ᠡᠬᠢᠯᠡᠯ ᠠᠷᠪᠠᠨ ᠳᠥᠷᠪᠡ
ᠠᠪᠷᠠᠮ ᠯᠣᠲ ᠢ ᠠᠪᠤᠷᠠᠪᠠ
1 ᠱᠢᠨᠠᠷ ᠤᠨ ᠬᠠᠭᠠᠨ ᠠᠮᠷᠠᠹᠧᠯ᠂ ᠡᠯᠠᠰᠠᠷ ᠤᠨ ᠬᠠᠭᠠᠨ ᠠᠷᠢᠶᠣᠺ᠂ ᠡᠯᠠᠮ ᠤᠨ ᠬᠠᠭᠠᠨ ᠬᠧᠳᠣᠷᠯᠠᠣᠮᠧᠷ᠂ ᠭᠣᠢᠮ ᠤᠨ ᠬᠠᠭᠠᠨ ᠲᠢᠳᠠᠯ ᠨᠠᠷ ᠤᠨ ᠦᠶ᠎ᠡ ᠳᠦ 2 ᠲᠡᠳᠡᠭᠡᠷ ᠬᠠᠭᠠᠳ ᠤᠨ ᠡᠰᠡᠷᠭᠦ ᠪᠧᠯᠠ (ᠽᠣᠶᠠᠷ) ᠶᠢᠨ ᠬᠠᠭᠠᠨ ᠪᠡᠷ ᠰᠣᠳᠣᠮ ᠤᠨ ᠬᠠᠭᠠᠨ ᠪᠧᠷᠠ᠂ ᠭᠣᠮᠣᠷᠠ ᠶᠢᠨ ᠬᠠᠭᠠᠨ ᠪᠢᠷᠱᠠ᠂ ᠠᠳ᠋ᠮᠠ ᠶᠢᠨ ᠬᠠᠭᠠᠨ ᠱᠢᠨᠠᠪ᠂ ᠽᠧᠪᠣᠢᠮ ᠤᠨ ᠬᠠᠭᠠᠨ ᠱᠧᠮᠧᠪᠧᠷ ᠨᠠᠷ ᠲᠠᠢ ᠬᠠᠮᠲᠤ ᠪᠣᠰᠴᠤ ᠳᠠᠢᠲᠤᠬᠤ ᠪᠠᠷ 3 ᠰᠢᠳᠢᠮ ᠤᠨ ᠬᠥᠨᠳᠡᠢ ᠳᠦ᠂ ᠲᠤᠬᠠᠢᠯᠠᠪᠠᠯ ᠳᠠᠪᠤᠰᠤᠲᠤ ᠲᠠᠩᠭᠢᠰ 22 ᠲᠤ ᠴᠤᠭᠯᠠᠷᠠᠵᠠᠭᠠᠪᠠ᠃ 4 ᠲᠡᠳᠡ ᠬᠧᠳᠣᠷᠯᠠᠣᠮᠧᠷ ᠤᠨ ᠬᠠᠷᠢᠶᠠᠨ ᠳᠤ ᠠᠷᠪᠠᠨ ᠬᠣᠶᠠᠷ ᠵᠢᠯ ᠪᠠᠢᠵᠤ ᠪᠠᠢᠭᠠᠳ ᠠᠷᠪᠠᠨ ᠭᠤᠷᠪᠠᠳᠠᠬᠢ ᠵᠢᠯ ᠳᠡᠭᠡᠨ ᠲᠡᠭᠦᠨ ᠦ ᠡᠰᠡᠷᠭᠦ ᠪᠣᠰᠴᠠᠢ᠃ 5 ᠭᠡᠪᠡᠴᠦ ᠠᠷᠪᠠᠨ ᠳᠥᠷᠪᠡᠳᠡᠬᠢ ᠵᠢᠯ ᠳᠦᠨᠢ ᠬᠧᠳᠣᠷᠯᠠᠣᠮᠧᠷ ᠬᠣᠯᠪᠣᠭᠠᠲᠠᠨ ᠬᠠᠭᠠᠳ ᠲᠠᠢ ᠪᠠᠨ ᠢᠷᠡᠵᠦ᠂ ᠠᠱᠲ᠋ᠧᠷᠣᠲ ᠺᠠᠷᠨᠠᠢᠮ ᠳᠤ ᠷᠧᠹᠠᠢᠮᠴᠤᠳ ᠢ᠂ ᠾᠠᠮ ᠳᠤ ᠽᠦᠽᠢᠮᠴᠦᠳ ᠢ᠂ ᠱᠠᠸᠧ ᠺᠢᠷᠢᠶᠠᠲ᠋ᠠᠢᠮ ᠳᠤ ᠡᠮᠢᠮᠴᠦᠳ ᠢ᠂ 6 ᠮᠥᠨ ᠰᠧᠷ ᠠᠭᠤᠯᠠᠨ ᠳᠤ ᠾᠣᠷᠴᠤᠳ ᠢ ᠪᠤᠲᠠ ᠴᠣᠬᠢᠵᠤ᠂ ᠴᠥᠯ ᠦᠨ ᠬᠠᠪᠢ ᠳᠠᠬᠢ ᠡᠯᠫᠠᠷᠠᠨ ᠳᠤ ᠬᠦᠷᠪᠡ᠃ 7 ᠲᠡᠭᠡᠭᠡᠳ ᠲᠡᠳᠡ ᠮᠤᠷᠤᠢᠵᠤ ᠡ᠊ᠨᠮᠢᠱᠫᠠᠲ᠂ ᠲᠤᠬᠠᠢᠯᠠᠪᠠᠯ ᠺᠠᠳᠧᠱ ᠲᠤ ᠢᠷᠡᠭᠡᠳ ᠠᠮᠠᠯᠧᠺᠴᠤᠳ ᠤᠨ ᠪᠦᠬᠦ ᠨᠤᠲᠤᠭ ᠪᠣᠯᠣᠨ ᠬᠠᠽᠠᠽᠣᠨ ᠲᠠᠮᠠᠷ ᠲᠤ ᠰᠠᠭᠤᠵᠤ ᠪᠤᠢ ᠠᠮᠣᠷᠢᠴᠤᠳ ᠢ ᠪᠤᠲᠠ ᠴᠣᠬᠢᠭᠰᠠᠨ ᠳᠤ᠂ 8 ᠲᠡᠳᠡᠨ ᠦ ᠡᠰᠡᠷᠭᠦ ᠰᠣᠳᠣᠮ ᠤᠨ ᠬᠠᠭᠠᠨ᠂ ᠭᠣᠮᠣᠷᠠ ᠶᠢᠨ ᠬᠠᠭᠠᠨ᠂ ᠠᠳ᠋ᠮᠠ ᠶᠢᠨ ᠬᠠᠭᠠᠨ᠂ ᠽᠧᠪᠣᠢᠮ ᠤᠨ ᠬᠠᠭᠠᠨ᠂ ᠪᠧᠯᠠ (ᠽᠣᠶᠠᠷ) ᠶᠢᠨ ᠬᠠᠭᠠᠨ ᠭᠠᠷᠴᠤ ᠢᠷᠡᠭᠡᠳ ᠰᠢᠳᠢᠮ ᠤᠨ ᠬᠥᠨᠳᠡᠢ ᠳᠦ ᠵᠢᠭᠰᠠᠪᠠ᠃ 9 ᠲᠡᠭᠡᠭᠡᠳ ᠲᠡᠳᠡ ᠡᠯᠠᠮ ᠤᠨ ᠬᠠᠭᠠᠨ ᠬᠧᠳᠣᠷᠯᠠᠣᠮᠧᠷ᠂ ᠭᠣᠢᠮ ᠤᠨ ᠬᠠᠭᠠᠨ ᠲᠢᠳᠠᠯ᠂ ᠱᠢᠨᠠᠷ ᠤᠨ ᠬᠠᠭᠠᠨ ᠠᠮᠷᠠᠹᠧᠯ᠂ ᠡᠯᠠᠰᠠᠷ ᠤᠨ ᠬᠠᠭᠠᠨ ᠠᠷᠢᠶᠣᠺ ᠨᠠᠷ ᠲᠠᠢ ᠳᠠᠢᠲᠤᠭᠰᠠᠨ ᠪᠤᠶᠤ ᠲᠠᠪᠤᠨ ᠬᠠᠭᠠᠨ ᠤ ᠡᠰᠡᠷᠭᠦ ᠳᠥᠷᠪᠡᠨ ᠬᠠᠭᠠᠨ ᠭᠠᠷᠴᠠᠢ᠃ 10 ᠰᠢᠳᠢᠮ ᠤᠨ ᠬᠥᠨᠳᠡᠢ ᠳᠦ ᠳᠠᠪᠠᠷᠬᠠᠢᠲᠤ ᠨᠦᠬᠡ ᠡ᠊ᠨᠳᠡ ᠲᠡᠨᠳᠡ ᠦᠭᠡᠢ ᠪᠠᠢᠭᠰᠠᠨ ᠪᠥᠭᠡᠳ ᠰᠣᠳᠣᠮ᠂ ᠭᠣᠮᠣᠷᠠ ᠶᠢᠨ ᠬᠠᠭᠠᠳ ᠵᠢᠭᠤᠲᠠᠬᠤ ᠳᠤ ᠴᠡᠷᠢᠭ ᠤᠨ ᠬᠢᠨᠢ ᠵᠠᠷᠢᠮ ᠨᠢ ᠲᠡᠭᠦᠨ ᠳᠦ ᠤᠨᠠᠵᠤ᠂ ᠦᠯᠡᠳᠡᠭᠰᠡᠨ ᠨᠢ ᠠᠭᠤᠯᠠ ᠤᠷᠤᠭᠤ ᠵᠢᠭᠤᠲᠠᠵᠠᠭᠠᠪᠠ᠃ 11 ᠳᠥᠷᠪᠡᠨ ᠬᠠᠭᠠᠨ ᠰᠣᠳᠣᠮ᠂ ᠭᠣᠮᠣᠷᠠ ᠳᠤ ᠪᠠᠢᠭ᠎ᠠ ᠠᠯᠢᠪᠠ ᠡᠳ᠋ ᠬᠥᠷᠥᠩᠭᠡ᠂ ᠬᠣᠭᠣᠯᠠ ᠬᠦᠨᠡᠰᠦ ᠶᠢ ᠲᠣᠨᠣᠵᠤ ᠠᠪᠤᠭᠠᠳ ᠶᠠᠪᠤᠵᠠᠭᠠᠪᠠ᠃ 12 ᠠᠪᠷᠠᠮ ᠤᠨ ᠠᠴᠢ ᠬᠦᠦ ᠯᠣᠲ ᠴᠤ ᠰᠣᠳᠣᠮ ᠳᠤ ᠰᠠᠭᠤᠵᠤ ᠪᠠᠢᠭᠰᠠᠨ ᠤᠴᠢᠷ ᠲᠡᠳᠡ ᠲᠡᠭᠦᠨ ᠢ ᠡᠳ᠋ ᠶᠠᠭᠤᠮᠠᠰ ᠲᠠᠢ ᠨᠢ ᠬᠠᠮᠲᠤ ᠣᠯᠵᠠᠯᠠᠨ ᠣᠳᠴᠠᠢ᠃
13 ᠲᠡᠭᠡᠲᠡᠯ᠎ᠡ ᠨᠢᠭᠡᠨ ᠬᠥᠮᠦᠨ ᠵᠢᠭᠤᠲᠠᠵᠤ ᠢᠷᠡᠭᠡᠳ ᠢᠪᠷᠠᠢ ᠬᠥᠮᠦᠨ ᠠᠪᠷᠠᠮ ᠳᠤ ᠳᠤᠭᠤᠯᠭᠠᠪᠠ᠃ ᠲᠡᠷᠡ ᠦᠶ᠎ᠡ ᠳᠦ ᠠᠪᠷᠠᠮ ᠠᠮᠣᠷᠢ ᠬᠥᠮᠦᠨ ᠮᠠᠮᠷᠧ ᠶᠢᠨ ᠴᠠᠷᠠᠰᠤᠨ ᠮᠣᠳᠣ ᠲᠠᠢ ᠭᠠᠵᠠᠷ ᠲᠤ ᠰᠠᠭᠤᠵᠤ ᠪᠠᠢᠵᠠᠢ᠃ ᠡᠱᠺᠣᠯ᠂ ᠠᠨᠧᠷ ᠬᠣᠶᠠᠷ ᠪᠣᠯ ᠮᠠᠮᠷᠧ ᠶᠢᠨ ᠠᠬ᠎ᠠ ᠳᠡᠭᠦᠦ ᠪᠥᠭᠡᠳ ᠲᠡᠳᠡ ᠭᠤᠷᠪᠠᠭᠤᠯᠠ ᠪᠠᠨ ᠠᠪᠷᠠᠮ ᠤᠨ ᠬᠣᠯᠪᠣᠭᠠᠲᠠᠨ ᠪᠠᠢᠵᠠᠢ᠃ 14 ᠠᠪᠷᠠᠮ ᠠᠴᠢ ᠬᠦᠦ ᠶᠢᠨ ᠢᠶᠠᠨ ᠣᠯᠵᠠᠯᠠᠭᠳᠠᠭᠰᠠᠨ ᠢ ᠰᠣᠨᠣᠰᠣᠭᠠᠳ ᠭᠡᠷ ᠲᠤᠨᠢ ᠲᠥᠷᠥᠭᠰᠡᠨ᠂ ᠰᠤᠷᠭᠠᠭᠤᠯᠢᠯ ᠲᠠᠢ ᠭᠤᠷᠪᠠᠨ ᠵᠠᠭᠤ ᠠᠷᠪᠠᠨ ᠨᠠᠢ᠌ᠮᠠᠨ ᠵᠠᠷᠤᠴᠠ ᠪᠠᠨ ᠳᠠᠢᠴᠢᠯᠠᠨ᠂ ᠳ᠋ᠠᠨ ᠬᠦᠷᠲᠡᠯ᠎ᠡ ᠨᠡᠬᠡᠭᠰᠡᠨ ᠪᠠᠢᠨ᠎ᠠ᠃ 15 ᠠᠪᠷᠠᠮ ᠰᠥᠨᠢ ᠳᠥᠯᠢ ᠪᠠᠷ ᠵᠠᠷᠤᠴᠠ ᠨᠠᠷ ᠢᠶᠠᠨ ᠬᠡᠰᠡᠭ ᠬᠤᠪᠢᠶᠠᠵᠤ ᠳᠣᠪᠲᠣᠯᠣᠭᠤᠯᠪᠠ᠃ ᠲᠡᠳᠡ ᠳᠠᠢᠰᠤᠨ ᠢᠶᠠᠨ ᠪᠤᠲᠠ ᠴᠣᠬᠢᠭᠠᠳ ᠳ᠋ᠠᠮᠠᠰᠺᠦ᠋ᠰ ᠤᠨ ᠵᠡᠭᠦᠨ ᠲᠠᠯ᠎ᠠ ᠳᠠᠬᠢ ᠾᠣᠪᠠ ᠬᠦᠷᠲᠡᠯ᠎ᠡ ᠬᠥᠭᠡᠭᠡᠪᠡ᠃ 16 ᠠᠪᠷᠠᠮ ᠪᠦᠬᠦ ᠡᠳ᠋ ᠬᠥᠷᠥᠩᠭᠡ ᠶᠢ ᠪᠤᠴᠠᠭᠠᠨ ᠠᠪᠤᠪᠠ᠃ ᠠᠴᠢ ᠬᠦᠦ ᠯᠣᠲ ᠢᠶᠠᠨ ᠴᠤ ᠡᠳ᠋ ᠬᠥᠷᠥᠩᠭᠡ ᠲᠡᠢ ᠨᠢ ᠬᠠᠮᠲᠤ᠂ ᠪᠠᠰᠠ ᠡᠮᠡᠭᠲᠡᠢᠴᠦᠳ ᠪᠣᠯᠣᠨ ᠪᠤᠰᠤᠳ ᠣᠯᠠᠨ ᠢ ᠡᠷᠭᠢᠭᠦᠯᠦᠨ ᠠᠪᠴᠢᠷᠠᠵᠠᠢ᠃
17 ᠠᠪᠷᠠᠮ ᠬᠧᠳᠣᠷᠯᠠᠣᠮᠧᠷ ᠢ ᠬᠠᠮᠰᠠᠭᠠᠲᠠᠨ ᠬᠠᠭᠠᠳ ᠲᠠᠢ ᠨᠢ ᠪᠤᠲᠠ ᠴᠣᠬᠢᠭᠠᠳ ᠪᠤᠴᠠᠵᠤ ᠢᠷᠡᠬᠦ ᠳᠦ᠂ ᠰᠣᠳᠣᠮ ᠤᠨ ᠬᠠᠭᠠᠨ ᠱᠠᠸᠧ ᠶᠢᠨ ᠬᠥᠨᠳᠡᠢ᠂ ᠥᠭᠡᠷ᠎ᠡ ᠪᠡᠷ ᠬᠡᠯᠡᠪᠡᠯ ᠬᠠᠭᠠᠨ ᠤ ᠬᠥᠨᠳᠡᠢ ᠳᠦ ᠲᠡᠭᠦᠨ ᠢ ᠤᠭᠲᠤᠪᠠ᠃ 18 ᠲᠡᠭᠡᠬᠦ ᠳᠦ ᠰᠠᠯᠧᠮ 23 ᠤᠨ ᠬᠠᠭᠠᠨ ᠮᠧᠯᠬᠢᠽᠧᠳᠧᠺ ᠪᠣᠣᠪᠣ᠂ ᠳᠠᠷᠠᠰᠤ ᠠᠪᠤᠭᠠᠳ ᠭᠠᠷᠴᠤ ᠢᠷᠡᠵᠡᠢ᠃ ᠲᠡᠷᠡ ᠪᠡᠷ ᠳᠡᠭᠡᠳᠦ ᠶᠢᠨ ᠳᠡᠭᠡᠳᠦ ᠪᠤᠷᠬᠠᠨ ᠤ ᠲᠠᠬᠢᠯᠴᠢ ᠪᠠᠢᠪᠠ᠃ 19 ᠮᠧᠯᠬᠢᠽᠧᠳᠧᠺ ᠠᠪᠷᠠᠮ ᠢ ᠢᠷᠥᠭᠡᠵᠦ᠄ 《ᠲᠩᠷᠢ ᠭᠠᠵᠠᠷ ᠢ ᠪᠦᠲᠦᠭᠡᠭᠴᠢ ᠳᠡᠭᠡᠳᠦ ᠶᠢᠨ ᠳᠡᠭᠡᠳᠦ ᠪᠤᠷᠬᠠᠨ ᠠᠪᠷᠠᠮ ᠲᠠᠨ ᠢ ᠢᠪᠡᠭᠡᠬᠦ ᠪᠣᠯᠲᠤᠭᠠᠢ︕
20 ᠪᠠᠰᠠ ᠲᠠᠨ ᠤ ᠳᠠᠢᠰᠤᠨ ᠢ ᠭᠠᠷ ᠲᠤ ᠴᠢᠨᠢ ᠲᠤᠰᠢᠶᠠᠭᠰᠠᠨ ᠳᠡᠭᠡᠳᠦ ᠶᠢᠨ ᠳᠡᠭᠡᠳᠦ ᠪᠤᠷᠬᠠᠨ ᠮᠠᠭᠲᠠᠭᠳᠠᠬᠤ ᠪᠣᠯᠲᠤᠭᠠᠢ︕》
ᠭᠡᠪᠡ᠃ ᠠᠪᠷᠠᠮ ᠲᠡᠭᠦᠨ ᠳᠦ ᠪᠦᠬᠦᠨ ᠦ ᠪᠠᠨ ᠠᠷᠪᠠᠨ ᠤ ᠨᠢᠭᠡ ᠶᠢ ᠥᠭᠴᠡᠢ᠃ 21 ᠰᠣᠳᠣᠮ ᠤᠨ ᠬᠠᠭᠠᠨ ᠠᠪᠷᠠᠮ ᠳᠤ᠄ 《ᠬᠥᠮᠦᠰ ᠢ ᠯᠠ ᠪᠤᠴᠠᠭᠠᠵᠤ᠂ ᠡᠳ᠋ ᠬᠥᠷᠥᠩᠭᠡ ᠶᠢ ᠨᠢ ᠴᠢ ᠥᠪᠡᠷ ᠲᠡᠭᠡᠨ ᠠᠪ》 ᠭᠡᠰᠡᠨ ᠳᠦ᠂ 22 ᠠᠪᠷᠠᠮ ᠰᠣᠳᠣᠮ ᠤᠨ ᠬᠠᠭᠠᠨ ᠳᠤ᠄ 《ᠲᠩᠷᠢ ᠭᠠᠵᠠᠷ ᠢ ᠪᠦᠲᠦᠭᠡᠭᠴᠢ ᠬᠠᠮᠤᠭ ᠤᠨ ᠳᠡᠭᠡᠳᠦ ᠪᠤᠷᠬᠠᠨ ᠶᠣᠬᠣᠸᠠ ᠳᠤ ᠪᠢ ᠭᠠᠷ ᠢᠶᠠᠨ ᠡᠷᠭᠦᠨ ᠲᠠᠩ᠋ᠭᠠᠷᠢᠭᠯᠠᠶ᠎ᠠ᠂ 23 ᠴᠢᠨᠦᠬᠢ ᠭᠡᠭᠳᠡᠬᠦ ᠶᠠᠭᠤᠮᠠᠨ ᠠᠴᠠ ᠪᠢ ᠰᠢᠷᠬᠡᠭ ᠤᠲᠠᠰᠤ᠂ ᠱᠠᠬᠠᠢ ᠶᠢᠨ ᠣᠭᠣᠰᠣᠷ ᠴᠤ ᠠᠪᠬᠤ ᠦᠭᠡᠢ᠂ ᠡᠢᠮᠦ ᠡᠴᠡ ᠲᠠ᠄ 〈ᠠᠪᠷᠠᠮ ᠮᠢᠨᠦ ᠠᠴᠢ ᠪᠠᠷ ᠪᠠᠶᠠᠨ ᠪᠣᠯᠣᠭᠰᠠᠨ ᠶᠤᠮ〉 ᠭᠡᠵᠦ ᠬᠡᠵᠢᠶ᠎ᠡ ᠴᠤ ᠪᠦᠦ ᠶᠠᠷᠢ᠃ 24 ᠭᠠᠭᠴᠠ ᠬᠦ ᠮᠠᠨ ᠤ ᠵᠠᠷᠤᠴᠠ ᠨᠠᠷ ᠤᠨ ᠢᠳᠡᠭᠰᠡᠨ ᠵᠦᠢᠯ ᠬᠢᠭᠡᠳ ᠨᠠᠳᠠ ᠲᠠᠢ ᠴᠤᠭ ᠶᠠᠪᠤᠭᠰᠠᠨ ᠠᠨᠧᠷ᠂ ᠡᠱᠺᠣᠯ᠂ ᠮᠠᠮᠷᠧ ᠨᠠᠷ ᠤᠨ ᠬᠤᠪᠢ ᠡᠴᠡ ᠥᠭᠡᠷ᠎ᠡ ᠶᠠᠭᠤ ᠶᠢ ᠴᠤ ᠠᠪᠬᠤ ᠦᠭᠡᠢ᠃ ᠲᠡᠳᠡ ᠬᠤᠪᠢ ᠪᠠᠨ ᠬᠦᠷᠲᠡᠬᠦ ᠨᠢ ᠵᠦᠢ ᠲᠡᠢ》 ᠭᠡᠵᠡᠢ᠃