ᠡᠬᠢᠯᠡᠯ ᠭᠤᠴᠢᠨ ᠬᠣᠶᠠᠷ
ᠶᠠᠺᠣᠪ ᠡᠰᠠᠦ᠋ ᠲᠠᠢ ᠠᠭᠤᠯᠵᠠᠬᠤ ᠪᠠᠷ ᠪᠡᠯᠡᠳᠬᠡᠪᠡ
1 ᠶᠠᠺᠣᠪ ᠠᠶᠠᠨ ᠵᠠᠮ ᠳᠠᠭᠠᠨ ᠶᠠᠪᠤᠵᠤ ᠪᠠᠢᠲᠠᠯ᠎ᠠ᠂ ᠪᠤᠷᠬᠠᠨ ᠤ ᠲᠩᠷᠢ ᠡᠯᠴᠢᠳ ᠲᠡᠭᠦᠨ ᠲᠡᠢ ᠠᠭᠤᠯᠵᠠᠪᠠ᠃ 2 ᠶᠠᠺᠣᠪ ᠲᠡᠳᠡᠨ ᠢ ᠬᠠᠷᠠᠮᠠᠭᠴᠠ ᠪᠠᠨ᠄ 《ᠡᠨᠡ ᠪᠣᠯ ᠪᠤᠷᠬᠠᠨ ᠤ ᠬᠤᠸᠠᠷᠠᠨ 61 ᠪᠠᠢᠨ᠎ᠠ》 ᠭᠡᠳ᠂ ᠲᠡᠷᠡ ᠭᠠᠵᠠᠷ ᠢ 《ᠮᠠᠬᠠᠨᠠᠢᠮ》 ᠭᠡᠵᠦ ᠨᠡᠷᠡᠯᠡᠪᠡ᠃
3 ᠶᠠᠺᠣᠪ ᠰᠧᠷ ᠨᠤᠲᠤᠭ ᠤᠨ ᠡᠳᠣᠮ ᠤᠨ ᠲᠠᠯ᠎ᠠ ᠳᠤ ᠪᠠᠢᠭ᠎ᠠ ᠠᠬ᠎ᠠ ᠡᠰᠠᠦ᠋ ᠤᠷᠤᠭᠤ ᠪᠠᠨ ᠤᠷᠢᠳᠠᠪᠠᠷ ᠡᠯᠴᠢᠳ ᠶᠠᠪᠤᠭᠤᠯᠬᠤ ᠳᠠᠭᠠᠨ᠂ 4 ᠲᠡᠳᠡᠨ ᠳᠦ ᠵᠠᠬᠢᠨ᠄ 《ᠮᠢᠨᠦ ᠡᠵᠡᠨ ᠡᠰᠠᠦ᠋ ᠳᠤ᠄ 〈ᠲᠠᠨ ᠤ ᠵᠠᠷᠤᠴᠠ ᠶᠠᠺᠣᠪ ᠢᠩᠭᠢᠵᠦ ᠬᠡᠯᠡᠭᠦᠯᠦᠯ᠎ᠡ᠄ ᠪᠢ ᠯᠠᠪᠠᠨ ᠤ ᠳᠤ ᠥᠨᠥ ᠬᠦᠷᠲᠡᠯ᠎ᠡ ᠰᠠᠭᠤᠯ᠎ᠠ᠃ 5 ᠡᠳᠦᠭᠡ ᠨᠠᠳᠠ ᠳᠤ ᠦᠬᠡᠷ᠂ ᠡᠯᠵᠢᠭᠡ᠂ ᠬᠣᠨᠢᠨ ᠰᠦᠷᠦᠭ᠂ ᠡᠷᠡᠭᠲᠡᠢ ᠡᠮᠡᠭᠲᠡᠢ ᠵᠠᠷᠤᠴᠠ ᠨᠠᠷ ᠪᠠᠢᠨ᠎ᠠ᠃ ᠪᠢ ᠲᠠᠨ ᠤ ᠮᠡᠯᠮᠡᠢ ᠳᠦ ᠲᠠᠭᠠᠯᠠᠯ ᠢ ᠣᠯᠬᠤ ᠶᠢᠨ ᠲᠤᠯᠠᠳᠠ ᠡᠨᠡ ᠬᠡᠯᠡ ᠶᠢ ᠬᠦᠷᠭᠡᠭᠦᠯᠵᠦ ᠪᠠᠢᠨ᠎ᠠ〉 ᠭᠡᠭᠡᠷᠡᠢ》 ᠭᠡᠪᠡ᠃
6 ᠡᠯᠴᠢᠳ ᠶᠠᠺᠣᠪ ᠲᠤ ᠪᠤᠴᠠᠵᠤ ᠢᠷᠡᠭᠡᠳ᠄ 《ᠪᠢᠳᠡ ᠲᠠᠨ ᠤ ᠠᠬ᠎ᠠ ᠡᠰᠠᠦ᠋ ᠳᠤ ᠬᠦᠷᠴᠦ ᠣᠴᠢᠭᠰᠠᠨ᠂ ᠣᠳᠣ ᠲᠡᠷᠡ ᠲᠠᠨ ᠲᠠᠢ ᠠᠭᠤᠯᠵᠠᠬᠤ ᠪᠠᠷ ᠳᠥᠷᠪᠡᠨ ᠵᠠᠭᠤᠨ ᠬᠥᠮᠦᠨ ᠳᠠᠭᠠᠭᠤᠯᠤᠨ ᠢᠷᠡᠵᠦ ᠪᠠᠢᠨ᠎ᠠ》 ᠭᠡᠵᠡᠢ᠃ 7 ᠶᠠᠺᠣᠪ ᠶᠡᠬᠡᠳᠡ ᠠᠶᠤᠨ ᠪᠠᠴᠢᠮᠳᠠᠭᠠᠳ᠂ ᠬᠠᠮᠲᠤ ᠪᠠᠢᠭ᠎ᠠ ᠬᠥᠮᠦᠰ ᠬᠢᠭᠡᠳ ᠬᠣᠨᠢ᠂ ᠦᠬᠡᠷ᠂ ᠲᠡᠮᠡᠭᠡᠳ ᠢᠶᠡᠨ ᠬᠣᠶᠠᠷ ᠡᠩᠨᠡᠭᠡ ᠪᠣᠯᠭᠠᠨ ᠬᠤᠪᠢᠶᠠᠯ᠎ᠠ᠃ 8 《ᠬᠡᠷᠪᠡ ᠡᠰᠠᠦ᠋ ᠢᠷᠡᠭᠡᠳ ᠨᠢᠭᠡ ᠡᠩᠨᠡᠭᠡ ᠶᠢ ᠨᠢ ᠴᠣᠬᠢᠪᠠᠯ᠂ ᠦᠯᠡᠳᠡᠭᠰᠡᠨ ᠡᠩᠨᠡᠭᠡ ᠨᠢ ᠬᠡᠯᠲᠦᠷᠢᠬᠦ ᠪᠣᠯᠣᠨ᠎ᠠ》 ᠭᠡᠵᠦ ᠲᠡᠷᠡ ᠪᠣᠳᠣᠵᠠᠢ᠃
9 ᠲᠡᠭᠡᠭᠡᠳ ᠶᠠᠺᠣᠪ᠄ 《ᠮᠢᠨᠦ ᠡᠪᠦᠭᠡ ᠠᠪᠷᠠᠬᠠᠮ ᠤᠨ ᠪᠤᠷᠬᠠᠨ᠂ ᠮᠢᠨᠦ ᠡᠴᠢᠭᠡ ᠢᠰᠠᠺ ᠤᠨ ᠪᠤᠷᠬᠠᠨ᠂ ᠶᠣᠬᠣᠸᠠ ᠮᠢᠨᠢ︕ ᠲᠠ ᠨᠠᠳᠠ ᠳᠤ᠄ 〈ᠲᠥᠷᠥᠭᠰᠡᠨ ᠨᠤᠲᠤᠭ᠂ ᠲᠥᠷᠥᠯ ᠰᠠᠳᠤᠨ ᠤᠷᠤᠭᠤ ᠪᠠᠨ ᠪᠤᠴᠠ᠂ ᠪᠢ ᠴᠢᠮ᠎ᠠ ᠳᠤ ᠰᠠᠢᠨ ᠰᠠᠢᠬᠠᠨ ᠢ ᠬᠦᠷᠲᠡᠭᠡᠨ᠎ᠡ〉 ᠭᠡᠵᠦ ᠬᠡᠯᠡᠭᠰᠡᠨ᠃ 10 ᠲᠠ ᠨᠠᠳᠠ ᠳᠤ ᠪᠦᠬᠦ ᠬᠠᠢᠷ᠎ᠠ ᠡᠨᠡᠷᠢᠯ᠂ ᠪᠦᠬᠦ ᠢᠲᠡᠭᠡᠮᠵᠢᠲᠦ ᠪᠠᠢᠳᠠᠯ ᠢᠶᠠᠨ ᠦᠵᠡᠭᠦᠯᠦᠭᠰᠡᠨ᠂ ᠥᠴᠦᠬᠡᠨ ᠵᠠᠷᠤᠴᠠ ᠨᠠᠳᠠ ᠳᠤ ᠡᠳᠡᠭᠡᠷ ᠢ ᠬᠦᠷᠲᠡᠬᠦ ᠬᠢᠷᠢ ᠭᠡᠮ ᠠᠯᠠᠭ᠎ᠠ᠃ ᠪᠢ ᠡᠨᠡ ᠶᠣᠷᠳᠠᠨ ᠭᠣᠣᠯ ᠢ ᠠᠩᠬ᠎ᠠ ᠭᠠᠲᠤᠯᠬᠤ ᠳᠤ ᠭᠠᠷ ᠲᠤ ᠮᠢᠨᠢ ᠭᠠᠭᠴᠠᠬᠠᠨ ᠲᠠᠶᠠᠭ ᠪᠠᠢᠭᠰᠠᠨ᠂ ᠪᠢ ᠣᠳᠣ ᠬᠣᠶᠠᠷ ᠡᠩᠨᠡᠭᠡ ᠲᠠᠢ ᠪᠣᠯᠵᠠᠢ᠃ 11 ᠣᠳᠣ ᠨᠠᠮᠠᠶᠢ ᠠᠬ᠎ᠠ ᠡᠰᠡᠦ᠋ ᠶᠢᠨ ᠮᠢᠨᠢ ᠭᠠᠷ ᠠᠴᠠ ᠠᠪᠤᠷᠠᠨ᠎ᠠ ᠤᠤ︖ ᠲᠡᠷᠡ ᠬᠦᠷᠴᠦ ᠢᠷᠡᠭᠡᠳ ᠨᠠᠮᠠᠶᠢ ᠪᠣᠯᠣᠨ ᠡᠬᠡᠨᠡᠷ ᠬᠡᠦᠬᠡᠳ ᠤᠳ ᠢ ᠮᠢᠨᠢ ᠴᠣᠬᠢᠬᠤ ᠠᠴᠠ ᠪᠢ ᠠᠶᠤᠵᠤ ᠪᠠᠢᠨ᠎ᠠ᠃ 12 ᠨᠠᠳᠠ ᠳᠤ ᠰᠠᠢᠨ ᠰᠠᠢᠬᠠᠨ ᠢ ᠬᠦᠷᠲᠡᠭᠡᠵᠦ ᠦᠷ᠎ᠡ ᠤᠳᠤᠮ ᠢ ᠮᠢᠨᠢ ᠳᠠᠯᠠᠢ ᠶᠢᠨ ᠲᠣᠭ᠎ᠠ ᠲᠣᠮᠰᠢ ᠦᠭᠡᠢ ᠡᠯᠡᠰᠦ ᠮᠡᠲᠦ ᠣᠯᠠᠨ ᠪᠣᠯᠭᠠᠨ᠎ᠠ ᠭᠡᠵᠦ ᠲᠠ ᠬᠡᠯᠡᠭᠰᠡᠨ》 ᠭᠡᠪᠡ᠃
13 ᠶᠠᠺᠣᠪ ᠲᠡᠷᠡ ᠰᠥᠨᠢ ᠳᠡᠭᠡᠨ ᠲᠡᠨᠳᠡ ᠪᠡᠨ ᠬᠣᠨᠣᠵᠤ᠂ ᠠᠬ᠎ᠠ ᠡᠰᠠᠦ᠋ ᠳᠡᠭᠡᠨ ᠵᠣᠷᠢᠭᠤᠯᠤᠨ ᠡᠳ᠋ ᠬᠥᠷᠥᠩᠭᠡ ᠡᠴᠡ ᠪᠡᠨ ᠪᠡᠯᠡᠭ ᠰᠣᠩ᠋ᠭᠣᠵᠠᠢ᠃ 14 ᠲᠤᠬᠠᠢᠯᠠᠪᠠᠯ ᠬᠣᠶᠠᠷ ᠵᠠᠭᠤᠨ ᠡᠮ᠎ᠡ ᠢᠮᠠᠭ᠎ᠠ᠂ ᠬᠣᠷᠢᠨ ᠤᠬᠤᠨ᠎ᠠ᠂ ᠬᠣᠶᠠᠷ ᠵᠠᠭᠤᠨ ᠡᠮ᠎ᠡ ᠬᠣᠨᠢ᠂ ᠬᠣᠷᠢᠨ ᠬᠤᠴᠠ᠂ 15 ᠭᠤᠴᠢᠨ ᠪᠣᠲᠣᠭᠣ ᠲᠠᠢ ᠢᠩᠭᠡ᠂ ᠳᠥᠴᠢᠨ ᠦᠨᠢᠶ᠎ᠡ ᠪᠣᠯᠣᠨ ᠠᠷᠪᠠᠨ ᠦᠬᠡᠷ᠂ ᠬᠣᠷᠢᠨ ᠡᠷ᠎ᠡ ᠡᠯᠵᠢᠭᠡ᠂ ᠠᠷᠪᠠᠨ ᠡᠮ᠎ᠡ ᠡᠯᠵᠢᠭᠡ ᠪᠡᠯᠡᠳᠬᠡᠪᠡ᠃ 16 ᠲᠡᠳᠡᠭᠡᠷ ᠢ ᠬᠡᠰᠡᠭ ᠬᠡᠰᠡᠭ ᠢᠶᠡᠷ ᠨᠢ ᠵᠠᠷᠤᠴᠠ ᠨᠠᠷ ᠤᠨ ᠢᠶᠠᠨ ᠭᠠᠷ ᠲᠤ ᠲᠤᠰᠢᠶᠠᠵᠤ᠂ ᠵᠠᠷᠤᠴᠠ ᠨᠠᠷ ᠲᠠᠭᠠᠨ᠄ 《ᠲᠠ ᠨᠠᠷ ᠨᠠᠳᠠ ᠠᠴᠠ ᠲᠦᠷᠦᠭᠦᠯᠡᠨ ᠭᠠᠲᠤᠯᠵᠤ᠂ ᠬᠡᠰᠡᠭ ᠪᠦᠷᠢ ᠶᠢᠨ ᠬᠣᠭᠣᠷᠣᠨᠳᠣ ᠵᠠᠢ ᠪᠠᠷᠢᠵᠤ ᠶᠠᠪᠤ》 ᠭᠡᠵᠡᠢ᠃ 17 ᠲᠡᠷᠡ ᠪᠡᠷ ᠲᠦᠷᠦᠭᠦᠨ ᠳᠦᠨᠢ ᠶᠠᠪᠤᠭ᠎ᠠ ᠵᠠᠷᠤᠴᠠ ᠳᠠᠭᠠᠨ ᠵᠠᠬᠢᠵᠤ᠄ 《ᠮᠢᠨᠦ ᠠᠬ᠎ᠠ ᠡᠰᠠᠦ᠋ ᠴᠢᠮ᠎ᠠ ᠲᠠᠢ ᠠᠭᠤᠯᠵᠠᠬᠤ ᠳᠠᠭᠠᠨ᠄ 〈ᠴᠢ ᠬᠡᠨ ᠦ ᠬᠥᠮᠦᠨ ᠪᠤᠢ︖ ᠬᠠᠮᠢᠭᠠᠰᠢ ᠪᠠᠨ ᠶᠠᠪᠤᠵᠤ ᠪᠠᠢᠨ᠎ᠠ ᠪᠤᠢ︖ ᠴᠢᠨᠦ ᠡᠮᠦᠨ᠎ᠡ ᠶᠠᠪᠤᠭ᠎ᠠ ᠡᠳᠡᠭᠡᠷ ᠮᠠᠯ ᠰᠦᠷᠦᠭ ᠬᠡᠨ ᠦ ᠬᠢ ᠪᠤᠢ︖〉 ᠭᠡᠵᠦ ᠠᠰᠠᠭᠤᠪᠠᠯ᠂ 18 〈ᠡᠳᠡᠭᠡᠷ ᠪᠣᠯ ᠲᠠᠨ ᠤ ᠵᠠᠷᠤᠴᠠ ᠶᠠᠺᠣᠪ ᠤᠨ ᠬᠢ᠃ ᠡᠳᠡᠭᠡᠷ ᠢ ᠲᠡᠷᠡ ᠮᠠᠨ ᠤ ᠡᠵᠡᠨ ᠡᠰᠠᠦ᠋ ᠳᠡᠭᠡᠨ ᠪᠡᠯᠡᠭ ᠪᠣᠯᠭᠠᠨ ᠶᠠᠪᠤᠭᠤᠯᠤᠭᠰᠠᠨ ᠶᠤᠮ᠃ ᠶᠠᠺᠣᠪ ᠥᠪᠡᠷ ᠢᠶᠡᠨ ᠪᠠᠰᠠ ᠪᠢᠳᠡᠨ ᠦ ᠠᠷᠤ ᠠᠴᠠ ᠢᠷᠡᠵᠦ ᠪᠠᠢᠨ᠎ᠠ〉 ᠭᠡᠵᠦ ᠬᠡᠯᠡ》 ᠭᠡᠪᠡ᠃ 19 ᠲᠡᠷᠡ ᠪᠠᠰᠠ ᠬᠣᠶᠠᠳᠠᠬᠢ᠂ ᠭᠤᠷᠪᠠᠳᠠᠬᠢ ᠬᠡᠰᠡᠭ ᠪᠣᠯᠣᠨ ᠪᠤᠰᠤᠳ ᠬᠡᠰᠡᠭ ᠪᠦᠷᠢ ᠶᠢ ᠲᠠᠭᠤᠵᠤ ᠶᠠᠪᠤᠭ᠎ᠠ ᠬᠥᠮᠦᠰ ᠲᠦ᠄ 《ᠲᠠ ᠨᠠᠷ ᠴᠤ ᠡᠰᠠᠦ᠋ ᠲᠠᠢ ᠠᠭᠤᠯᠵᠠᠬᠤ ᠳᠠᠭᠠᠨ ᠡᠳᠡᠭᠡᠷ ᠦᠭᠡ ᠶᠢ ᠬᠡᠯᠡᠭᠡᠷᠡᠢ᠃ 20 ᠲᠡᠭᠡᠬᠦ ᠳᠡᠭᠡᠨ 〈ᠲᠠᠨ ᠤ ᠵᠠᠷᠤᠴᠠ ᠶᠠᠺᠣᠪ ᠪᠢᠳᠡᠨ ᠦ ᠠᠷᠤ ᠠᠴᠠ ᠢᠷᠡᠵᠦ ᠪᠠᠢᠨ᠎ᠠ〉 ᠭᠡᠵᠦ ᠵᠠᠪᠠᠯ ᠬᠡᠯᠡᠭᠡᠷᠡᠢ》 ᠭᠡᠪᠡ᠃ ᠶᠠᠺᠣᠪ ᠳᠣᠲᠣᠷ᠎ᠠ ᠪᠠᠨ᠄ 《ᠲᠦᠷᠦᠭᠦᠨ ᠳᠦ ᠶᠠᠪᠤᠭᠤᠯᠤᠭᠰᠠᠨ ᠪᠡᠯᠡᠭ ᠢᠶᠡᠷ ᠢᠶᠠᠨ ᠲᠡᠭᠦᠨ ᠢ ᠲᠠᠢᠳᠬᠤᠷᠠᠭᠤᠯᠤᠶᠠ᠃ ᠲᠡᠭᠡᠪᠡᠯ ᠪᠢ ᠳᠠᠷᠠᠭ᠎ᠠ ᠨᠢ ᠲᠡᠭᠦᠨ ᠲᠡᠢ ᠠᠭᠤᠯᠵᠠᠬᠤ ᠳᠤ᠂ ᠲᠡᠷᠡ ᠨᠠᠮᠠᠶᠢ ᠬᠦᠯᠢᠶᠡᠨ ᠠᠪᠬᠤ ᠪᠠᠢᠬ᠎ᠠ》 ᠭᠡᠵᠦ ᠪᠣᠳᠣᠵᠠᠢ᠃ 21 ᠲᠡᠭᠡᠭᠡᠳ ᠶᠠᠺᠣᠪ ᠪᠡᠯᠡᠭ ᠢᠶᠡᠨ ᠥᠪᠡᠷ ᠡᠴᠡ ᠪᠡᠨ ᠲᠦᠷᠦᠭᠦᠯᠡᠵᠦ ᠶᠠᠪᠤᠭᠤᠯᠤᠭᠠᠳ᠂ ᠥᠪᠡᠷ ᠢᠶᠡᠨ ᠲᠡᠷᠡ ᠰᠥᠨᠢ ᠮᠠᠢᠬᠠᠨ ᠳᠠᠭᠠᠨ ᠦᠯᠡᠳᠡᠪᠡ᠃
ᠶᠠᠺᠣᠪ ᠪᠤᠷᠬᠠᠨ ᠲᠠᠢ ᠪᠠᠷᠢᠯᠳᠤᠪᠠ
22 ᠶᠠᠺᠣᠪ ᠰᠥᠨᠢ ᠪᠣᠰᠴᠤ ᠬᠣᠶᠠᠷ ᠡᠬᠡᠨᠡᠷ᠂ ᠬᠣᠶᠠᠷ ᠰᠢᠪᠡᠭᠴᠢᠨ᠂ ᠠᠷᠪᠠᠨ ᠨᠢᠭᠡᠨ ᠬᠥᠪᠡᠭᠦᠨ ᠢᠶᠡᠨ ᠶᠠᠪᠣᠺ ᠣᠯᠣᠮ ᠢᠶᠠᠷ ᠭᠣᠣᠯ ᠭᠠᠲᠤᠯᠭᠠᠵᠠᠢ᠃ 23 ᠲᠡᠳᠡᠨ ᠢ ᠭᠣᠣᠯ ᠭᠠᠷᠭᠠᠭᠰᠠᠨ ᠤ ᠳᠠᠷᠠᠭ᠎ᠠ ᠪᠦᠬᠦ ᠡᠳ᠋ ᠬᠥᠷᠥᠩᠭᠡ ᠪᠡᠨ ᠴᠤ ᠭᠠᠲᠤᠯᠭᠠᠭᠠᠳ 24 ᠶᠠᠺᠣᠪ ᠭᠠᠭᠴᠠᠭᠠᠷ ᠢᠶᠠᠨ ᠦᠯᠡᠳᠡᠪᠡ᠃ ᠲᠡᠭᠡᠬᠦ ᠳᠦ ᠨᠢᠭᠡᠨ ᠬᠥᠮᠦᠨ ᠢᠷᠡᠵᠦ ᠶᠠᠺᠣᠪ ᠲᠠᠢ ᠦᠷ ᠴᠠᠢᠲᠠᠯ᠎ᠠ ᠪᠠᠷᠢᠯᠳᠤᠭᠰᠠᠨ ᠪᠠᠢᠨ᠎ᠠ᠃ 25 ᠲᠡᠷᠡ ᠶᠠᠺᠣᠪ ᠢ ᠳᠡᠢᠯᠵᠦ ᠴᠢᠳᠠᠬᠤ ᠦᠭᠡᠢ ᠪᠡᠨ ᠦᠵᠡᠭᠡᠳ ᠲᠦᠩᠬᠦ ᠶᠢ ᠨᠢ ᠴᠣᠬᠢᠪᠠ᠃ ᠲᠡᠢᠨ ᠬᠦ ᠶᠠᠺᠣᠪ ᠲᠡᠷᠡ ᠬᠥᠮᠦᠨ ᠲᠡᠢ ᠪᠠᠷᠢᠯᠳᠤᠵᠤ ᠪᠠᠢᠬᠤ ᠳᠤ ᠲᠦᠩᠬᠦ ᠨᠢ ᠮᠤᠯᠲᠤᠷᠠᠵᠠᠢ᠃ 26 ᠲᠡᠷᠡ ᠬᠥᠮᠦᠨ᠄ 《ᠨᠠᠮᠠᠶᠢ ᠶᠠᠪᠤᠭᠤᠯ᠂ ᠦᠷ ᠴᠠᠢᠵᠤ ᠪᠠᠢᠨ᠎ᠠ︕》 ᠭᠡᠰᠡᠨ ᠳᠦ᠂ ᠶᠠᠺᠣᠪ᠄ 《ᠨᠠᠮᠠᠶᠢ ᠢᠷᠥᠭᠡᠬᠦ ᠡᠴᠡ ᠲᠠᠨᠢ ᠨᠠᠰᠢ ᠪᠢ ᠲᠠᠨ ᠢ ᠶᠠᠪᠤᠭᠤᠯᠬᠤ ᠦᠭᠡᠢ》 ᠭᠡᠵᠡᠢ᠃ 27 ᠲᠡᠷᠡ ᠬᠥᠮᠦᠨ᠄ 《ᠴᠢᠨᠦ ᠨᠡᠷ᠎ᠡ ᠬᠡᠨ ᠪᠤᠢ︖》 ᠭᠡᠬᠦ ᠳᠦ᠂ ᠲᠡᠷᠡ᠄ 《ᠶᠠᠺᠣᠪ》 ᠭᠡᠯᠡ᠃ 28 ᠲᠡᠷᠡ ᠬᠥᠮᠦᠨ᠄ 《ᠴᠢ ᠪᠤᠷᠬᠠᠨ ᠪᠣᠯᠣᠨ ᠬᠥᠮᠦᠰ ᠲᠡᠢ ᠲᠡᠮᠡᠴᠡᠯᠳᠦᠵᠦ ᠳᠡᠢᠯᠦᠭᠰᠡᠨ ᠶᠤᠮ᠃ ᠡᠭᠦᠨ ᠡᠴᠡ ᠬᠣᠢᠰᠢ ᠨᠡᠷ᠎ᠡ ᠴᠢᠨᠢ ᠶᠠᠺᠣᠪ ᠪᠢᠰᠢ᠂ ᠢᠰᠷᠧᠯ 62 ᠭᠡᠭᠳᠡᠬᠦ ᠪᠣᠯᠣᠨ᠎ᠠ》 ᠭᠡᠪᠡ᠃ 29 ᠶᠠᠺᠣᠪ᠄ 《ᠲᠠ ᠨᠡᠷ᠎ᠡ ᠠᠯᠳᠠᠷ ᠢᠶᠠᠨ ᠬᠡᠯᠡᠭᠡᠴᠢ》 ᠭᠡᠵᠦ ᠭᠤᠶᠤᠭᠰᠠᠨ ᠳᠤ᠂ ᠲᠡᠷᠡ ᠬᠥᠮᠦᠨ᠄ 《ᠴᠢ ᠮᠢᠨᠦ ᠨᠡᠷ᠎ᠡ ᠶᠢ ᠠᠰᠠᠭᠤᠭᠠᠳ ᠶᠠᠭᠠᠬᠢᠬᠤ ᠶᠤᠮ ᠪᠤᠢ︖》 ᠭᠡᠵᠦ ᠬᠡᠯᠡᠭᠡᠳ ᠲᠡᠨᠳᠡ ᠶᠠᠺᠣᠪ ᠢ ᠢᠷᠥᠭᠡᠭᠰᠡᠨ ᠪᠠᠢᠨ᠎ᠠ᠃ 30 ᠶᠠᠺᠣᠪ᠄ 《ᠪᠢ ᠪᠤᠷᠬᠠᠨ ᠲᠠᠢ ᠨᠢᠭᠤᠷ ᠲᠤᠯᠤᠨ ᠠᠭᠤᠯᠵᠠᠭᠰᠠᠨ ᠪᠣᠯᠪᠠᠴᠤ ᠠᠮᠢ ᠮᠡᠨᠳᠦ ᠦᠯᠡᠳᠡᠯ᠎ᠡ》 ᠭᠡᠳ ᠲᠡᠷᠡ ᠭᠠᠵᠠᠷ ᠢ ᠫᠧᠨᠢᠶᠧᠯ 63 ᠭᠡᠵᠦ ᠨᠡᠷᠡᠯᠡᠪᠡ᠃ 31 ᠶᠠᠺᠣᠪ ᠫᠧᠨᠢᠶᠧᠯ ᠢᠶᠠᠷ ᠥᠩᠭᠡᠷᠡᠵᠦ ᠪᠠᠢᠬᠤ ᠳᠤ ᠨᠠᠷᠠ ᠲᠡᠭᠦᠨ ᠦ ᠳᠡᠭᠡᠷ᠎ᠡ ᠮᠠᠨᠳᠤᠵᠠᠢ᠃ ᠲᠡᠷᠡ ᠪᠡᠷ ᠲᠦᠩᠬᠦ ᠶᠢᠨ ᠶᠠᠰᠤᠨ ᠠᠴᠠ ᠪᠠᠨ ᠪᠣᠯᠵᠤ ᠳᠣᠭᠣᠯᠵᠤ ᠪᠠᠢᠯ᠎ᠠ᠃ 32 ᠶᠠᠺᠣᠪ ᠤᠨ ᠲᠦᠩᠬᠦ ᠶᠢᠨ ᠰᠢᠷᠪᠥᠰᠥ ᠴᠣᠬᠢᠭᠳᠠᠭᠰᠠᠨ ᠢᠶᠠᠷ᠂ ᠢᠰᠷᠧᠯᠴᠦᠳ ᠡᠳᠦᠭᠡ ᠲᠦᠩᠬᠦ ᠶᠢᠨ ᠰᠢᠷᠪᠥᠰᠥ ᠢᠳᠡᠳᠡᠭ ᠦᠭᠡᠢ ᠶᠤᠮ᠃