ ᠨᠢ ᠶᠠᠷᠢᠵᠤ ᠪᠠᠢᠭᠰᠠᠨ ᠲᠡᠷᠡ ᠭᠠᠵᠠᠷ ᠢ ᠪᠧᠲ᠋ᠧᠯ ᠭᠡᠵᠦ ᠨᠡᠷᠡᠯᠡᠭᠰᠡᠨ ᠪᠠᠢᠨ᠎ᠠ᠃
ᠷᠠᠾᠢᠯ ᠥᠭᠡᠳᠡ ᠪᠣᠯᠪᠠ
16 ᠲᠡᠭᠡᠭᠡᠳ ᠲᠡᠳᠡ ᠪᠧᠲ᠋ᠧᠯ ᠡᠴᠡ ᠬᠥᠳᠡᠯᠪᠡ᠃ ᠡᠹᠷᠠᠲ ᠲᠤ ᠠᠷᠠᠢ ᠬᠦᠷᠦᠭᠡ ᠦᠭᠡᠢ ᠪᠠᠢᠬᠤ ᠳᠤ ᠷᠠᠾᠢᠯ ᠨᠢᠷᠠᠢᠯᠠᠬᠤ ᠪᠣᠯᠵᠤ᠂ ᠬᠦᠴᠦᠲᠡᠢ ᠳᠤᠩᠰᠢᠨ ᠡᠪᠡᠳᠴᠡᠢ᠃ 17 ᠲᠡᠷᠡ ᠲᠥᠷᠥᠭᠦᠯᠬᠦ ᠪᠡᠷ ᠡᠪᠡᠳᠴᠦ ᠵᠣᠪᠠᠵᠤ ᠪᠠᠢᠬᠤ ᠳᠤ ᠡᠬᠡ ᠪᠠᠷᠢᠭᠴᠢ ᠨᠢ᠄ 《ᠪᠢᠲᠡᠭᠡᠢ ᠠᠶᠤ᠃ ᠲᠠ ᠪᠠᠰᠠ ᠨᠢᠭᠡ ᠬᠦᠦ ᠲᠠᠢ ᠪᠣᠯᠣᠯ᠎ᠠ》 ᠭᠡᠵᠦ ᠬᠡᠯᠡᠪᠡ᠃ 18 ᠬᠠᠷᠢᠨ ᠲᠡᠷᠡ ᠨᠠᠰᠤ ᠪᠠᠷᠠᠬᠤ ᠶᠢᠨ ᠳᠠᠪᠠᠭᠠᠨ ᠳᠡᠭᠡᠷ᠎ᠡ ᠰᠦᠨᠡᠰᠦ ᠨᠢ ᠵᠠᠢᠯᠠᠵᠤ ᠪᠠᠢᠬᠤ ᠳᠤ ᠬᠦᠦ ᠪᠡᠨ ᠪᠧᠨ ᠣᠨᠢ 68 ᠭᠡᠵᠦ ᠨᠡᠷᠡᠯᠡᠭᠰᠡᠨ ᠪᠣᠯᠪᠠᠴᠤ ᠡᠴᠢᠭᠡ ᠨᠢ ᠲᠡᠭᠦᠨ ᠢ ᠪᠢᠨᠶᠠᠮᠢᠨ 69 ᠭᠡᠵᠦ ᠨᠡᠷᠡᠯᠡᠪᠡ᠃ 19 ᠷᠠᠾᠢᠯ ᠡᠢᠨ ᠬᠦ ᠨᠠᠰᠤ ᠪᠠᠷᠠᠵᠤ᠂ ᠡᠹᠷᠠᠲ ᠪᠤᠶᠤ ᠪᠧᠲ᠋ᠯᠧᠾᠧᠮ ᠣᠷᠣᠬᠤ ᠵᠠᠮ ᠳᠡᠭᠡᠷ᠎ᠡ ᠪᠤᠯᠠᠰᠢᠯᠠᠭᠳᠠᠪᠠ᠃ 20 ᠲᠡᠭᠦᠨ ᠦ ᠪᠤᠯᠠᠰᠢᠨ ᠳᠡᠭᠡᠷ᠎ᠡ ᠶᠠᠺᠣᠪ ᠬᠥᠰᠢᠶ᠎ᠡ ᠪᠣᠰᠬᠠᠭᠰᠠᠨ ᠪᠥᠭᠡᠳ ᠲᠡᠷᠡ ᠬᠥᠰᠢᠶ᠎ᠡ ᠣᠳᠣ ᠬᠦᠷᠲᠡᠯ᠎ᠡ ᠷᠠᠾᠢᠯ ᠤᠨ ᠪᠤᠯᠠᠰᠢᠨ ᠤ ᠲᠡᠮᠳᠡᠭ ᠪᠣᠯᠣᠭᠰᠠᠭᠠᠷ ᠪᠠᠢᠨ᠎ᠠ᠃ 21 ᠢᠰᠷᠧᠯ ᠳᠠᠬᠢᠨ ᠬᠥᠳᠡᠯᠵᠦ᠂ ᠡᠳᠧᠷ ᠤᠨ ᠴᠠᠮᠬᠠᠭ ᠢ ᠥᠩᠭᠡᠷᠡᠭᠡᠳ ᠮᠠᠢᠬᠠᠨ ᠢᠶᠠᠨ ᠪᠣᠰᠬᠠᠪᠠ᠃
22 ᠢᠰᠷᠧᠯ ᠲᠡᠷᠡ ᠭᠠᠵᠠᠷ ᠲᠤ ᠰᠠᠭᠤᠵᠤ ᠪᠠᠢᠬᠤ ᠦᠶ᠎ᠡ ᠳᠦ ᠷᠧᠣᠪᠧᠨ᠂ ᠡᠴᠢᠭᠡ ᠶᠢᠨ ᠢᠶᠠᠨ ᠲᠠᠲᠠᠪᠤᠷᠢ ᠡᠮ᠎ᠡ ᠪᠢᠯᠾᠠ ᠳᠡᠭᠡᠷ᠎ᠡ ᠣᠴᠢᠵᠤ ᠲᠡᠭᠦᠨ ᠲᠡᠢ ᠤᠨᠲᠠᠪᠠ᠃ ᠢᠰᠷᠧᠯ ᠡᠨᠡ ᠶᠠᠪᠤᠳᠠᠯ ᠢ ᠰᠣᠨᠣᠰᠣᠭᠰᠠᠨ ᠪᠠᠢᠯ᠎ᠠ᠃ ᠶᠠᠺᠣᠪ ᠠᠷᠪᠠᠨ ᠬᠣᠶᠠᠷ ᠬᠦᠦ ᠲᠠᠢ ᠪᠠᠢᠪᠠ᠃ 23 ᠯᠧᠶ᠎ᠠ ᠶᠢᠨ ᠬᠥᠪᠡᠭᠦᠳ᠄ ᠶᠠᠺᠣᠪ ᠤᠨ ᠤᠤᠭᠠᠨ ᠬᠦᠦ ᠷᠧᠣᠪᠧᠨ᠂ ᠤᠳᠠᠭᠠᠬᠢ ᠨᠢ ᠰᠢᠮᠧᠶᠣᠨ᠂ ᠯᠧᠸᠢ᠂ ᠶᠦᠳᠠ᠂ ᠢᠰᠠᠺᠠᠷ᠂ ᠽᠧᠪᠦ᠋ᠯᠣᠨ᠃ 24 ᠷᠠᠾᠢᠯ ᠤᠨ ᠬᠥᠪᠡᠭᠦᠳ᠄ ᠶᠣᠰᠧᠹ᠂ ᠪᠢᠨᠶᠠᠮᠢᠨ ᠬᠣᠶᠠᠷ᠃ 25 ᠷᠠᠾᠢᠯ ᠤᠨ ᠰᠢᠪᠡᠭᠴᠢᠨ ᠪᠢᠯᠾᠠ ᠶᠢᠨ ᠬᠥᠪᠡᠭᠦᠳ᠄ ᠳ᠋ᠠᠨ᠂ ᠨᠠᠹᠲ᠋ᠠᠯᠢ ᠬᠣᠶᠠᠷ᠃ 26 ᠯᠧᠶ᠎ᠠ ᠶᠢᠨ ᠰᠢᠪᠡᠭᠴᠢᠨ ᠽᠢᠯᠫᠠ ᠶᠢᠨ ᠬᠥᠪᠡᠭᠦᠳ᠄ ᠭᠠᠳ᠋᠂ ᠠᠱᠧᠷ ᠬᠣᠶᠠᠷ᠃ ᠲᠡᠳᠡ ᠪᠣᠯ ᠫᠠᠳᠠᠨ ᠠᠷᠠᠮ ᠳᠤ ᠲᠥᠷᠥᠭᠰᠡᠨ ᠶᠠᠺᠣᠪ ᠤᠨ ᠬᠥᠪᠡᠭᠦᠳ ᠶᠤᠮ᠃
ᠢᠰᠠᠺ ᠥᠭᠡᠳᠡ ᠪᠣᠯᠪᠠ
27 ᠲᠡᠭᠡᠭᠡᠳ ᠶᠠᠺᠣᠪ ᠠᠷᠪᠠ ᠬᠣᠲᠠ ᠶᠢᠨ ᠬᠠᠪᠢ ᠳᠠᠬᠢ ᠮᠠᠮᠷᠧ ᠤᠷᠤᠭᠤ ᠶᠠᠪᠤᠵᠤ᠂ ᠡᠴᠢᠭᠡ ᠢᠰᠠᠺ ᠲᠠᠭᠠᠨ ᠣᠴᠢᠭᠰᠠᠨ ᠪᠠᠢᠨ᠎ᠠ᠃ ᠠᠷᠪᠠ ᠬᠣᠲᠠ ᠪᠤᠶᠤ ᠾᠧᠪᠷᠣᠨ ᠪᠣᠯ ᠠᠪᠷᠠᠬᠠᠮ ᠲᠡᠳᠦᠢ ᠦᠭᠡᠢ ᠢᠰᠠᠺ ᠤᠨ ᠴᠤ ᠰᠠᠭᠤᠵᠤ ᠪᠠᠢᠭᠰᠠᠨ ᠭᠠᠵᠠᠷ ᠶᠤᠮ᠃ 28 ᠢᠰᠠᠺ ᠵᠠᠭᠤ ᠨᠠᠶᠠᠨ ᠨᠠᠰᠤᠲᠠᠢ ᠪᠠᠢᠯ᠎ᠠ᠃ 29 ᠢᠰᠠᠺ ᠥᠲᠡᠯᠦᠨ ᠨᠠᠰᠤᠨ ᠤ ᠲᠣᠭ᠎ᠠ ᠨᠢ ᠭᠦᠢᠴᠡᠬᠦ ᠳᠦ᠂ ᠠᠮᠢᠰᠬᠤᠯ ᠬᠤᠷᠢᠶᠠᠨ ᠨᠠᠰᠤ ᠪᠠᠷᠠᠵᠤ᠂ ᠥᠪᠡᠷ ᠦᠨ ᠬᠥᠮᠦᠰ ᠤᠷᠤᠭᠤ ᠠᠪᠠᠴᠢᠭᠳᠠᠵᠠᠢ᠃ ᠬᠦᠦ ᠡᠰᠠᠦ᠋᠂ ᠶᠠᠺᠣᠪ ᠬᠣᠶᠠᠷ ᠨᠢ ᠲᠡᠭᠦᠨ ᠢ ᠣᠷᠣᠰᠢᠭᠤᠯᠤᠭᠰᠠᠨ ᠪᠠᠢᠨ᠎ᠠ᠃