1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠷᠢᠨ ᠲᠠᠪᠤ
 ᠠᠪᠷᠠᠬᠠᠮ ᠥᠭᠡᠳᠡ ᠪᠣᠯᠪᠠ

1 ᠠᠪᠷᠠᠬᠠᠮ ᠳᠠᠬᠢᠭᠠᠳ ᠨᠢᠭᠡ ᠡᠬᠡᠨᠡᠷ ᠠᠪᠤᠪᠠ᠃ ᠲᠡᠭᠦᠨ ᠢ ᠺᠧᠲ᠋ᠦ᠋ᠷᠠ ᠭᠡᠳᠡᠭ᠃ 2 ᠲᠡᠭᠦᠨ ᠡᠴᠡ ᠽᠢᠮᠷᠠᠨ᠂ ᠶᠣᠺᠱᠠᠨ᠂ ᠮᠧᠳᠠᠨ᠂ ᠮᠢᠳᠢᠶᠠᠨ᠂ ᠢᠱᠪᠠᠺ᠂ ᠱᠦᠶ᠎ᠠ ᠨᠠᠷ ᠲᠥᠷᠥᠪᠡ᠃ 3 ᠶᠣᠺᠱᠠᠨ ᠳᠤ ᠱᠧᠪᠠ᠂ ᠳ᠋ᠧᠳᠠᠨ ᠬᠣᠶᠠᠷ ᠲᠥᠷᠥᠪᠡ᠃ ᠠᠱᠦ᠋ᠷᠴᠤᠳ᠂ ᠯᠧᠲ᠋ᠦ᠋ᠱᠴᠦᠳ᠂ ᠯᠧᠦ᠋ᠮᠴᠦᠳ ᠨᠢ ᠳ᠋ᠧᠳᠠᠨ ᠤ ᠦᠷ᠎ᠡ ᠤᠳᠤᠮ ᠶᠤᠮ᠃ 4 ᠮᠢᠳᠢᠶᠠᠨ ᠤ ᠬᠥᠪᠡᠭᠦᠳ᠄ ᠡᠹᠠ᠂ ᠡᠹᠧᠷ᠂ ᠬᠠᠨᠣᠺ᠂ ᠠᠪᠢᠳᠠ᠂ ᠡᠯᠳᠠ ᠨᠠᠷ᠃ ᠲᠡᠳᠡ ᠴᠥᠮ ᠺᠧᠲ᠋ᠦ᠋ᠷᠠ ᠶᠢᠨ ᠦᠷ᠎ᠡ ᠤᠳᠤᠮ ᠪᠢᠯᠡ᠃ 5 ᠠᠪᠷᠠᠬᠠᠮ ᠪᠠᠢᠭ᠎ᠠ ᠪᠦᠬᠦᠨ ᠢᠶᠡᠨ ᠢᠰᠠᠺ ᠲᠤ ᠦᠯᠡᠳᠡᠭᠡᠵᠡᠢ᠃ 6 ᠬᠠᠷᠢᠨ ᠠᠪᠷᠠᠬᠠᠮ ᠠᠮᠢᠳᠤ ᠠᠬᠤᠢ ᠳᠠᠭᠠᠨ ᠲᠠᠲᠠᠪᠤᠷᠢ ᠡᠮᠡᠰ ᠦᠨ ᠢᠶᠠᠨ ᠬᠡᠦᠬᠡᠳ ᠤᠳ ᠲᠤ ᠬᠥᠷᠥᠩᠭᠡ ᠥᠭᠴᠦ᠂ ᠲᠡᠳᠡᠨ ᠢ ᠬᠦᠦ ᠢᠰᠠᠺ ᠠᠴᠠ ᠪᠠᠨ ᠬᠣᠯᠠᠳᠠᠭᠤᠯᠤᠨ ᠳᠣᠷᠣᠨᠠᠲᠤ ᠶᠢᠨ ᠨᠤᠲᠤᠭ ᠤᠷᠤᠭᠤ ᠶᠠᠪᠤᠭᠤᠯᠵᠠᠢ᠃

7 ᠠᠪᠷᠠᠬᠠᠮ ᠵᠠᠭᠤ ᠳᠠᠯᠠᠨ ᠲᠠᠪᠤ ᠨᠠᠰᠤᠯᠠᠵᠠᠢ᠃ 8 ᠠᠪᠷᠠᠬᠠᠮ ᠥᠨᠳᠥᠷ ᠨᠠᠰᠤᠯᠠᠵᠤ᠂ ᠠᠮᠢᠳᠤᠷᠠᠯ ᠦᠵᠡᠭᠰᠡᠨ ᠠᠵᠠᠢ ᠪᠤᠭᠤᠷᠤᠯ ᠪᠣᠯᠣᠭᠠᠳ ᠠᠮᠢᠰᠬᠤᠯ ᠬᠤᠷᠢᠶᠠᠨ ᠥᠪᠡᠷ ᠦᠨ ᠬᠥᠮᠦᠰ ᠤᠷᠤᠭᠤ ᠪᠠᠨ ᠠᠪᠠᠴᠢᠭᠳᠠᠵᠠᠢ᠃ 9 ᠲᠡᠭᠦᠨ ᠢ ᠬᠦᠦ ᠢᠰᠠᠺ ᠢᠱᠮᠠᠶᠧᠯ ᠬᠣᠶᠠᠷ ᠨᠢ ᠮᠠᠮᠷᠧ ᠶᠢᠨ ᠬᠠᠪᠢ ᠳᠤ᠂ ᠾᠢᠲ ᠬᠥᠮᠦᠨ ᠽᠣᠬᠠᠷ ᠤᠨ ᠬᠦᠦ ᠡᠹᠷᠣᠨ ᠤ ᠲᠠᠯᠠᠪᠠᠢ ᠳᠠᠬᠢ ᠮᠠᠺᠫᠧᠯᠠ ᠠᠭᠤᠢ ᠳᠤ ᠣᠷᠣᠰᠢᠭᠤᠯᠤᠭᠰᠠᠨ ᠪᠠᠢᠨ᠎ᠠ᠃ 10 ᠲᠡᠷᠡ ᠭᠠᠵᠠᠷ ᠢ ᠠᠪᠷᠠᠬᠠᠮ ᠾᠢᠲ᠋ᠴᠦᠳ ᠡᠴᠡ ᠬᠤᠳᠠᠯᠳᠤᠨ ᠠᠪᠤᠭᠰᠠᠨ ᠶᠤᠮ᠃ ᠲᠡᠨᠳᠡ ᠠᠪᠷᠠᠬᠠᠮ᠂ ᠲᠡᠭᠦᠨ ᠦ ᠡᠬᠡᠨᠡᠷ ᠰᠠᠷᠠᠾ ᠬᠣᠶᠠᠷ ᠢ ᠣᠷᠣᠰᠢᠭᠤᠯᠵᠠᠢ᠃ 11 ᠠᠪᠷᠠᠬᠠᠮ ᠨᠠᠰᠤ ᠪᠠᠷᠠᠭᠰᠠᠨ ᠤ ᠳᠠᠷᠠᠭ᠎ᠠ᠂ ᠪᠤᠷᠬᠠᠨ ᠲᠡᠭᠦᠨ ᠦ ᠬᠦᠦ ᠢᠰᠠᠺ ᠢ ᠢᠪᠡᠭᠡᠭᠰᠡᠨ ᠪᠠᠢᠯ᠎ᠠ᠃ ᠲᠡᠷᠡ ᠦᠶ᠎ᠡ ᠳᠦ ᠢᠰᠠᠺ ᠪᠧᠷ ᠯᠠᠬᠠᠢ ᠷᠣᠢ ᠶᠢᠨ ᠬᠠᠪᠢ ᠳᠤ ᠰᠠᠭᠤᠵᠤ ᠪᠠᠢᠵᠠᠢ᠃
 ᠢᠱᠮᠠᠶᠧᠯ ᠤᠨ ᠦᠷ᠎ᠡ ᠤᠳᠤᠮ

12 ᠰᠠᠷᠠᠾ ᠤᠨ ᠰᠢᠪᠡᠭᠴᠢᠨ ᠶᠧᠵᠢᠫᠲ ᠪᠦᠰᠡᠭᠦᠢ ᠬᠠᠭᠠᠷ ᠠᠴᠠ ᠠᠪᠷᠠᠬᠠᠮ ᠳᠤ ᠲᠥᠷᠥᠭᠰᠡᠨ ᠬᠦᠦ ᠢᠱᠮᠠᠶᠧᠯ ᠤᠨ ᠭᠡᠷ ᠦᠨ ᠴᠠᠳᠢᠭ ᠡᠨᠡ ᠪᠢᠯᠡ᠄ 13 ᠬᠥᠪᠡᠭᠦᠳ ᠦᠨ ᠬᠢᠨᠢ ᠨᠡᠷᠡᠰ ᠢ ᠲᠥᠷᠥᠭᠰᠡᠨ ᠳᠠᠷᠠᠭᠠᠯᠠᠯ ᠢᠶᠠᠷ ᠨᠢ ᠵᠢᠭᠰᠠᠭᠠᠪᠠᠯ᠄ ᠤᠤᠭᠠᠨ ᠬᠦᠦ ᠨᠧᠪᠠᠢᠶᠣᠲ᠂ ᠤᠳᠠᠭᠠᠬᠢ ᠨᠢ ᠺᠧᠳᠠᠷ᠂ ᠠᠳ᠋ᠪᠧᠯ᠂ ᠮᠢᠪᠰᠠᠮ᠂ 14 ᠮᠢᠱᠮᠠ᠂ ᠳ᠋ᠣᠮᠠ᠂ ᠮᠠᠰᠠ᠂ 15 ᠬᠠᠳᠠᠳ᠋᠂ ᠲᠧᠮᠠ᠂ ᠶᠧᠲ᠋ᠦ᠋ᠷ᠂ ᠨᠠᠹᠢᠱ᠂ ᠺᠧᠳᠧᠮᠠ᠃ 16 ᠡᠳᠡᠭᠡᠷ ᠨᠢ ᠢᠱᠮᠠᠶᠧᠯ ᠤᠨ ᠠᠷᠪᠠᠨ ᠬᠣᠶᠠᠷ ᠬᠥᠪᠡᠭᠦᠨ ᠪᠠᠢᠪᠠ᠃ ᠬᠥᠪᠡᠭᠦᠨ ᠪᠦᠷᠢ ᠨᠢ ᠥᠪᠡᠷ ᠦᠨ ᠢᠶᠠᠨ ᠨᠡᠷ᠎ᠡ ᠲᠠᠢ ᠣᠪᠣᠭ ᠤᠨ ᠡᠭᠦᠰᠭᠡᠭᠴᠢ ᠪᠥᠭᠡᠳ ᠲᠡᠳᠡ ᠲᠣᠰᠬᠣᠨ ᠰᠠᠭᠤᠷᠢᠨ ᠳᠠᠭᠠᠨ ᠥᠪᠡᠷᠰᠡᠳ ᠦᠨ ᠢᠶᠠᠨ ᠨᠡᠷ᠎ᠡ ᠶᠢ ᠥᠭᠴᠡᠢ᠃ 17 ᠢᠱᠮᠠᠶᠧᠯ ᠨᠡᠢᠲᠡ ᠵᠠᠭᠤ ᠭᠤᠴᠢᠨ ᠳᠣᠯᠣᠭ᠎ᠠ ᠨᠠᠰᠤᠯᠠᠪᠠ᠃ ᠲᠡᠷᠡ ᠠᠮᠢᠰᠬᠤᠯ ᠢᠶᠠᠨ ᠬᠤᠷᠢᠶᠠᠨ ᠥᠭᠡᠳᠡ ᠪᠣᠯᠵᠤ᠂ ᠥᠪᠡᠷ ᠦᠨ ᠬᠥᠮᠦᠰ ᠤᠷᠤᠭᠤ ᠪᠠᠨ ᠠᠪᠠᠴᠢᠭᠳᠠᠵᠠᠢ᠃ 18 ᠦᠷ᠎ᠡ ᠤᠳᠤᠮ ᠨᠢ ᠬᠠᠸᠢᠯᠠ ᠪᠣᠯᠣᠨ ᠱᠦᠷ ᠦᠨ ᠬᠣᠭᠣᠷᠣᠨᠳᠣ ᠰᠠᠭᠤᠷᠢᠰᠢᠪᠠ᠃ ᠱᠦᠷ ᠨᠢ ᠶᠧᠵᠢᠫᠲ ᠤᠨ ᠬᠢᠯᠢ ᠶᠢᠨ ᠬᠠᠪᠢ ᠪᠤᠶᠤ ᠠᠰᠢᠷᠢᠶ᠎ᠠ ᠳᠤ ᠬᠦᠷᠬᠦ ᠵᠠᠮ ᠳᠡᠭᠡᠷ᠎ᠡ ᠪᠤᠢ᠃ ᠲᠡᠳᠡ ᠠᠬ᠎ᠠ ᠳᠡᠭᠦᠦᠰ ᠡᠴᠡ ᠪᠡᠨ ᠨᠢᠭᠤᠷ ᠪᠤᠷᠤᠭᠤᠯᠠᠨ ᠠᠮᠢᠳᠤᠷᠠᠳᠠᠭ ᠪᠠᠢᠵᠠᠢ᠃
 ᠡᠰᠠᠦ᠋ ᠪᠠ ᠶᠠᠺᠣᠪ

19 ᠠᠪᠷᠠᠬᠠᠮ ᠤᠨ ᠬᠦᠦ ᠢᠰᠠᠺ ᠤᠨ ᠭᠡᠷ ᠦᠨ ᠴᠠᠳᠢᠭ ᠡᠨᠡ ᠪᠢᠯᠡ᠄ ᠠᠪᠷᠠᠬᠠᠮ ᠳᠤ ᠢᠰᠠᠺ ᠲᠥᠷᠥᠪᠡ᠃ 20 ᠢᠰᠠᠺ ᠳᠥᠴᠢᠨ ᠨᠠᠰᠤᠲᠠᠢ ᠪᠠᠢᠬᠤ ᠳᠠᠭᠠᠨ ᠫᠠᠳᠠᠨ ᠠᠷᠠᠮ ᠤᠨ ᠠᠷᠠᠮ ᠬᠥᠮᠦᠨ ᠪᠧᠲ᠋ᠦ᠋ᠶᠧᠯ ᠤᠨ ᠥᠬᠢᠨ᠂ ᠠᠷᠠᠮ ᠬᠥᠮᠦᠨ ᠯᠠᠪᠠᠨ ᠤ ᠥᠬᠢᠨ ᠳᠡᠭᠦᠦ ᠷᠧᠪᠧᠺᠠ ᠶᠢ ᠡᠬᠡᠨᠡᠷ ᠪᠣᠯᠭᠠᠨ ᠠᠪᠴᠠᠢ᠃ 21 ᠡᠬᠡᠨᠡᠷ ᠨᠢ ᠬᠡᠭᠦᠰᠡᠷ ᠪᠣᠯᠬᠣᠷ ᠲᠡᠭᠦᠨ ᠦ ᠲᠥᠯᠥᠭᠡ ᠶᠣᠬᠣᠸᠠ ᠠᠴᠠ ᠭᠤᠶᠤᠭᠰᠠᠨ ᠳᠤ᠂ ᠶᠣᠬᠣᠸᠠ ᠬᠠᠷᠢᠭᠤᠯᠵᠤ᠂ ᠡᠬᠡᠨᠡᠷ ᠷᠧᠪᠧᠺᠠ ᠨᠢ ᠵᠢᠷᠮᠦᠰᠦᠯᠡᠵᠡᠢ᠃ 22 ᠬᠡᠦᠬᠡᠳ ᠤᠳ ᠨᠢ ᠬᠠᠷᠢᠨ ᠬᠡᠪᠡᠯᠢ ᠳᠣᠲᠣᠷ᠎ᠠ ᠨᠢ ᠲᠡᠮᠡᠴᠡᠯᠳᠦᠭᠰᠡᠨ ᠳᠦ᠂ ᠷᠧᠪᠧᠺᠠ᠄ 《ᠢᠩᠭᠢᠭᠡᠳ ᠪᠠᠢᠪᠠᠯ ᠪᠢ ᠶᠠᠭᠠᠬᠢᠨ᠎ᠠ ᠪᠤᠢ︖》 ᠭᠡᠳ ᠶᠣᠬᠣᠸᠠ ᠠᠴᠠ ᠯᠠᠪᠯᠠᠬᠤ ᠪᠠᠷ ᠣᠳᠪᠠ᠃ 23 ᠶᠣᠬᠣᠸᠠ ᠲᠡᠭᠦᠨ ᠳᠦ᠄ 《ᠬᠣᠶᠠᠷ ᠦᠨᠳᠦᠰᠦᠲᠡᠨ ᠴᠢᠨᠦ ᠬᠡᠪᠡᠯᠢ ᠳᠤ ᠪᠠᠢᠨ᠎ᠠ ᠬᠣᠶᠠᠷ ᠠᠷᠠᠳ ᠲᠦᠮᠡᠨ ᠪᠡᠶ᠎ᠡ ᠡᠴᠡ ᠴᠢᠨᠢ ᠰᠠᠯᠤᠨ ᠭᠠᠷᠤᠨ᠎ᠠ ᠨᠢᠭᠡ ᠠᠷᠠᠳ ᠲᠦᠮᠡᠨ ᠨᠢ ᠨᠥᠭᠥᠭᠡ ᠡᠴᠡ ᠪᠡᠨ ᠬᠦᠴᠦᠲᠡᠢ ᠲᠣᠮᠣ ᠨᠢ ᠪᠠᠭ᠎ᠠ ᠳᠠᠭᠠᠨ ᠵᠠᠷᠤᠴᠠᠯᠠᠭᠳᠠᠬᠤ ᠪᠣᠯᠣᠨ᠎ᠠ》
ᠭᠡᠯ᠎ᠡ᠃ 24 ᠲᠡᠭᠦᠨ ᠦ ᠨᠢᠷᠠᠢᠯᠠᠬᠤ ᠡᠳᠦᠷ ᠪᠣᠯᠪᠠ᠃ ᠬᠡᠪᠡᠯᠢ ᠳᠦᠨᠢ ᠦᠨᠡᠬᠡᠷ ᠢᠬᠡᠷ᠎ᠡ ᠬᠡᠦᠬᠡᠳ ᠪᠠᠢᠵᠠᠢ︕ 25 ᠲᠦᠷᠦᠭᠦᠦ ᠭᠠᠷᠤᠭᠰᠠᠨ ᠨᠢ ᠤᠯᠠᠭᠠᠨ᠂ ᠪᠦᠲᠦᠨ ᠪᠡᠶ᠎ᠡ ᠨᠢ ᠦᠰᠦ ᠲᠠᠢ ᠳᠡᠪᠡᠯ ᠰᠢᠭ ᠪᠣᠯᠬᠣᠷ ᠲᠡᠭᠦᠨ ᠢ 《ᠡᠰᠠᠦ᠋》 ᠭᠡᠵᠦ ᠨᠡᠷᠡᠯᠡᠵᠡᠢ᠃ 26 ᠳᠠᠷᠠᠭ᠎ᠠ ᠭᠠᠷᠤᠭᠰᠠᠨ ᠳᠡᠭᠦᠦ ᠨᠢ ᠡᠰᠠᠦ᠋ ᠶᠢᠨ ᠥᠰᠥᠭᠡᠢ ᠡᠴᠡ ᠭᠠᠷ ᠢᠶᠠᠷ ᠢᠶᠠᠨ ᠵᠢᠭᠤᠷᠠᠵᠤ ᠪᠠᠢᠭᠰᠠᠨ ᠤᠴᠢᠷ ᠲᠡᠭᠦᠨ ᠢ 《ᠶᠠᠺᠣᠪ 41 》 ᠭᠡᠵᠦ ᠨᠡᠷᠡᠯᠡᠵᠡᠢ᠃ ᠷᠧᠪᠧᠺᠠ ᠲᠡᠳᠡᠨ ᠢ ᠲᠥᠷᠥᠭᠦᠯᠬᠦ ᠳᠦ᠂ ᠢᠰᠠᠺ ᠵᠢᠷᠠᠨ ᠨᠠᠰᠤᠲᠠᠢ ᠪᠠᠢᠯ᠎ᠠ᠃

27 ᠬᠥᠪᠡᠭᠦᠳ ᠨᠢ ᠥᠰᠪᠡ᠂ ᠡᠰᠠᠦ᠋ ᠭᠠᠷᠮᠠᠭᠠᠢ ᠠᠩᠴᠢᠨ ᠪᠣᠯᠬᠣᠷ ᠬᠡᠭᠡᠷ᠎ᠡ ᠲᠠᠯ᠎ᠠ ᠳᠤ ᠳᠤᠷᠠᠲᠠᠢ᠂ ᠶᠠᠺᠣᠪ ᠨᠢ ᠨᠠᠮ ᠳᠥᠯᠭᠡᠨ ᠪᠣᠯᠬᠣᠷ ᠮᠠᠢᠬᠠᠨ ᠳᠠᠭᠠᠨ ᠰᠠᠭᠤᠬᠤ ᠳᠤᠷᠠᠲᠠᠢ ᠪᠠᠢᠪᠠ᠃ 28 ᠢᠰᠠᠺ ᠡᠰᠠᠦ᠋ ᠶᠢᠨ ᠠᠩᠨᠠᠭᠰᠠᠨ ᠠᠩ ᠤᠨ ᠮᠢᠬᠠᠨ ᠳᠤ ᠳᠤᠷᠠᠲᠠᠢ ᠤᠴᠢᠷ ᠡᠰᠠᠦ᠋ ᠳᠡᠭᠡᠨ ᠬᠠᠢᠷᠠᠲᠠᠢ᠂ ᠬᠠᠷᠢᠨ ᠷᠧᠪᠧᠺᠠ ᠨᠢ ᠶᠠᠺᠣᠪ ᠲᠠᠭᠠᠨ ᠬᠠᠢᠷᠠᠲᠠᠢ ᠪᠠᠢᠪᠠ᠃

29 ᠨᠢᠭᠡᠨ ᠡᠳᠦᠷ ᠶᠠᠺᠣᠪ ᠱᠥᠯᠥ ᠪᠤᠴᠠᠯᠭᠠᠵᠤ ᠪᠠᠢᠲᠠᠯ᠎ᠠ᠂ ᠡᠰᠠᠦ᠋ ᠥᠯᠥᠰᠴᠦ ᠶᠠᠳᠠᠷᠠᠨ ᠬᠡᠭᠡᠷ᠎ᠡ ᠡᠴᠡ ᠬᠠᠷᠢᠵᠤ ᠢᠷᠡᠵᠡᠢ᠃ 30 ᠡᠰᠠᠦ᠋ ᠶᠠᠺᠣᠪ ᠲᠤ᠄ 《ᠬᠥᠶᠶ᠂ ᠴᠢ ᠨᠠᠭᠠᠳᠤᠬᠢ ᠤᠯᠠᠭᠠᠨ᠂ ᠲᠡᠷᠡ ᠤᠯᠠᠭᠠᠨ ᠶᠠᠭᠤᠮ᠎ᠠ ᠠᠴᠠ ᠪᠠᠨ ᠬᠤᠷᠳᠤᠨ ᠨᠠᠳᠠ ᠳᠤ ᠥᠭᠭᠥᠭᠡᠴᠢ᠂ ᠪᠢ ᠥᠯᠥᠰᠴᠦ ᠶᠠᠳᠠᠷᠠᠵᠠᠢ》 ᠭᠡᠪᠡ᠃ ᠡᠰᠠᠦ᠋ ᠶᠢ ᠡᠳᠣᠮ ᠭᠡᠵᠦ ᠳᠠᠭᠤᠳᠠᠬᠤ ᠪᠣᠯᠣᠭᠰᠠᠨ ᠤ ᠤᠴᠢᠷ ᠨᠢ ᠡᠨᠡ ᠶᠤᠮ᠃ 31 ᠶᠠᠺᠣᠪ᠄ 《ᠬᠠᠷᠢᠨ ᠴᠢ ᠤᠷᠢᠳᠠᠪᠠᠷ ᠤᠤᠭᠠᠨ ᠬᠦᠦ ᠶᠢᠨ ᠡᠷᠬᠡ ᠪᠡᠨ ᠨᠠᠳᠠ ᠳᠤ ᠬᠤᠳᠠᠯᠳᠤᠭᠠᠴᠢ》 ᠭᠡᠰᠡᠨ ᠳᠦ᠂ 32 ᠡᠰᠠᠦ᠋᠄ 《ᠬᠠᠷᠠ᠂ ᠪᠢ ᠦᠬᠦᠬᠦ ᠭᠡᠵᠦ ᠪᠠᠢᠨ᠎ᠠ︕ ᠡᠨᠡ ᠤᠤᠭᠠᠨ ᠬᠦᠦ ᠶᠢᠨ ᠡᠷᠬᠡ ᠨᠢ ᠨᠠᠳᠠ ᠳᠤ ᠶᠠᠮᠠᠷ ᠬᠡᠷᠡᠭ ᠲᠡᠢ ᠪᠤᠢ︖》 ᠭᠡᠬᠦ ᠳᠦ᠂ 33 ᠶᠠᠺᠣᠪ᠄ 《ᠤᠷᠢᠳᠠᠪᠠᠷ ᠴᠢ ᠨᠠᠳᠠ ᠳᠤ ᠲᠠᠩ᠋ᠭᠠᠷᠢᠭᠯᠠ︕》 ᠭᠡᠰᠡᠨ ᠳᠦ᠂ ᠡᠰᠠᠦ᠋ ᠲᠡᠭᠦᠨ ᠳᠦ ᠲᠠᠩ᠋ᠭᠠᠷᠢᠭᠯᠠᠵᠤ᠂ ᠤᠤᠭᠠᠨ ᠬᠦᠦ ᠶᠢᠨ ᠡᠷᠬᠡ ᠪᠡᠨ ᠶᠠᠺᠣᠪ ᠲᠤ ᠬᠤᠳᠠᠯᠳᠤᠵᠠᠢ᠃ 34 ᠶᠠᠺᠣᠪ ᠲᠡᠭᠦᠨ ᠳᠦ ᠪᠤᠷᠴᠠᠭ ᠲᠠᠢ ᠱᠥᠯᠥ ᠶᠢ ᠪᠣᠣᠪᠣ ᠲᠠᠢ ᠥᠭᠭᠥᠭᠰᠡᠨ ᠳᠦ᠂ ᠲᠡᠷᠡ ᠪᠡᠷ ᠢᠳᠡᠵᠦ ᠤᠤᠭᠤᠭᠠᠳ ᠪᠣᠰᠴᠤ ᠶᠠᠪᠤᠪᠠ᠃ ᠡᠰᠠᠦ᠋ ᠤᠤᠭᠠᠨ ᠬᠦᠦ ᠪᠠᠢᠬᠤ ᠡᠷᠬᠡ ᠪᠡᠨ ᠡᠢᠨ ᠬᠦ ᠦᠯᠦ ᠲᠣᠭᠣᠮᠰᠠᠷᠯᠠᠪᠠ᠃