1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠷᠢᠨ ᠨᠢᠭᠡ
 ᠢᠰᠠᠺ ᠲᠥᠷᠥᠭᠰᠡᠨ ᠨᠢ

1 ᠶᠣᠬᠣᠸᠠ ᠬᠡᠯᠡᠭᠰᠡᠨ ᠶᠣᠰᠣᠭᠠᠷ ᠢᠶᠠᠨ ᠰᠠᠷᠠᠾ ᠢ ᠡᠷᠭᠢᠵᠦ ᠦᠵᠡᠪᠡ᠃ ᠶᠣᠬᠣᠸᠠ ᠰᠠᠷᠠᠾ ᠲᠤ ᠠᠮᠠᠯᠠᠭᠰᠠᠨ ᠶᠣᠰᠣᠭᠠᠷ ᠢᠶᠠᠨ ᠪᠡᠶᠡᠯᠡᠭᠦᠯᠦᠭᠰᠡᠨ ᠳᠦ᠂ 2 ᠰᠠᠷᠠᠾ ᠵᠢᠷᠮᠦᠰᠦᠯᠡᠵᠦ᠂ ᠪᠤᠷᠬᠠᠨ ᠤ ᠠᠮᠠᠯᠠᠭᠰᠠᠨ ᠴᠠᠭ ᠲᠤ ᠥᠨᠳᠥᠷ ᠨᠠᠰᠤᠯᠠᠭᠰᠠᠨ ᠠᠪᠷᠠᠬᠠᠮ ᠳᠤ ᠬᠦᠦ ᠲᠥᠷᠥᠭᠦᠯᠵᠦ ᠥᠭᠪᠡ᠃ 3 ᠠᠪᠷᠠᠬᠠᠮ ᠰᠠᠷᠠᠾ ᠤᠨ ᠥᠪᠡᠷ ᠲᠤᠨᠢ ᠲᠥᠷᠥᠭᠦᠯᠵᠦ ᠥᠭᠭᠥᠭᠰᠡᠨ ᠬᠦᠦ ᠶᠢ ᠢᠰᠠᠺ ᠭᠡᠵᠦ ᠨᠡᠷᠡᠯᠡᠪᠡ᠃ 4 ᠬᠦᠦ ᠢᠰᠠᠺ ᠢᠶᠠᠨ ᠨᠠᠢ᠌ᠮᠠᠨ ᠬᠣᠨᠣᠭ ᠳᠡᠭᠡᠷ᠎ᠡ ᠨᠢ ᠠᠪᠷᠠᠬᠠᠮ ᠪᠤᠷᠬᠠᠨ ᠤ ᠲᠤᠰᠢᠶᠠᠭᠰᠠᠨ ᠢᠶᠠᠷ ᠬᠥᠪᠴᠢᠷᠬᠡᠢ ᠶᠢ ᠨᠢ ᠬᠥᠨᠳᠡᠵᠦ ᠥᠭᠴᠡᠢ᠃ 5 ᠬᠦᠦ ᠢᠰᠠᠺ ᠢᠶᠠᠨ ᠲᠥᠷᠥᠭᠦᠯᠬᠦ ᠳᠦ᠂ ᠠᠪᠷᠠᠬᠠᠮ ᠵᠠᠭᠤᠨ ᠨᠠᠰᠤᠲᠠᠢ ᠪᠠᠢᠯ᠎ᠠ᠃ 6 ᠰᠠᠷᠠᠾ᠄ 《ᠪᠤᠷᠬᠠᠨ ᠨᠠᠳᠠ ᠳᠤ ᠢᠨᠢᠶᠡᠮᠰᠦᠭᠯᠡᠯ ᠠᠪᠴᠢᠷᠠᠯ᠎ᠠ᠃ ᠰᠣᠨᠣᠰᠣᠭᠰᠠᠨ ᠪᠣᠯᠭᠠᠨ ᠨᠠᠳᠠ ᠲᠠᠢ ᠬᠠᠮᠲᠤ ᠢᠨᠢᠶᠡᠮᠰᠦᠭᠯᠡᠨ᠎ᠡ》 ᠭᠡᠪᠡ᠃ 7 ᠰᠠᠷᠠᠾ᠄ 《〈ᠰᠠᠷᠠᠾ ᠬᠡᠦᠬᠡᠳ ᠤᠳ ᠢᠶᠠᠨ ᠬᠥᠬᠥᠭᠦᠯᠦᠨ᠎ᠡ〉 ᠭᠡᠵᠦ ᠬᠡᠨ ᠠᠪᠷᠠᠬᠠᠮ ᠳᠤ ᠥᠭᠦᠯᠡᠬᠦ ᠪᠠᠢᠭᠰᠠᠨ ᠶᠤᠮ ᠪᠤᠢ︖ ᠬᠠᠷᠢᠨ ᠪᠢ ᠨᠠᠰᠤ ᠥᠲᠡᠯᠦᠭᠰᠡᠨ ᠲᠡᠭᠦᠨ ᠳᠦ ᠬᠦᠦ ᠲᠥᠷᠥᠭᠦᠯᠵᠦ ᠥᠭᠭᠥᠯ᠎ᠡ》 ᠭᠡᠪᠡ᠃
 ᠬᠠᠭᠠᠷ ᠢᠱᠮᠠᠶᠧᠯ ᠬᠣᠶᠠᠷ ᠬᠥᠭᠡᠭᠡᠭᠳᠡᠪᠡ

8 ᠬᠦᠦ ᠥᠰᠴᠦ᠂ ᠬᠥᠬᠥᠨ ᠡᠴᠡ ᠭᠠᠷᠴᠠᠢ᠃ ᠠᠪᠷᠠᠬᠠᠮ ᠢᠰᠠᠺ ᠤᠨ ᠬᠥᠬᠥᠨ ᠡᠴᠡ ᠭᠠᠷᠬᠤ ᠡᠳᠦᠷ ᠶᠡᠬᠡ ᠨᠠᠢᠷ ᠬᠢᠵᠡᠢ᠃ 9 ᠬᠠᠷᠢᠨ ᠶᠧᠵᠢᠫᠲ ᠪᠦᠰᠡᠭᠦᠢ ᠬᠠᠭᠠᠷ ᠤᠨ ᠠᠪᠷᠠᠬᠠᠮ ᠳᠤ ᠲᠥᠷᠥᠭᠦᠯᠵᠦ ᠥᠭᠭᠥᠭᠰᠡᠨ ᠬᠦᠦ ᠨᠢ ᠢᠰᠠᠺ ᠢᠶᠠᠷ ᠲᠣᠭᠯᠠᠭᠠᠮ ᠬᠢᠵᠦ ᠪᠠᠢᠭ᠎ᠠ ᠶᠢ ᠰᠠᠷᠠᠾ ᠬᠠᠷᠠᠭᠠᠳ᠂ 10 ᠠᠪᠷᠠᠬᠠᠮ ᠳᠤ᠄ 《ᠲᠡᠷᠡ ᠰᠢᠪᠡᠭᠴᠢᠨ ᠢ ᠬᠦᠦ ᠲᠠᠢ ᠨᠢ ᠬᠠᠮᠲᠤ ᠵᠠᠢᠯᠠᠭᠤᠯ᠃ ᠲᠡᠷᠡ ᠰᠢᠪᠡᠭᠴᠢᠨ ᠤ ᠬᠦᠦ ᠮᠢᠨᠦ ᠬᠦᠦ ᠢᠰᠠᠺ ᠲᠠᠢ ᠬᠠᠮᠲᠤ ᠥᠪ ᠵᠠᠯᠭᠠᠮᠵᠢᠯᠠᠬᠤ ᠤᠴᠢᠷ ᠦᠭᠡᠢ》 ᠭᠡᠪᠡ᠃ 11 ᠭᠡᠪᠡᠴᠦ ᠲᠡᠷᠡ ᠨᠢ ᠴᠤ ᠥᠪᠡᠷ ᠦᠨ ᠬᠢᠨᠢ ᠬᠦᠦ ᠪᠣᠯᠬᠣᠷ ᠠᠪᠷᠠᠬᠠᠮ ᠡᠨᠡ ᠶᠠᠪᠤᠳᠠᠯ ᠳᠡᠭᠡᠷ᠎ᠡ ᠶᠡᠬᠡ ᠭᠤᠨᠢᠭᠯᠠᠬᠤ ᠳᠤ᠂ 12 ᠪᠤᠷᠬᠠᠨ ᠠᠪᠷᠠᠬᠠᠮ ᠳᠤ᠄ 《ᠴᠢ ᠲᠡᠷᠡ ᠬᠦᠦ᠂ ᠰᠢᠪᠡᠭᠴᠢᠨ ᠬᠣᠶᠠᠷ ᠠᠴᠠ ᠪᠣᠯᠵᠤ ᠰᠡᠳᠬᠢᠯ ᠪᠦᠦ ᠵᠣᠪᠠ᠃ ᠬᠠᠷᠢᠨ ᠰᠠᠷᠠᠾ ᠤᠨ ᠴᠢᠮ᠎ᠠ ᠳᠤ ᠬᠡᠯᠡᠵᠦ ᠪᠤᠢ ᠪᠦᠭᠦᠳᠡ ᠶᠢ ᠵᠥᠪᠰᠢᠶᠡᠷᠡ᠃ ᠤᠴᠢᠷ ᠨᠢ ᠢᠰᠠᠺ ᠠᠴᠠ ᠭᠠᠷᠤᠯ ᠲᠠᠢ ᠨᠢ ᠯᠠ ᠴᠢᠨᠦ ᠦᠷ᠎ᠡ ᠤᠳᠤᠮ ᠭᠡᠵᠦ ᠨᠡᠷᠡᠯᠡᠭᠳᠡᠨ᠎ᠡ᠃ 13 ᠭᠡᠬᠦ ᠳᠦ ᠰᠢᠪᠡᠭᠴᠢᠨ ᠤ ᠬᠦᠦ ᠴᠤ ᠴᠢᠨᠦ ᠦᠷ᠎ᠡ ᠤᠳᠤᠮ ᠤᠴᠢᠷ ᠪᠢ ᠲᠡᠭᠦᠨ ᠡᠴᠡ ᠨᠢᠭᠡᠨ ᠦᠨᠳᠦᠰᠦᠲᠡᠨ ᠢ ᠡᠭᠦᠰᠭᠡᠨ᠎ᠡ》 ᠭᠡᠪᠡ᠃ 14 ᠠᠪᠷᠠᠬᠠᠮ ᠥᠷᠯᠥᠭᠡ ᠡᠷᠲᠡᠯᠡᠨ ᠪᠣᠰᠴᠤ ᠬᠠᠭᠠᠷ ᠲᠤ ᠪᠣᠣᠪᠣ ᠪᠣᠯᠣᠨ ᠲᠤᠯᠤᠮ ᠲᠠᠢ ᠤᠰᠤ ᠠᠪᠴᠢᠷᠠᠵᠤ᠂ ᠮᠥᠷᠥᠨ ᠳᠦᠨᠢ ᠡᠭᠦᠷᠦᠭᠦᠯᠦᠭᠡᠳ ᠬᠦᠦ ᠲᠠᠢ ᠨᠢ ᠬᠠᠮᠲᠤ ᠶᠠᠪᠤᠭᠤᠯᠵᠠᠢ᠃ ᠬᠠᠭᠠᠷ ᠲᠡᠨᠳᠡ ᠡᠴᠡ ᠭᠠᠷᠴᠤ᠂ ᠪᠧᠷ ᠱᠧᠪᠠ ᠶᠢᠨ ᠵᠡᠯᠢᠭᠦᠳ ᠲᠠᠯ᠎ᠠ ᠪᠠᠷ ᠲᠡᠨᠦᠭᠦᠴᠢᠯᠡᠨ ᠶᠠᠪᠤᠪᠠ᠃

15 ᠲᠤᠯᠤᠮ ᠲᠠᠢ ᠤᠰᠤ ᠨᠢ ᠳᠠᠭᠤᠰᠤᠭᠰᠠᠨ ᠳᠤ᠂ ᠬᠠᠭᠠᠷ ᠬᠦᠦ ᠪᠡᠨ ᠪᠤᠲᠠᠨ ᠤ ᠳᠣᠣᠷ᠎ᠠ ᠣᠷᠬᠢᠭᠠᠳ᠄ 16 《ᠪᠢ ᠬᠦᠦ ᠶᠢᠨ ᠢᠶᠠᠨ ᠦᠬᠦᠬᠦ ᠶᠢ ᠬᠠᠷᠠᠵᠤ ᠴᠢᠳᠠᠬᠤ ᠦᠭᠡᠢ ᠨᠢ》 ᠭᠡᠳ ᠬᠠᠷᠪᠤᠭᠰᠠᠨ ᠰᠤᠮᠤᠨ ᠤ ᠳᠤᠰᠤᠭᠠᠯ ᠤᠨ ᠭᠠᠵᠠᠷ ᠲᠤ ᠣᠴᠢᠵᠤ᠂ ᠬᠦᠦ ᠶᠢᠨ ᠢᠶᠠᠨ ᠡᠰᠡᠷᠭᠦ ᠬᠠᠷᠠᠵᠤ ᠰᠠᠭᠤᠭᠠᠳ᠂ ᠳᠠᠭᠤ ᠲᠠᠯᠪᠢᠨ ᠤᠬᠢᠯᠠᠪᠠ᠃ 17 ᠪᠤᠷᠬᠠᠨ ᠬᠦᠦ ᠶᠢᠨ ᠬᠢᠨᠢ ᠤᠬᠢᠯᠠᠬᠤ ᠶᠢ ᠰᠣᠨᠣᠰᠣᠯ᠎ᠠ᠂ ᠪᠤᠷᠬᠠᠨ ᠤ ᠡᠯᠴᠢ ᠲᠩᠷᠢ ᠡᠴᠡ ᠬᠠᠭᠠᠷ ᠢ ᠳᠠᠭᠤᠳᠠᠵᠤ᠄ 《ᠬᠠᠭᠠᠷ ᠡ︕ ᠶᠠᠭᠤ ᠪᠣᠯᠣᠭᠰᠠᠨ ᠪᠤᠢ︖ ᠪᠦᠦ ᠠᠶᠤ᠃ ᠪᠤᠷᠬᠠᠨ ᠲᠡᠨᠳᠡ ᠪᠠᠢᠭ᠎ᠠ ᠬᠥᠪᠡᠭᠦᠨ ᠦ ᠳᠠᠭᠤ ᠶᠢ ᠰᠣᠨᠣᠰᠣᠯ᠎ᠠ︕ 18 ᠣᠳᠣ ᠴᠢ ᠪᠣᠰ᠂ ᠬᠥᠪᠡᠭᠦᠨ ᠢᠶᠡᠨ ᠪᠣᠰᠬᠠᠵᠤ ᠲᠡᠪᠡᠷᠢᠨ ᠠᠪ︕ ᠪᠢ ᠲᠡᠭᠦᠨ ᠡᠴᠡ ᠠᠭᠤᠤ ᠦᠨᠳᠦᠰᠦᠲᠡᠨ ᠢ ᠡᠭᠦᠰᠭᠡᠨ᠎ᠡ》 ᠭᠡᠪᠡ᠃ 19 ᠪᠤᠷᠬᠠᠨ ᠬᠠᠭᠠᠷ ᠤᠨ ᠨᠢᠳᠦ ᠶᠢ ᠨᠡᠭᠡᠭᠡᠭᠰᠡᠨ ᠳᠦ᠂ ᠲᠡᠷᠡ ᠤᠰᠤᠨ ᠤ ᠤᠨᠳᠤᠷᠤᠭ᠎ᠠ ᠣᠯᠵᠤ ᠬᠠᠷᠠᠭᠠᠳ ᠣᠴᠢᠵᠤ ᠲᠤᠯᠤᠮ ᠢᠶᠠᠨ ᠤᠰᠤ ᠪᠠᠷ ᠳᠦᠭᠦᠷᠭᠡᠨ᠂ ᠬᠥᠪᠡᠭᠦᠨ ᠳᠡᠭᠡᠨ ᠤᠤᠭᠤᠯᠭᠠᠯ᠎ᠠ᠃

20 ᠪᠤᠷᠬᠠᠨ ᠲᠡᠷᠡ ᠬᠥᠪᠡᠭᠦᠨ ᠲᠡᠢ ᠬᠠᠮᠲᠤ ᠪᠠᠢᠭᠰᠠᠨ ᠪᠥᠭᠡᠳ ᠲᠡᠷᠡ ᠥᠰᠴᠦ ᠲᠣᠮᠣ ᠪᠣᠯᠵᠠᠢ᠃ ᠲᠡᠷᠡ ᠵᠡᠯᠢᠭᠦᠳ ᠲᠠᠯ᠎ᠠ ᠳᠤ ᠰᠠᠭᠤᠷᠢᠰᠢᠵᠤ᠂ ᠬᠠᠷᠪᠤᠭᠠᠴᠢ ᠪᠣᠯᠪᠠ᠃ 21 ᠲᠡᠷᠡ ᠫᠠᠷᠠᠨ ᠤ ᠵᠡᠯᠢᠭᠦᠳ ᠲᠠᠯ᠎ᠠ ᠳᠤ ᠨᠤᠲᠤᠭᠰᠢᠭᠰᠠᠨ ᠪᠥᠭᠡᠳ ᠡᠵᠢ ᠨᠢ ᠲᠡᠭᠦᠨ ᠳᠦ ᠶᠧᠵᠢᠫᠲ ᠨᠤᠲᠤᠭ ᠠᠴᠠ ᠡᠬᠡᠨᠡᠷ ᠠᠪᠴᠤ ᠥᠭᠴᠡᠢ᠃
 ᠪᠧᠷ ᠱᠧᠪᠠ ᠳᠠᠬᠢ ᠭᠡᠷ᠎ᠡ

22 ᠲᠡᠷᠡ ᠦᠶ᠎ᠡ ᠳᠦ ᠠᠪᠢᠮᠧᠯᠧᠺ ᠪᠣᠯᠣᠨ ᠲᠡᠭᠦᠨ ᠦ ᠴᠡᠷᠢᠭ ᠤᠨ ᠵᠠᠩᠵᠤᠨ ᠹᠢᠺᠣᠯ ᠨᠠᠷ ᠠᠪᠷᠠᠬᠠᠮ ᠳᠤ᠄ 《ᠴᠢ ᠶᠠᠭᠤ ᠬᠢᠭᠰᠡᠨ ᠴᠤ ᠪᠤᠷᠬᠠᠨ ᠴᠢᠮ᠎ᠠ ᠲᠠᠢ ᠬᠠᠮᠲᠤ ᠪᠠᠢᠨ᠎ᠠ᠃ 23 ᠣᠳᠣ ᠴᠢ ᠪᠤᠷᠬᠠᠨ ᠤ ᠡᠮᠦᠨ᠎ᠡ ᠨᠠᠳᠠ ᠳᠤ ᠲᠠᠩ᠋ᠭᠠᠷᠢᠭᠯᠠᠨ᠂ ᠨᠠᠳᠠ ᠳᠤ ᠪᠣᠯᠣᠨ ᠮᠢᠨᠦ ᠬᠦᠦ᠂ ᠮᠢᠨᠦ ᠦᠷ᠎ᠡ ᠤᠳᠤᠮ ᠳᠤ ᠮᠠᠭᠤ ᠪᠠᠷ ᠬᠠᠨᠳᠤᠬᠤ ᠦᠭᠡᠢ ᠪᠠᠢᠬᠤ ᠶᠢ ᠠᠮᠠᠯᠠᠭᠲᠤᠨ᠃ ᠴᠢᠮᠠᠶᠢ ᠡᠨᠡᠷᠢᠭᠰᠡᠨ ᠲᠡᠢ ᠮᠢᠨᠢ ᠠᠳᠠᠯᠢ ᠴᠢ ᠪᠠᠰᠠ ᠨᠠᠮᠠᠶᠢ᠂ ᠮᠥᠨ ᠴᠢᠨᠦ ᠰᠠᠭᠤᠵᠤ ᠪᠠᠢᠭ᠎ᠠ ᠡᠨᠡ ᠨᠤᠲᠤᠭ ᠤᠨ ᠬᠢᠨ ᠢ ᠡᠨᠡᠷᠢᠭᠡᠷᠡᠢ》 ᠭᠡᠬᠦ ᠳᠦ᠂ 24 ᠠᠪᠷᠠᠬᠠᠮ᠄ 《ᠲᠠᠩ᠋ᠭᠠᠷᠢᠭᠯᠠᠶ᠎ᠠ》 ᠭᠡᠪᠡ᠃ 25 ᠠᠪᠢᠮᠧᠯᠧᠺ ᠤᠨ ᠵᠠᠷᠤᠴᠠ ᠨᠠᠷ ᠬᠤᠳᠳᠤᠭ ᠢ ᠨᠢ ᠪᠤᠯᠢᠶᠠᠨ ᠠᠪᠤᠭᠰᠠᠨ ᠬᠡᠷᠡᠭ ᠦᠨ ᠲᠤᠬᠠᠢ ᠠᠪᠷᠠᠬᠠᠮ ᠠᠪᠢᠮᠧᠯᠧᠺ ᠲᠤ ᠭᠣᠮᠣᠳᠠᠯ ᠲᠠᠯᠪᠢᠭᠰᠠᠨ ᠳᠤ᠂ 26 ᠠᠪᠢᠮᠧᠯᠧᠺ᠄ 《ᠬᠡᠨ ᠲᠡᠭᠡᠭᠰᠡᠨ ᠢ ᠪᠢ ᠮᠡᠳᠡᠬᠦ ᠦᠭᠡᠢ᠂ ᠴᠢ ᠴᠤ ᠨᠠᠳᠠ ᠳᠤ ᠳᠤᠭᠤᠯᠭᠠᠭ᠎ᠠ ᠦᠭᠡᠢ᠂ ᠪᠢ ᠴᠤ ᠡᠨᠡ ᠲᠤᠬᠠᠢ ᠣᠳᠣ ᠬᠦᠷᠲᠡᠯ᠎ᠡ ᠰᠣᠨᠣᠰᠣᠭ᠎ᠠ ᠦᠭᠡᠢ》 ᠭᠡᠯ᠎ᠡ᠃ 27 ᠠᠪᠷᠠᠬᠠᠮ ᠪᠣᠭ ᠮᠠᠯ᠂ ᠦᠬᠡᠷ ᠦᠨ ᠰᠦᠷᠦᠭ ᠠᠪᠴᠢᠷᠠᠵᠤ ᠠᠪᠢᠮᠧᠯᠧᠺ ᠲᠤ ᠥᠭᠭᠥᠭᠰᠡᠨ ᠪᠠ ᠬᠣᠶᠠᠭᠤᠯᠠ ᠪᠠᠨ ᠭᠡᠷ᠎ᠡ ᠪᠠᠢᠭᠤᠯᠵᠠᠢ᠃ 28 ᠠᠪᠷᠠᠬᠠᠮ ᠪᠠᠰᠠ ᠰᠦᠷᠦᠭ ᠡᠴᠡ ᠪᠡᠨ ᠳᠣᠯᠣᠭᠠᠨ ᠥᠬᠢᠨ ᠬᠤᠷᠠᠭ᠎ᠠ ᠰᠠᠯᠭᠠᠨ ᠠᠪᠬᠤ ᠳᠤ᠂ 29 ᠠᠪᠢᠮᠧᠯᠧᠺ ᠠᠪᠷᠠᠬᠠᠮ ᠳᠤ᠄ 《ᠡᠨᠡ ᠳᠣᠯᠣᠭᠠᠨ ᠥᠬᠢᠨ ᠬᠤᠷᠠᠭ᠎ᠠ ᠶᠢ ᠰᠦᠷᠦᠭ ᠡᠴᠡ ᠨᠢ ᠰᠠᠯᠭᠠᠭᠰᠠᠨ ᠤ ᠤᠴᠢᠷ ᠶᠠᠭᠤ ᠪᠤᠢ︖》 ᠭᠡᠰᠡᠨ ᠳᠦ᠂ 30 ᠠᠪᠷᠠᠬᠠᠮ᠄ 《ᠡᠨᠡ ᠬᠤᠳᠳᠤᠭ ᠢ ᠤᠬᠤᠭᠰᠠᠨ ᠤ ᠮᠢᠨᠢ ᠭᠡᠷᠡᠴᠢ ᠪᠣᠯᠬᠤ ᠡᠨᠡ ᠳᠣᠯᠣᠭᠠᠨ ᠥᠬᠢᠨ ᠬᠤᠷᠠᠭ᠎ᠠ ᠶᠢ ᠴᠢ ᠮᠢᠨᠦ ᠭᠠᠷ ᠠᠴᠠ ᠠᠪᠬᠤ ᠤᠴᠢᠷᠲᠠᠢ》 ᠭᠡᠪᠡ᠃ 31 ᠲᠡᠷᠡ ᠬᠣᠶᠠᠷ ᠲᠡᠨᠳᠡ ᠪᠡᠶ᠎ᠡ ᠪᠡᠶ᠎ᠡ ᠳᠡᠭᠡᠨ ᠲᠠᠩ᠋ᠭᠠᠷᠢᠭ ᠲᠠᠯᠪᠢᠭᠰᠠᠨ ᠠᠴᠠ ᠲᠡᠷᠡ ᠭᠠᠵᠠᠷ ᠨᠢ ᠪᠧᠷ ᠱᠧᠪᠠ 36 ᠭᠡᠵᠦ ᠨᠡᠷᠡᠯᠡᠭᠳᠡᠵᠡᠢ᠃ 32 ᠪᠧᠷ ᠱᠧᠪᠠ ᠳᠤ ᠭᠡᠷ᠎ᠡ ᠲᠣᠭᠲᠠᠭᠰᠠᠨ ᠤ ᠳᠠᠷᠠᠭ᠎ᠠ ᠠᠪᠢᠮᠧᠯᠧᠺ ᠪᠣᠯᠣᠨ ᠲᠡᠭᠦᠨ ᠦ ᠴᠡᠷᠢᠭ ᠤᠨ ᠵᠠᠩᠵᠤᠨ ᠹᠢᠺᠣᠯ ᠬᠣᠶᠠᠷ ᠮᠣᠷᠳᠠᠨ ᠹᠢᠯᠢᠰᠲ᠋ᠴᠦᠳ ᠦᠨ ᠨᠤᠲᠤᠭ ᠤᠷᠤᠭᠤ ᠪᠠᠨ ᠪᠤᠴᠠᠵᠠᠢ᠃ 33 ᠠᠪᠷᠠᠬᠠᠮ ᠪᠧᠷ ᠱᠧᠪᠠ ᠳᠤ ᠰᠤᠬᠠᠢ ᠮᠣᠳᠣ ᠲᠠᠷᠢᠵᠤ᠂ ᠮᠥᠩᠬᠡ ᠶᠢᠨ ᠪᠤᠷᠬᠠᠨ ᠶᠣᠬᠣᠸᠠ ᠶᠢᠨ ᠨᠡᠷ᠎ᠡ ᠶᠢ ᠳᠠᠭᠤᠳᠠᠪᠠ᠃ 34 ᠠᠪᠷᠠᠬᠠᠮ ᠹᠢᠯᠢᠰᠲ᠋ᠴᠦᠳ ᠦᠨ ᠨᠤᠲᠤᠭ ᠲᠤ ᠤᠳᠠᠭᠠᠨ ᠰᠠᠭᠤᠵᠠᠢ᠃