1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠳᠥᠴᠢᠨ ᠬᠣᠶᠠᠷ
 ᠶᠣᠰᠧᠹ ᠤᠨ ᠠᠬ᠎ᠠ ᠨᠠᠷ ᠶᠧᠵᠢᠫᠲ ᠲᠤ ᠣᠴᠢᠪᠠ

1 ᠶᠠᠺᠣᠪ ᠶᠧᠵᠢᠫᠲ ᠲᠤ ᠠᠮᠤ ᠬᠦᠨᠡᠰᠦ ᠪᠠᠢᠭ᠎ᠠ ᠶᠢ ᠮᠡᠳᠡᠭᠡᠳ᠂ ᠬᠥᠪᠡᠭᠦᠳ ᠲᠡᠭᠡᠨ᠄ 《ᠲᠠ ᠨᠠᠷ ᠶᠠᠭᠠᠬᠢᠭᠠᠳ ᠪᠡᠶ᠎ᠡ ᠪᠡᠶ᠎ᠡ ᠪᠡᠨ ᠬᠠᠷᠠᠭᠠᠳ ᠰᠠᠭᠤᠭᠠᠳ ᠪᠠᠢᠭ᠎ᠠ ᠶᠤᠮ ᠪᠤᠢ︖》 ᠭᠡᠵᠦ ᠬᠡᠯᠡᠪᠡ᠃ 2 ᠶᠠᠺᠣᠪ ᠪᠠᠰᠠ᠄ 《ᠬᠠᠷᠠ᠂ ᠶᠧᠵᠢᠫᠲ ᠲᠤ ᠠᠮᠤ ᠬᠦᠨᠡᠰᠦ ᠪᠠᠢᠨ᠎ᠠ ᠭᠡᠨ᠎ᠡ᠃ ᠲᠠ ᠨᠠᠷ ᠲᠡᠰᠢ ᠪᠠᠨ ᠣᠴᠢᠵᠤ᠂ ᠲᠡᠨᠳᠡ ᠡᠴᠡ ᠠᠮᠤ ᠬᠦᠨᠡᠰᠦ ᠠᠪᠤᠭᠠᠳ ᠢᠷ᠎ᠡ᠃ ᠲᠡᠭᠡᠪᠡᠯ ᠪᠢᠳᠡ ᠦᠬᠦᠬᠦ ᠦᠭᠡᠢ᠂ ᠠᠮᠢ ᠭᠣᠣᠯ ᠲᠠᠢ ᠦᠯᠡᠳᠡᠨ᠎ᠡ》 ᠭᠡᠪᠡ᠃ 3 ᠢᠩᠭᠢᠭᠡᠳ ᠶᠣᠰᠧᠹ ᠤᠨ ᠠᠷᠪᠠᠨ ᠠᠬ᠎ᠠ ᠠᠮᠤ ᠬᠦᠨᠡᠰᠦ ᠠᠪᠬᠤ ᠪᠠᠷ ᠶᠧᠵᠢᠫᠲ ᠤᠷᠤᠭᠤ ᠶᠠᠪᠤᠭᠰᠠᠨ ᠪᠠᠢᠨ᠎ᠠ᠃ 4 ᠶᠠᠺᠣᠪ ᠶᠣᠰᠧᠹ ᠤᠨ ᠳᠡᠭᠦᠦ ᠪᠢᠨᠶᠠᠮᠢᠨ ᠢ ᠠᠬ᠎ᠠ ᠨᠠᠷ ᠲᠠᠢ ᠨᠢ ᠬᠠᠮᠲᠤ ᠶᠠᠪᠤᠭᠤᠯᠤᠭᠰᠠᠨ ᠦᠭᠡᠢ᠂ 《ᠲᠡᠭᠦᠨ ᠳᠦ ᠭᠠᠢ ᠲᠣᠬᠢᠶᠠᠯᠳᠤᠬᠤ ᠪᠣᠯᠣᠭᠤᠵᠠᠢ》 ᠭᠡᠵᠦ ᠠᠶᠤᠭᠰᠠᠨ ᠪᠠᠢᠯ᠎ᠠ᠃ 5 ᠢᠩᠭᠢᠭᠡᠳ ᠢᠰᠷᠧᠯ ᠤᠨ ᠬᠥᠪᠡᠭᠦᠳ ᠠᠮᠤ ᠬᠦᠨᠡᠰᠦ ᠠᠪᠬᠤ ᠪᠠᠷ ᠣᠴᠢᠭᠰᠠᠨ ᠪᠤᠰᠤᠳ ᠬᠥᠮᠦᠰ ᠦᠨ ᠳᠤᠮᠳᠠ ᠪᠠᠢᠪᠠ᠃ ᠤᠴᠢᠷ ᠨᠢ ᠺᠠᠨᠠᠨ ᠨᠤᠲᠤᠭ ᠲᠤ ᠴᠤ ᠥᠯᠥᠰᠬᠥᠯᠡᠩ ᠭᠠᠴᠢᠭ ᠪᠣᠯᠵᠠᠢ᠃

6 ᠶᠣᠰᠧᠹ ᠲᠡᠷᠡ ᠭᠠᠵᠠᠷ ᠤᠨ ᠵᠠᠬᠢᠷᠤᠭᠴᠢ ᠪᠣᠯᠬᠣᠷ ᠲᠡᠷᠡ ᠭᠠᠵᠠᠷ ᠤᠨ ᠪᠦᠬᠦ ᠠᠷᠠᠳ ᠲᠦᠮᠡᠨ ᠳᠦ ᠠᠮᠤ ᠬᠦᠨᠡᠰᠦ ᠬᠤᠳᠠᠯᠳᠤᠵᠤ ᠪᠠᠢᠯ᠎ᠠ᠃ ᠶᠣᠰᠧᠹ ᠤᠨ ᠠᠬ᠎ᠠ ᠨᠠᠷ ᠬᠦᠷᠴᠦ ᠢᠷᠡᠭᠡᠳ᠂ ᠲᠡᠭᠦᠨ ᠦ ᠡᠮᠦᠨ᠎ᠡ ᠰᠥᠭᠥᠳᠥᠨ᠂ ᠨᠢᠭᠤᠷ ᠢᠶᠠᠨ ᠭᠠᠵᠠᠷ ᠲᠤ ᠬᠦᠷᠭᠡᠵᠦ ᠮᠥᠷᠭᠥᠵᠡᠭᠡᠪᠡ᠃ 7 ᠶᠣᠰᠧᠹ ᠠᠬ᠎ᠠ ᠨᠠᠷ ᠢᠶᠠᠨ ᠬᠠᠷᠠᠮᠠᠭᠴᠠ ᠲᠠᠨᠢᠭᠰᠠᠨ ᠪᠠᠢᠯ᠎ᠠ᠃ ᠭᠡᠪᠡᠴᠦ ᠲᠡᠷᠡ ᠲᠠᠨᠢᠳᠠᠭ ᠦᠭᠡᠢ ᠬᠥᠮᠦᠨ ᠰᠢᠭ᠄ 《ᠲᠠ ᠨᠠᠷ ᠬᠠᠮᠢᠭ᠎ᠠ ᠠᠴᠠ ᠢᠷᠡᠪᠡ︖》 ᠬᠡᠮᠡᠨ ᠰᠢᠷᠦᠭᠦᠨ ᠳᠠᠭᠤ ᠪᠠᠷ ᠬᠡᠯᠡᠭᠰᠡᠨ ᠳᠦ᠂ ᠲᠡᠳᠡ᠄ 《ᠠᠮᠤ ᠬᠦᠨᠡᠰᠦ ᠠᠪᠬᠤ ᠪᠠᠷ ᠺᠠᠨᠠᠨ ᠨᠤᠲᠤᠭ ᠠᠴᠠ ᠢᠷᠡᠵᠡᠭᠡᠯ᠎ᠡ》 ᠭᠡᠪᠡ᠃ 8 ᠶᠣᠰᠧᠹ ᠠᠬ᠎ᠠ ᠨᠠᠷ ᠢᠶᠠᠨ ᠲᠠᠨᠢᠭᠰᠠᠨ ᠪᠣᠯᠪᠠᠴᠤ ᠲᠡᠳᠡ ᠲᠡᠭᠦᠨ ᠢ ᠲᠠᠨᠢᠭᠰᠠᠨ ᠦᠭᠡᠢ᠃ 9 ᠶᠣᠰᠧᠹ ᠲᠡᠳᠡᠨ ᠦ ᠲᠤᠬᠠᠢ ᠵᠡᠭᠦᠳᠦᠯᠡᠭᠰᠡᠨ ᠵᠡᠭᠦᠳᠦ ᠪᠡᠨ ᠡᠷᠭᠢᠨ ᠰᠠᠨᠠᠵᠤ᠄ 《ᠲᠠ ᠨᠠᠷ ᠲᠤᠷᠰᠢᠭᠤᠯ ᠪᠠᠢᠬ᠎ᠠ᠃ ᠲᠠ ᠨᠠᠷ ᠮᠠᠨ ᠤ ᠡ᠊ᠨᠳᠡ ᠡᠴᠡ ᠳᠡᠯ ᠰᠤᠯᠠ ᠭᠠᠵᠠᠷ ᠡᠷᠢᠬᠦ ᠪᠡᠷ ᠢᠷᠡᠭᠰᠡᠨ ᠪᠠᠢᠨ᠎ᠠ》 ᠭᠡᠵᠦ ᠬᠡᠯᠡᠪᠡ᠃ 10 ᠬᠠᠷᠢᠨ ᠲᠡᠳᠡ᠄ 《ᠦᠭᠡᠢ᠂ ᠡᠵᠡᠨ ᠮᠢᠨᠢ︕ ᠲᠠᠨ ᠤ ᠵᠠᠷᠤᠴᠠ ᠪᠢᠳᠡ ᠠᠮᠤ ᠬᠦᠨᠡᠰᠦ ᠠᠪᠬᠤ ᠪᠠᠷ ᠯᠠ ᠢᠷᠡᠵᠡᠭᠡᠯ᠎ᠡ᠃ 11 ᠪᠢᠳᠡ ᠪᠦᠭᠦᠳᠡ ᠨᠢᠭᠡ ᠡᠴᠢᠭᠡ ᠶᠢᠨ ᠬᠡᠦᠬᠡᠳ ᠤᠳ ᠶᠤᠮ᠃ ᠲᠠᠨ ᠤ ᠵᠠᠷᠤᠴᠠ ᠪᠢᠳᠡ ᠦᠨᠡᠨᠴᠢ ᠰᠢᠳᠤᠷᠭᠤ ᠬᠥᠮᠦᠰ ᠰᠢᠦ᠂ ᠲᠤᠷᠰᠢᠭᠤᠯ ᠪᠢᠰᠢ》 ᠭᠡᠰᠡᠨ ᠳᠦ᠂ 12 ᠬᠠᠷᠢᠨ ᠶᠣᠰᠧᠹ ᠲᠡᠳᠡᠨ ᠳᠦ᠄ 《ᠦᠭᠡᠢ᠂ ᠲᠠ ᠨᠠᠷ ᠳᠡᠯ ᠰᠤᠯᠠ ᠭᠠᠵᠠᠷ ᠬᠠᠢᠵᠤ ᠢᠷᠡᠭᠰᠡᠨ ᠪᠠᠢᠨ᠎ᠠ︕》 ᠭᠡᠵᠦ ᠬᠡᠯᠡᠪᠡ᠃ 13 ᠲᠡᠳᠡ᠄ 《ᠲᠠᠨ ᠤ ᠵᠠᠷᠤᠴᠠ ᠪᠢᠳᠡ ᠺᠠᠨᠠᠨ ᠨᠤᠲᠤᠭ ᠤᠨ ᠨᠢᠭᠡ ᠡᠴᠢᠭᠡ ᠶᠢᠨ ᠬᠥᠪᠡᠭᠦᠳ᠂ ᠠᠬ᠎ᠠ ᠳᠡᠭᠦᠦ ᠠᠷᠪᠠᠨ ᠬᠣᠶᠠᠭᠤᠯᠠ ᠶᠤᠮ᠃ ᠬᠠᠷᠢᠨ ᠬᠠᠮᠤᠭ ᠤᠨ ᠣᠳᠬᠣᠨ ᠳᠡᠭᠦᠦ ᠮᠠᠨᠢ ᠣᠳᠣ ᠠᠪᠤ ᠲᠠᠢ ᠪᠠᠨ ᠬᠠᠮᠲᠤ ᠪᠠᠢᠨ᠎ᠠ᠃ ᠨᠥᠭᠥᠭᠡ ᠨᠢᠭᠡ ᠨᠢ ᠠᠯᠠᠭ᠎ᠠ ᠪᠣᠯᠣᠭᠰᠠᠨ》 ᠭᠡᠪᠡ᠃ 14 ᠶᠣᠰᠧᠹ ᠲᠡᠳᠡᠨ ᠳᠦ᠄ 《ᠲᠠ ᠨᠠᠷ ᠢ ᠲᠤᠷᠰᠢᠭᠤᠯ ᠤᠳ ᠭᠡᠵᠦ ᠬᠡᠯᠡᠭᠰᠡᠨ ᠦᠭᠡ ᠮᠢᠨᠢ ᠶᠠᠭ ᠮᠥᠨ ᠪᠠᠢᠨ᠎ᠠ᠃ 15 ᠲᠠ ᠨᠠᠷ ᠢ ᠰᠢᠯᠭᠠᠵᠤ ᠦᠵᠡᠶ᠎ᠡ᠃ ᠹᠠᠷᠠᠣ᠋ ᠶᠢᠨ ᠠᠮᠢᠳᠤ ᠪᠤᠢ ᠪᠠᠷ ᠲᠠᠩ᠋ᠭᠠᠷᠢᠭᠯᠠᠶ᠎ᠠ᠂ ᠲᠠ ᠨᠠᠷ ᠣᠳᠬᠣᠨ ᠳᠡᠭᠦᠦ ᠪᠡᠨ ᠡ᠊ᠨᠳᠡ ᠢᠷᠡᠭᠦᠯᠬᠦ ᠡᠴᠡ ᠨᠠᠰᠢ ᠡ᠊ᠨᠳᠡ ᠡᠴᠡ ᠭᠠᠷᠴᠤ ᠴᠢᠳᠠᠬᠤ ᠦᠭᠡᠢ᠃ 16 ᠲᠠ ᠨᠠᠷ ᠨᠢᠭᠡ ᠪᠡᠨ ᠢᠯᠡᠭᠡᠵᠦ᠂ ᠳᠡᠭᠦᠦ ᠪᠡᠨ ᠠᠪᠴᠢᠷᠠᠭᠤᠯ᠃ ᠪᠤᠰᠤᠳ ᠨᠢ ᠡ᠊ᠨᠳᠡ ᠬᠣᠷᠢᠭᠳᠠᠬᠤ ᠪᠣᠯᠣᠨ᠎ᠠ᠃ ᠡᠢᠨ ᠬᠦ ᠲᠠ ᠨᠠᠷ ᠤᠨ ᠦᠭᠡ ᠶᠢ ᠰᠢᠯᠭᠠᠵᠤ᠂ ᠦᠨᠡᠨᠴᠢ ᠡᠰᠡᠬᠦ ᠶᠢ ᠴᠢᠨᠢ ᠦᠵᠡᠨ᠎ᠡ᠃ ᠬᠡᠷᠪᠡ ᠲᠡᠢᠮᠦ ᠪᠢᠰᠢ ᠪᠠᠢᠪᠠᠯ ᠹᠠᠷᠠᠣ᠋ ᠶᠢᠨ ᠠᠮᠢᠳᠤ ᠪᠤᠢ ᠪᠠᠷ ᠲᠠᠩ᠋ᠭᠠᠷᠢᠭᠯᠠᠶ᠎ᠠ᠃ ᠲᠠ ᠨᠠᠷ ᠲᠤᠷᠰᠢᠭᠤᠯ ᠮᠥᠨ ᠪᠠᠢᠨ᠎ᠠ》 ᠭᠡᠪᠡ᠃ 17 ᠲᠡᠭᠡᠭᠡᠳ ᠶᠣᠰᠧᠹ ᠲᠡᠳᠡᠨ ᠢ ᠪᠦᠭᠦᠳᠡ ᠶᠢ ᠬᠠᠮᠲᠤ ᠳᠤᠨᠢ ᠭᠤᠷᠪᠠᠨ ᠬᠣᠨᠣᠭ ᠬᠣᠷᠢᠪᠠ᠃

18 ᠭᠤᠷᠪᠠᠳᠠᠬᠢ ᠡᠳᠦᠷ ᠨᠢ ᠶᠣᠰᠧᠹ ᠲᠡᠳᠡᠨ ᠳᠦ᠄ 《ᠪᠢ ᠴᠤ ᠪᠤᠷᠬᠠᠨ ᠠᠴᠠ ᠡᠮᠢᠶᠡᠳᠡᠭ ᠬᠥᠮᠦᠨ ᠰᠢᠦ᠃ ᠲᠠ ᠨᠠᠷ ᠮᠢᠨᠦ ᠦᠭᠡ ᠶᠢ ᠪᠡᠶᠡᠯᠡᠭᠦᠯ᠂ ᠲᠡᠭᠡᠪᠡᠯ ᠠᠮᠢᠳᠤ ᠦᠯᠡᠳᠡᠨ᠎ᠡ᠃ 19 ᠬᠡᠷᠪᠡ ᠲᠠ ᠨᠠᠷ ᠦᠨᠡᠨᠴᠢ ᠰᠢᠳᠤᠷᠭᠤ ᠬᠥᠮᠦᠰ ᠪᠣᠯ ᠠᠬ᠎ᠠ ᠳᠡᠭᠦᠦ ᠨᠠᠷ ᠠᠴᠠ ᠪᠠᠨ ᠨᠢᠭᠡ ᠶᠢ ᠱᠣᠷᠣᠩ ᠳᠤ ᠦᠯᠡᠳᠡᠭᠡ᠂ ᠪᠤᠰᠤᠳ ᠨᠢ ᠬᠠᠷᠢᠵᠤ᠂ ᠥᠯᠥᠰᠬᠥᠯᠡᠩ ᠳᠤ ᠨᠡᠷᠪᠡᠭᠳᠡᠭᠰᠡᠨ ᠭᠡᠷ ᠣᠷᠣᠨ ᠳᠠᠭᠠᠨ ᠦᠷ᠎ᠡ ᠲᠠᠷᠢᠶ᠎ᠠ ᠬᠦᠷᠭᠡᠵᠦ ᠥᠭ᠃ 20 ᠬᠠᠷᠢᠨ ᠣᠳᠬᠣᠨ ᠳᠡᠭᠦᠦ ᠪᠡᠨ ᠨᠠᠳᠠ ᠤᠷᠤᠭᠤ ᠠᠪᠴᠢᠷᠠᠬᠤ ᠶᠣᠰᠣᠲᠠᠢ᠃ ᠢᠩᠭᠢᠭᠡᠳ ᠲᠠ ᠨᠠᠷ ᠦᠭᠡ ᠪᠡᠨ ᠦᠨᠡᠮᠰᠢᠭᠦᠯᠵᠦ᠂ ᠦᠯᠦ ᠦᠬᠦᠬᠦ ᠪᠣᠯᠣᠨ᠎ᠠ》 ᠭᠡᠪᠡ᠃ ᠲᠡᠳᠡ ᠲᠡᠷᠡ ᠶᠣᠰᠣᠭᠠᠷ ᠰᠢᠢᠳᠴᠡᠢ᠃ 21 ᠲᠡᠳᠡ ᠬᠣᠭᠣᠷᠣᠨᠳᠣ ᠪᠠᠨ ᠶᠠᠷᠢᠯᠴᠠᠨ᠄ 《ᠦᠨᠡᠬᠡᠷ ᠪᠢᠳᠡ ᠳᠡᠭᠦᠦ ᠶᠢᠨ ᠢᠶᠠᠨ ᠤᠯᠠᠮ ᠢᠶᠠᠷ ᠶᠠᠯ᠎ᠠ ᠳᠤ ᠣᠷᠣᠵᠤ ᠪᠠᠢᠨ᠎ᠠ᠃ ᠪᠢᠳᠡᠨ ᠡᠴᠡ ᠥᠷᠥᠰᠢᠶᠡᠯ ᠭᠤᠶᠤᠬᠤ ᠳᠤᠨᠢ ᠪᠢᠳᠡ ᠲᠡᠭᠦᠨ ᠦ ᠵᠣᠪᠠᠯᠠᠩ ᠢ ᠬᠠᠷᠠᠭᠰᠠᠨ ᠪᠣᠯᠪᠠᠴᠤ ᠣᠢᠰᠢᠶᠠᠭᠰᠠᠨ ᠦᠭᠡᠢ᠂ ᠡᠢᠮᠦ ᠡᠴᠡ ᠲᠡᠷᠡ ᠵᠣᠪᠠᠯᠠᠩ ᠪᠢᠳᠡᠨ ᠳᠡᠭᠡᠷ᠎ᠡ ᠪᠠᠭᠤᠵᠠᠢ》 ᠭᠡᠵᠡᠭᠡᠵᠦ ᠪᠠᠢᠯ᠎ᠠ᠃ 22 ᠷᠧᠣᠪᠧᠨ ᠪᠤᠰᠤᠳ ᠲᠠᠭᠠᠨ᠄ 《ᠲᠡᠷᠡ ᠬᠦᠦ ᠳᠦ ᠪᠢᠲᠡᠭᠡᠢ ᠨᠢᠭᠦᠯ ᠦᠢᠯᠡᠳ ᠭᠡᠵᠦ ᠪᠢ ᠲᠠ ᠨᠠᠷ ᠲᠤ ᠬᠡᠯᠡᠭᠰᠡᠨ ᠪᠢᠰᠢ ᠤᠤ︖ ᠭᠡᠪᠡᠴᠦ ᠲᠠ ᠨᠠᠷ ᠰᠣᠨᠣᠰᠣᠭ᠎ᠠ ᠦᠭᠡᠢ᠃ ᠣᠳᠣ ᠲᠡᠭᠦᠨ ᠦ ᠴᠢᠰᠤ ᠨᠡᠬᠡᠵᠦ ᠪᠠᠢᠨ᠎ᠠ︕》 ᠭᠡᠵᠦ ᠬᠡᠯᠡᠵᠡᠢ᠃ 23 ᠲᠡᠳᠡ ᠬᠣᠭᠣᠷᠣᠨᠳᠣ ᠪᠠᠨ ᠬᠡᠯᠡᠮᠦᠷᠴᠢ ᠪᠠᠷ ᠳᠠᠮᠵᠢᠭᠤᠯᠤᠨ ᠶᠠᠷᠢᠯᠴᠠᠵᠤ ᠪᠠᠢᠭᠰᠠᠨ ᠪᠣᠯᠬᠣᠷ ᠶᠣᠰᠧᠹ ᠤᠨ ᠣᠢᠯᠠᠭᠠᠭᠰᠠᠨ ᠢ ᠮᠡᠳᠡᠭᠰᠡᠨ ᠦᠭᠡᠢ᠃ 24 ᠶᠣᠰᠧᠹ ᠲᠡᠳᠡᠨ ᠢ ᠣᠷᠬᠢᠨ ᠭᠠᠷᠴᠤ ᠤᠬᠢᠯᠠᠪᠠ᠃ ᠳᠠᠷᠠᠭ᠎ᠠ ᠨᠢ ᠲᠡᠷᠡ ᠡᠷᠭᠢᠵᠦ ᠢᠷᠡᠭᠡᠳ ᠲᠡᠳᠡᠨ ᠲᠡᠢ ᠶᠠᠷᠢᠯᠴᠠᠪᠠ᠃ ᠶᠣᠰᠧᠹ ᠲᠡᠳᠡᠨ ᠦ ᠳᠤᠮᠳᠠ ᠠᠴᠠ ᠰᠢᠮᠧᠶᠣᠨ ᠢ ᠪᠠᠷᠢᠵᠤ᠂ ᠲᠡᠳᠡᠨ ᠦ ᠨᠢᠳᠦᠨ ᠡᠮᠦᠨ᠎ᠡ ᠬᠦᠯᠢᠵᠦ ᠣᠷᠬᠢᠵᠠᠢ᠃ 25 ᠲᠡᠭᠡᠭᠡᠳ ᠶᠣᠰᠧᠹ ᠲᠤᠰᠢᠶᠠᠯ ᠪᠠᠭᠤᠯᠭᠠᠵᠤ᠂ ᠲᠡᠳᠡᠨ ᠦ ᠤᠭᠤᠲᠠ ᠶᠢ ᠠᠮᠤ ᠬᠦᠨᠡᠰᠦ ᠪᠡᠷ ᠳᠦᠭᠦᠷᠭᠡᠵᠦ᠂ ᠬᠥᠮᠦᠨ ᠪᠦᠷᠢ ᠡᠴᠡ ᠠᠪᠤᠭᠰᠠᠨ ᠮᠥᠩᠭᠥ ᠶᠢ ᠰᠢᠭᠤᠳᠠᠢ ᠳᠤᠨᠢ ᠪᠤᠴᠠᠭᠠᠵᠤ ᠬᠢᠯᠭᠡᠨ᠂ ᠲᠡᠳᠡᠨ ᠳᠦ ᠵᠠᠮ ᠤᠨ ᠬᠦᠨᠡᠰᠦ ᠥᠭᠭᠥᠭᠦᠯᠦᠭᠰᠡᠨ ᠪᠠᠢᠨ᠎ᠠ᠃ ᠲᠡᠷᠡ ᠲᠡᠳᠡᠨ ᠦ ᠲᠥᠯᠥᠭᠡ ᠡᠢᠨ ᠬᠦ ᠬᠢᠵᠡᠢ᠃

26 ᠲᠡᠳᠡ ᠠᠮᠤ ᠬᠦᠨᠡᠰᠦ ᠪᠡᠨ ᠡᠯᠵᠢᠭᠡᠨ ᠳᠡᠭᠡᠨ ᠠᠴᠢᠭᠠᠳ ᠲᠡᠨᠳᠡ ᠡᠴᠡ ᠬᠥᠳᠡᠯᠵᠡᠭᠡᠪᠡ᠃ 27 ᠪᠠᠭᠤᠳᠠᠯᠯᠠᠬᠤ ᠭᠠᠵᠠᠷ ᠲᠤ ᠬᠦᠷᠦᠭᠡᠳ ᠨᠢᠭᠡ ᠨᠢ ᠡᠯᠵᠢᠭᠡᠨ ᠳᠡᠭᠡᠨ ᠲᠡᠵᠢᠭᠡᠯ ᠥᠭᠬᠦ ᠪᠡᠷ ᠤᠭᠤᠲᠠᠨ ᠤ ᠪᠠᠨ ᠠᠮᠠᠰᠠᠷ ᠢ ᠨᠡᠭᠡᠭᠡᠳ ᠬᠠᠷᠠᠲᠠᠯ᠎ᠠ ᠰᠢᠭᠤᠳᠠᠢ ᠶᠢᠨ ᠬᠢᠨᠢ ᠠᠮᠠᠰᠠᠷ ᠳᠡᠭᠡᠷ᠎ᠡ ᠥᠪᠡᠷ ᠦᠨ ᠬᠢᠨᠢ ᠮᠥᠩᠭᠥ ᠪᠠᠢᠵᠠᠢ︕ 28 ᠲᠡᠷᠡ ᠠᠬ᠎ᠠ ᠳᠡᠭᠦᠦ ᠨᠠᠷ ᠲᠡᠭᠡᠨ᠄ 《ᠮᠢᠨᠦ ᠮᠥᠩᠭᠥ ᠶᠢ ᠪᠤᠴᠠᠭᠠᠵᠤ ᠥᠭᠭᠥᠭᠰᠡᠨ ᠪᠠᠢᠨ᠎ᠠ᠃ ᠬᠠᠷᠠᠭᠠᠴᠢ᠂ ᠮᠢᠨᠦ ᠰᠢᠭᠤᠳᠠᠢ ᠳᠤ ᠪᠠᠢᠨ᠎ᠠ︕》 ᠭᠡᠬᠦ ᠳᠦ᠂ ᠲᠡᠳᠡ ᠵᠢᠷᠦᠬᠡ ᠠᠯᠲᠠᠨ ᠳᠠᠭᠵᠢᠨ ᠴᠡᠴᠡᠷᠡᠵᠦ᠂ ᠪᠡᠶ᠎ᠡ ᠪᠡᠶ᠎ᠡ ᠳᠡᠭᠡᠨ ᠬᠠᠨᠳᠤᠨ᠄ 《ᠪᠤᠷᠬᠠᠨ ᠪᠢᠳᠡᠨ ᠳᠦ ᠶᠠᠭᠤ ᠬᠢᠬᠦ ᠨᠢ ᠡᠨᠡ ᠪᠤᠢ︖》 ᠭᠡᠵᠡᠭᠡᠪᠡ᠃

29 ᠲᠡᠳᠡ ᠺᠠᠨᠠᠨ ᠨᠤᠲᠤᠭ ᠲᠤ ᠪᠤᠴᠠᠵᠤ᠂ ᠡᠴᠢᠭᠡ ᠶᠠᠺᠣᠪ ᠤᠨ ᠳᠠᠭᠠᠨ ᠬᠦᠷᠴᠦ ᠢᠷᠡᠭᠡᠳ ᠥᠪᠡᠷᠰᠡᠳ ᠲᠤᠨᠢ ᠤᠴᠠᠷᠠᠭᠰᠠᠨ ᠪᠦᠬᠦᠨ ᠢ ᠳᠤᠭᠤᠯᠭᠠᠵᠤ᠄ 30 《ᠲᠡᠷᠡ ᠨᠤᠲᠤᠭ ᠤᠨ ᠡᠵᠡᠨᠲᠡᠨ ᠪᠢᠳᠡᠨ ᠳᠦ ᠰᠢᠷᠦᠭᠦᠨ ᠬᠠᠨᠳᠤᠵᠤ᠂ ᠪᠢᠳᠡᠨ ᠢ ᠤᠯᠤᠰ ᠤᠨ ᠲᠤᠷᠰᠢᠭᠤᠯ ᠭᠡᠵᠦ ᠬᠠᠷᠠᠳᠠᠭᠰᠠᠨ ᠰᠢᠦ᠃ 31 ᠪᠢᠳᠡ ᠲᠡᠭᠦᠨ ᠳᠦ᠄ 〈ᠪᠢᠳᠡ ᠪᠣᠯ ᠦᠨᠡᠨᠴᠢ ᠰᠢᠳᠤᠷᠭᠤ ᠬᠥᠮᠦᠰ᠂ ᠲᠤᠷᠰᠢᠭᠤᠯ ᠪᠢᠰᠢ᠃ 32 ᠪᠢᠳᠡ ᠨᠢᠭᠡ ᠡᠴᠢᠭᠡ ᠶᠢᠨ ᠬᠥᠪᠡᠭᠦᠳ᠂ ᠠᠬ᠎ᠠ ᠳᠡᠭᠦᠦ ᠠᠷᠪᠠᠨ ᠬᠣᠶᠠᠭᠤᠯᠠ ᠪᠠᠨ ᠶᠤᠮ᠃ ᠨᠢᠭᠡ ᠨᠢ ᠠᠯᠠᠭ᠎ᠠ ᠪᠣᠯᠣᠭᠰᠠᠨ᠂ ᠣᠳᠬᠣᠨ ᠳᠡᠭᠦᠦ ᠮᠠᠨᠢ ᠣᠳᠣ ᠺᠠᠨᠠᠨ ᠨᠤᠲᠤᠭ ᠲᠤ ᠠᠪᠤ ᠲᠠᠢ ᠪᠠᠨ ᠬᠠᠮᠲᠤ ᠪᠠᠢᠨ᠎ᠠ〉 ᠭᠡᠰᠡᠨ ᠪᠢᠯᠡ᠃ 33 ᠬᠠᠷᠢᠨ ᠲᠡᠷᠡ ᠨᠤᠲᠤᠭ ᠤᠨ ᠡᠵᠡᠨᠲᠡᠨ ᠪᠢᠳᠡᠨ ᠳᠦ᠄ 〈ᠲᠠ ᠨᠠᠷ ᠤᠨ ᠦᠨᠡᠨᠴᠢ ᠰᠢᠳᠤᠷᠭᠤ ᠡᠰᠡᠬᠦ ᠶᠢ ᠪᠢ ᠦᠵᠡᠶ᠎ᠡ᠃ ᠲᠠ ᠨᠠᠷ ᠠᠬ᠎ᠠ ᠳᠡᠭᠦᠦ ᠨᠠᠷ ᠠᠴᠠ ᠪᠠᠨ ᠨᠢᠭᠡ ᠶᠢ ᠨᠢ ᠡ᠊ᠨᠳᠡ ᠦᠯᠡᠳᠡᠭᠡ᠂ ᠪᠤᠰᠤᠳ ᠨᠢ ᠥᠯᠥᠰᠬᠥᠯᠡᠩ ᠳᠤ ᠳᠠᠭᠠᠷᠢᠭᠳᠠᠭᠰᠠᠨ ᠭᠡᠷ ᠣᠷᠣᠨ ᠳᠠᠭᠠᠨ ᠠᠮᠤ ᠬᠦᠨᠡᠰᠦ ᠠᠪᠤᠭᠠᠳ ᠶᠠᠪᠤ᠃ 34 ᠬᠠᠷᠢᠨ ᠣᠳᠬᠣᠨ ᠳᠡᠭᠦᠦ ᠪᠡᠨ ᠨᠠᠳᠠ ᠳᠤ ᠠᠪᠴᠢᠷᠠᠬᠤ ᠶᠣᠰᠣᠲᠠᠢ᠃ ᠡᠭᠦᠨ ᠢᠶᠡᠷ ᠪᠢ ᠲᠠ ᠨᠠᠷ ᠤᠨ ᠲᠤᠷᠰᠢᠭᠤᠯ ᠪᠢᠰᠢ᠂ ᠦᠨᠡᠨᠴᠢ ᠰᠢᠳᠤᠷᠭᠤ ᠬᠥᠮᠦᠰ ᠭᠡᠳᠡᠭ ᠢ ᠮᠡᠳᠡᠨ᠎ᠡ᠂ ᠲᠡᠭᠡᠪᠡᠯ ᠪᠢ ᠲᠠ ᠨᠠᠷ ᠲᠤ ᠡᠨᠡ ᠠᠬ᠎ᠠ ᠶᠢ ᠴᠢᠨᠢ ᠪᠤᠴᠠᠭᠠᠵᠤ ᠥᠭᠭᠥᠨ᠎ᠡ᠃ ᠪᠠᠰᠠ ᠲᠠ ᠨᠠᠷ ᠤᠨ ᠡᠨᠡ ᠭᠠᠵᠠᠷ ᠲᠤ ᠬᠤᠳᠠᠯᠳᠤᠭ᠎ᠠ ᠮᠠᠢᠮᠠᠢ ᠬᠢᠬᠦ ᠶᠢ ᠵᠥᠪᠰᠢᠶᠡᠷᠡᠨ᠎ᠡ〉 ᠭᠡᠰᠡᠨ》 ᠭᠡᠪᠡ᠃

35 ᠲᠡᠭᠡᠭᠡᠳ ᠲᠡᠳᠡ ᠤᠭᠤᠲᠠ ᠪᠠᠨ ᠶᠡᠭᠦᠯᠡᠬᠦ ᠳᠦ᠂ ᠬᠥᠮᠦᠨ ᠪᠦᠷᠢ ᠶᠢᠨ ᠪᠣᠭᠣᠳᠠᠯ ᠲᠠᠢ ᠮᠥᠩᠭᠥ ᠨᠢ ᠤᠭᠤᠲᠠᠨ ᠳᠣᠲᠣᠷ᠎ᠠ ᠪᠠᠨ ᠪᠠᠢᠵᠠᠢ︕ ᠲᠡᠳᠡ ᠡᠴᠢᠭᠡ ᠶᠢᠨ ᠢᠶᠠᠨ ᠬᠠᠮᠲᠤ ᠪᠣᠭᠣᠳᠠᠯ ᠲᠠᠢ ᠮᠥᠩᠭᠥ ᠶᠢ ᠬᠠᠷᠠᠭᠠᠳ᠂ ᠪᠦᠭᠦᠳᠡᠭᠡᠷ ᠠᠶᠤᠵᠠᠭᠠᠵᠠᠢ᠃ 36 ᠡᠴᠢᠭᠡ ᠶᠠᠺᠣᠪ ᠨᠢ ᠲᠡᠳᠡᠨ ᠳᠦ᠄ 《ᠲᠠ ᠨᠠᠷ ᠨᠠᠮᠠᠶᠢ ᠬᠡᠦᠬᠡᠳ ᠤᠳ ᠠᠴᠠ ᠮᠢᠨᠢ ᠬᠠᠭᠠᠴᠠᠭᠤᠯᠵᠤ ᠪᠠᠢᠨ᠎ᠠ᠃ ᠶᠣᠰᠧᠹ ᠠᠯᠠᠭ᠎ᠠ ᠪᠣᠯᠣᠭᠰᠠᠨ᠂ ᠰᠢᠮᠧᠶᠣᠨ ᠴᠤ ᠠᠯᠠᠭ᠎ᠠ᠂ ᠣᠳᠣ ᠪᠢᠨᠶᠠᠮᠢᠨ ᠢ ᠪᠤᠯᠢᠶᠠᠬᠤ ᠨᠢ ᠡ᠃ ᠡᠨᠡ ᠪᠦᠬᠦᠨ ᠴᠢᠨᠢ ᠮᠢᠨᠦ ᠯᠠ ᠲᠣᠯᠣᠭᠠᠢ ᠳᠡᠭᠡᠷ᠎ᠡ ᠪᠠᠭᠤᠵᠠᠢ》 ᠭᠡᠪᠡ᠃ 37 ᠷᠧᠣᠪᠧᠨ ᠡᠴᠢᠭᠡ ᠲᠡᠭᠡᠨ᠄ 《ᠪᠢ ᠲᠡᠭᠦᠨ ᠢ ᠲᠠᠨ ᠳᠤ ᠪᠤᠴᠠᠭᠠᠵᠤ ᠠᠪᠴᠢᠷᠠᠶ᠎ᠠ᠃ ᠲᠡᠭᠡᠬᠦ ᠦᠭᠡᠢ ᠶᠤᠮ ᠪᠣᠯ ᠲᠠ ᠮᠢᠨᠦ ᠬᠣᠶᠠᠷ ᠬᠦᠦ ᠶᠢ ᠠᠯᠠᠵᠤ ᠪᠣᠯᠣᠨ᠎ᠠ᠃ ᠲᠡᠭᠦᠨ ᠢ ᠮᠢᠨᠦ ᠭᠠᠷ ᠲᠤ ᠳᠠᠭᠠᠭᠠᠯᠭᠠᠭᠠᠷᠠᠢ᠃ ᠪᠢ ᠲᠡᠭᠦᠨ ᠢ ᠲᠠᠨ ᠳᠤ ᠪᠤᠴᠠᠭᠠᠵᠤ ᠠᠪᠴᠢᠷᠠᠨ᠎ᠠ》 ᠭᠡᠬᠦ ᠳᠦ᠂ 38 ᠶᠠᠺᠣᠪ᠄ 《ᠪᠢ ᠬᠦᠦ ᠪᠡᠨ ᠲᠠ ᠨᠠᠷ ᠲᠠᠢ ᠬᠠᠮᠲᠤ ᠶᠠᠪᠤᠭᠤᠯᠬᠤ ᠦᠭᠡᠢ᠃ ᠠᠬ᠎ᠠ ᠨᠢ ᠦᠬᠦᠵᠦ᠂ ᠲᠡᠷᠡ ᠭᠠᠭᠴᠠᠭᠠᠷ ᠢᠶᠠᠨ ᠦᠯᠡᠳᠡᠭᠰᠡᠨ᠃ ᠬᠡᠷᠪᠡ ᠲᠠ ᠨᠠᠷ ᠲᠠᠢ ᠬᠠᠮᠲᠤ ᠶᠠᠪᠤᠬᠤ ᠵᠠᠮ ᠳᠤ ᠲᠡᠭᠦᠨ ᠳᠦ ᠭᠠᠢ ᠵᠣᠪᠠᠯᠠᠩ ᠤᠴᠠᠷᠠᠪᠠᠯ ᠪᠤᠭᠤᠷᠤᠯ ᠲᠣᠯᠣᠭᠠᠢ ᠮᠢᠨᠢ ᠲᠠ ᠨᠠᠷ ᠠᠴᠠ ᠪᠣᠯᠵᠤ ᠤᠢ ᠭᠠᠰᠢᠭᠤ ᠲᠠᠢ ᠪᠠᠷ ᠦᠬᠦᠭᠰᠡᠳ ᠦᠨ ᠣᠷᠣᠨ ᠤᠷᠤᠭᠤ ᠪᠠᠭᠤᠵᠤ ᠣᠴᠢᠬᠤ ᠪᠣᠯᠣᠨ᠎ᠠ》 ᠭᠡᠪᠡ᠃