ᠡᠬᠢᠯᠡᠯ ᠬᠣᠷᠢᠨ ᠳᠥᠷᠪᠡ
ᠢᠰᠠᠺ ᠷᠧᠪᠧᠺᠠ ᠶᠢᠨ ᠭᠡᠷᠯᠡᠯᠲᠡ
1 ᠠᠪᠷᠠᠬᠠᠮ ᠨᠠᠰᠤ ᠥᠲᠡᠯᠦᠭᠰᠡᠨ ᠪᠥᠭᠡᠳ ᠶᠣᠬᠣᠸᠠ ᠠᠪᠷᠠᠬᠠᠮ ᠢ ᠪᠦᠬᠦᠢᠯᠡ ᠲᠠᠯ᠎ᠠ ᠪᠠᠷ ᠢᠪᠡᠭᠡᠪᠡ᠃ 2 ᠠᠪᠷᠠᠬᠠᠮ ᠭᠡᠷ ᠦᠨ ᠬᠢᠨᠢ ᠪᠦᠬᠦ ᠬᠡᠷᠡᠭ ᠢ ᠬᠠᠷᠢᠭᠤᠴᠠᠳᠠᠭ ᠬᠠᠮᠤᠭ ᠤᠨ ᠠᠬᠠᠮᠠᠳ ᠵᠠᠷᠤᠴᠠ ᠳᠠᠭᠠᠨ᠄ 《ᠮᠢᠨᠦ ᠬᠥᠯ ᠦᠨ ᠬᠣᠭᠣᠷᠣᠨᠳᠣ ᠭᠠᠷ ᠢᠶᠠᠨ ᠲᠠᠯᠪᠢ᠃ 3 ᠪᠢ ᠴᠢᠮᠠᠶᠢ ᠲᠩᠷᠢ ᠶᠢᠨ ᠪᠤᠷᠬᠠᠨ᠂ ᠭᠠᠵᠠᠷ ᠤᠨ ᠪᠤᠷᠬᠠᠨ ᠪᠣᠯᠬᠤ ᠶᠣᠬᠣᠸᠠ ᠶᠢᠨ ᠨᠡᠷ᠎ᠡ ᠪᠡᠷ ᠲᠠᠩ᠋ᠭᠠᠷᠢᠭᠯᠠᠭᠤᠯᠤᠶᠠ᠃ ᠴᠢ ᠮᠢᠨᠦ ᠬᠦᠦ ᠶᠢᠨ ᠡᠬᠡᠨᠡᠷ ᠪᠣᠯᠬᠤ ᠬᠥᠮᠦᠨ ᠢ ᠮᠢᠨᠦ ᠰᠠᠭᠤᠵᠤ ᠪᠠᠢᠭ᠎ᠠ ᠺᠠᠨᠠᠨ ᠨᠤᠲᠤᠭ ᠠᠴᠠ ᠰᠣᠩ᠋ᠭᠣᠯ ᠦᠭᠡᠢ᠂ 4 ᠮᠢᠨᠦ ᠨᠤᠲᠤᠭ ᠲᠤ᠂ ᠲᠥᠷᠥᠯ ᠲᠥᠷᠥᠭᠰᠡᠳ ᠲᠦ ᠮᠢᠨᠢ ᠣᠴᠢᠵᠤ᠂ ᠬᠦᠦ ᠢᠰᠠᠺ ᠲᠤ ᠮᠢᠨᠢ ᠡᠬᠡᠨᠡᠷ ᠠᠪᠴᠤ ᠥᠭᠬᠦ ᠶᠢ ᠲᠠᠩ᠋ᠭᠠᠷᠢᠭᠯᠠ》 ᠭᠡᠪᠡ᠃ 5 ᠵᠠᠷᠤᠴᠠ ᠨᠢ᠄ 《ᠬᠡᠷᠪᠡ ᠲᠡᠷᠡ ᠡᠮᠡᠭᠲᠡᠢ ᠨᠠᠮᠠᠶᠢ ᠳᠠᠭᠠᠵᠤ ᠡᠨᠡ ᠨᠤᠲᠤᠭ ᠲᠤ ᠢᠷᠡᠬᠦ ᠳᠤᠷ᠎ᠠ ᠦᠭᠡᠢ ᠪᠣᠯ ᠶᠠᠭᠠᠬᠢᠬᠤ ᠪᠤᠢ︖ ᠲᠡᠭᠡᠪᠡᠯ ᠪᠢ ᠲᠠᠨ ᠤ ᠬᠦᠦ ᠶᠢ ᠡᠬᠡ ᠨᠤᠲᠤᠭ ᠤᠷᠤᠭᠤ ᠴᠢᠨᠢ ᠪᠤᠴᠠᠭᠠᠵᠤ ᠠᠪᠠᠴᠢᠬᠤ ᠤᠤ︖》 ᠭᠡᠵᠦ ᠠᠰᠠᠭᠤᠵᠠᠢ᠃ 6 ᠠᠪᠷᠠᠬᠠᠮ ᠲᠡᠭᠦᠨ ᠳᠦ᠄ 《ᠠᠩ᠋ᠬᠠᠷᠤᠭᠲᠤᠨ᠂ ᠴᠢ ᠮᠢᠨᠦ ᠬᠦᠦ ᠶᠢ ᠲᠡᠨᠳᠡ ᠠᠪᠠᠴᠢᠵᠤ ᠪᠣᠯᠬᠤ ᠦᠭᠡᠢ᠃ 7 ᠨᠠᠮᠠᠶᠢ ᠡᠴᠢᠭᠡ ᠶᠢᠨ ᠮᠢᠨᠢ ᠭᠡᠷ ᠡᠴᠡ᠂ ᠲᠥᠷᠥᠭᠰᠡᠨ ᠨᠤᠲᠤᠭ ᠠᠴᠠ ᠮᠢᠨᠢ ᠠᠪᠴᠢᠷᠠᠵᠤ᠂ ᠡᠨᠡ ᠭᠠᠵᠠᠷ ᠨᠤᠲᠤᠭ ᠢ ᠮᠢᠨᠦ ᠦᠷ᠎ᠡ ᠤᠳᠤᠮ ᠳᠤ ᠥᠭᠭᠥᠨ᠎ᠡ ᠭᠡᠵᠦ ᠨᠠᠳᠠ ᠳᠤ ᠲᠠᠩ᠋ᠭᠠᠷᠢᠭᠯᠠᠨ ᠬᠡᠯᠡᠭᠰᠡᠨ ᠲᠩᠷᠢ ᠶᠢᠨ ᠪᠤᠷᠬᠠᠨ ᠶᠣᠬᠣᠸᠠ ᠲᠩᠷᠢ ᠡᠯᠴᠢ ᠪᠠᠨ ᠴᠢᠨᠦ ᠡᠮᠦᠨ᠎ᠡ ᠶᠠᠪᠤᠭᠤᠯᠵᠤ᠂ ᠴᠢᠮ᠎ᠠ ᠪᠠᠷ ᠮᠢᠨᠦ ᠬᠦᠦ ᠳᠦ ᠡᠬᠡᠨᠡᠷ ᠠᠪᠴᠢᠷᠠᠭᠤᠯᠬᠤ ᠪᠣᠯᠣᠨ᠎ᠠ᠃ 8 ᠬᠡᠷᠪᠡ ᠲᠡᠷᠡ ᠡᠮᠡᠭᠲᠡᠢ ᠴᠢᠮᠠᠶᠢ ᠳᠠᠭᠠᠵᠤ ᠢᠷᠡᠬᠦ ᠳᠤᠷ᠎ᠠ ᠦᠭᠡᠢ ᠪᠣᠯ᠂ ᠴᠢ ᠡᠨᠡ ᠲᠠᠩ᠋ᠭᠠᠷᠢᠭ ᠠᠴᠠ ᠮᠢᠨᠢ ᠴᠢᠯᠥᠭᠡᠯᠡᠭᠳᠡᠬᠦ ᠪᠣᠯᠣᠨ᠎ᠠ᠃ ᠬᠠᠷᠢᠨ ᠴᠢ ᠬᠦᠦ ᠶᠢ ᠮᠢᠨᠢ ᠪᠢᠲᠡᠭᠡᠢ ᠲᠡᠰᠢ ᠨᠢ ᠠᠪᠠᠴᠢᠭᠠᠷᠠᠢ》 ᠭᠡᠪᠡ᠃ 9 ᠲᠡᠭᠡᠭᠡᠳ ᠵᠠᠷᠤᠴᠠ ᠡᠵᠡᠨ ᠠᠪᠷᠠᠬᠠᠮ ᠤᠨ ᠢᠶᠠᠨ ᠬᠥᠯ ᠦᠨ ᠬᠣᠭᠣᠷᠣᠨᠳᠣ ᠭᠠᠷ ᠢᠶᠠᠨ ᠲᠠᠯᠪᠢᠵᠤ᠂ ᠡᠨᠡ ᠶᠠᠪᠤᠳᠠᠯ ᠤᠨ ᠲᠠᠯ᠎ᠠ ᠪᠠᠷ ᠲᠡᠭᠦᠨ ᠳᠦ ᠲᠠᠩ᠋ᠭᠠᠷᠢᠭᠯᠠᠪᠠ᠃
10 ᠲᠡᠭᠡᠭᠡᠳ ᠲᠡᠷᠡ ᠵᠠᠷᠤᠴᠠ ᠡᠵᠡᠨ ᠦ ᠪᠠᠨ ᠲᠡᠮᠡᠭᠡᠨ ᠡᠴᠡ ᠠᠷᠪᠠ ᠶᠢ ᠠᠪᠴᠤ᠂ ᠡᠵᠡᠨ ᠡᠴᠡ ᠪᠡᠨ ᠶᠠᠩᠵᠤ ᠪᠦᠷᠢ ᠶᠢᠨ ᠰᠠᠢᠨ ᠡᠳ᠋ᠯᠡᠯ ᠠᠪᠤᠭᠠᠳ᠂ ᠬᠣᠶᠠᠷ ᠮᠥᠷᠡᠨ ᠦ ᠬᠣᠭᠣᠷᠣᠨᠳᠣᠬᠢ ᠠᠷᠠᠮ ᠲᠡᠰᠢ ᠮᠣᠷᠳᠠᠨ ᠶᠠᠪᠤᠵᠤ᠂ ᠨᠠᠬᠣᠷ ᠤᠨ ᠬᠣᠲᠠ ᠳᠤ ᠬᠦᠷᠴᠡᠢ᠃ 11 ᠲᠡᠷᠡ ᠬᠣᠲᠠ ᠶᠢᠨ ᠭᠠᠳᠠᠨᠠᠬᠢ ᠬᠤᠳᠳᠤᠭ ᠤᠨ ᠳᠡᠷᠭᠡᠳᠡ ᠲᠡᠮᠡᠭᠡᠳ ᠢᠶᠡᠨ ᠬᠡᠪᠲᠡᠭᠦᠯᠬᠦ ᠳᠦ᠂ ᠦᠳᠡᠰᠢ ᠶᠢᠨ ᠦᠶ᠎ᠡ᠂ ᠲᠤᠬᠠᠢᠯᠠᠪᠠᠯ ᠡᠮᠡᠭᠲᠡᠢᠴᠦᠳ ᠦᠨ ᠤᠰᠤ ᠠᠪᠬᠤ ᠪᠠᠷ ᠭᠠᠷᠳᠠᠭ ᠴᠠᠭ ᠪᠣᠯᠵᠠᠢ᠃ 12 ᠲᠡᠷᠡ ᠭᠤᠶᠤᠬᠤ ᠳᠠᠭᠠᠨ᠄ 《ᠮᠢᠨᠦ ᠡᠵᠡᠨ ᠠᠪᠷᠠᠬᠠᠮ ᠤᠨ ᠪᠤᠷᠬᠠᠨ ᠶᠣᠬᠣᠸᠠ᠂ ᠲᠠ ᠥᠨᠥᠳᠥᠷ ᠲᠡᠭᠦᠨ ᠢ ᠨᠠᠳᠠ ᠲᠠᠢ ᠠᠭᠤᠯᠵᠠᠭᠤᠯᠵᠤ ᠮᠢᠨᠦ ᠡᠵᠡᠨ ᠠᠪᠷᠠᠬᠠᠮ ᠳᠤ ᠬᠠᠢᠷ᠎ᠠ ᠡᠨᠡᠷᠢᠯ ᠦᠵᠡᠭᠦᠯᠦᠨ᠎ᠡ ᠤᠤ︖ 13 ᠵᠠ᠂ ᠪᠢ ᠬᠤᠳᠳᠤᠭ ᠤᠨ ᠳᠡᠷᠭᠡᠳᠡ ᠵᠣᠭᠰᠣᠶ᠎ᠠ᠃ ᠬᠣᠲᠠ ᠶᠢᠨ ᠥᠬᠢᠳ ᠤᠰᠤ ᠠᠪᠬᠤ ᠪᠠᠷ ᠭᠠᠷᠬᠤ ᠳᠤ᠂ ᠪᠢ 14 ᠨᠢᠭᠡᠨ ᠥᠬᠢᠨ ᠡᠴᠡ᠄ 〈ᠸᠠᠭᠠᠷ ᠢᠶᠠᠨ ᠲᠣᠩ᠋ᠭᠣᠢᠯᠭᠠᠵᠤ᠂ ᠨᠠᠳᠠ ᠳᠤ ᠤᠰᠤᠨ ᠠᠴᠠ ᠪᠠᠨ ᠤᠤᠭᠤᠯᠭᠠᠨ᠎ᠠ ᠤᠤ︖〉 ᠭᠡᠵᠦ ᠭᠤᠶᠤᠶ᠎ᠠ᠃ ᠬᠡᠷᠪᠡ ᠲᠡᠷᠡ᠄ 〈ᠤᠤᠭᠤ᠂ ᠤᠤᠭᠤ᠂ ᠪᠢ ᠲᠠᠨ ᠤ ᠲᠡᠮᠡᠭᠡᠳ ᠢ ᠴᠤ ᠤᠰᠤᠯᠠᠵᠤ ᠥᠭᠭᠥᠶ᠎ᠡ〉 ᠭᠡᠵᠦ ᠬᠡᠯᠡᠪᠡᠯ᠂ ᠲᠡᠷᠡ ᠡᠮᠡᠭᠲᠡᠢ ᠨᠢ ᠲᠠᠨ ᠤ ᠵᠠᠷᠤᠴᠠ ᠢᠰᠠᠺ ᠲᠠᠭᠠᠨ ᠵᠠᠶᠠᠭᠠᠭᠰᠠᠨ ᠬᠥᠮᠦᠨ ᠨᠢ ᠪᠠᠢᠭ᠂ ᠮᠢᠨᠦ ᠡᠵᠡᠨ ᠳᠦ ᠬᠠᠢᠷ᠎ᠠ ᠡᠨᠡᠷᠢᠯ ᠦᠵᠡᠭᠦᠯᠦᠭᠰᠡᠨ ᠢ ᠲᠠᠨᠢ ᠡᠭᠦᠨ ᠢᠶᠡᠷ ᠪᠢ ᠮᠡᠳᠡᠨ᠎ᠡ》 ᠭᠡᠪᠡ᠃
15 ᠦᠭᠡ ᠪᠡᠨ ᠬᠡᠯᠡᠵᠦ ᠳᠠᠭᠤᠰᠤᠭ᠎ᠠ ᠦᠭᠡᠢ ᠪᠠᠢᠲᠠᠯ᠎ᠠ ᠨᠢ ᠮᠥᠷᠥᠨ ᠳᠡᠭᠡᠷ᠎ᠡ ᠪᠡᠨ ᠸᠠᠭᠠᠷ ᠲᠠᠯᠪᠢᠭᠰᠠᠨ ᠷᠧᠪᠧᠺᠠ ᠭᠠᠷᠴᠤ ᠢᠷᠡᠪᠡ᠃ ᠲᠡᠷᠡ ᠪᠣᠯ ᠠᠪᠷᠠᠬᠠᠮ ᠤᠨ ᠳᠡᠭᠦᠦ ᠨᠠᠬᠣᠷ ᠤᠨ ᠡᠬᠡᠨᠡᠷ ᠮᠢᠯᠺᠠ ᠶᠢᠨ ᠬᠦᠦ ᠪᠧᠲ᠋ᠦ᠋ᠶᠧᠯ ᠤᠨ ᠥᠬᠢᠨ ᠶᠤᠮ᠃ 16 ᠲᠡᠷᠡ ᠮᠠᠰᠢ ᠭᠣᠶᠣ ᠦᠵᠡᠰᠬᠦᠯᠡᠩ᠂ ᠡᠳᠦᠢ ᠬᠦᠷᠲᠡᠯ᠎ᠡ ᠡᠷ᠎ᠡ ᠬᠥᠮᠦᠨ ᠲᠡᠢ ᠣᠢᠷᠠᠲᠤᠭ᠎ᠠ ᠦᠭᠡᠢ ᠣᠩ᠋ᠭᠣᠨ ᠥᠬᠢᠨ ᠪᠠᠢᠵᠠᠢ᠃ ᠲᠡᠷᠡ ᠡᠮᠡᠭᠲᠡᠢ ᠬᠤᠳᠳᠤᠭ ᠤᠷᠤᠭᠤ ᠣᠴᠢᠵᠤ᠂ ᠸᠠᠭᠠᠷ ᠢᠶᠠᠨ ᠳᠦᠭᠦᠷᠭᠡᠭᠡᠳ ᠳᠡᠭᠡᠭᠰᠢ ᠭᠠᠷᠴᠤ ᠢᠷᠡᠬᠦ ᠳᠦ᠂ 17 ᠵᠠᠷᠤᠴᠠ ᠭᠦᠶᠦᠵᠦ ᠣᠴᠢᠨ ᠲᠡᠭᠦᠨ ᠲᠡᠢ ᠠᠭᠤᠯᠵᠠᠭᠠᠳ᠄ 《ᠴᠢ ᠨᠠᠳᠠ ᠳᠤ ᠸᠠᠭᠠᠷ ᠲᠠᠢ ᠤᠰᠤᠨ ᠠᠴᠠ ᠪᠠᠨ ᠵᠢᠭᠠᠬᠠᠨ ᠤᠤᠭᠤᠯᠭᠠᠨ᠎ᠠ ᠤᠤ︖》 ᠭᠡᠰᠡᠨ ᠳᠦ᠂ 18 ᠲᠡᠷᠡ᠄ 《ᠡᠵᠡᠨᠲᠡᠨ ᠮᠢᠨᠢ᠂ ᠤᠤᠭᠤ︕》 ᠭᠡᠳ ᠳᠠᠷᠤᠢᠬᠠᠨ ᠸᠠᠭᠠᠷ ᠢᠶᠠᠨ ᠭᠠᠷ ᠳᠡᠭᠡᠷ᠎ᠡ ᠪᠡᠨ ᠪᠠᠭᠤᠯᠭᠠᠵᠤ ᠤᠤᠭᠤᠯᠭᠠᠪᠠ᠃ 19 ᠲᠡᠷᠡ ᠡᠮᠡᠭᠲᠡᠢ ᠲᠡᠭᠦᠨ ᠳᠦ ᠤᠰᠤ ᠤᠤᠭᠤᠯᠭᠠᠵᠤ ᠳᠠᠭᠤᠰᠤᠭᠠᠳ᠄ 《ᠪᠢ ᠳᠠᠬᠢᠨ ᠤᠰᠤ ᠤᠳᠬᠤᠵᠤ᠂ ᠲᠠᠨ ᠤ ᠲᠡᠮᠡᠭᠡᠳ ᠢ ᠴᠤ ᠬᠠᠨᠤᠲᠠᠯ᠎ᠠ ᠨᠢ ᠤᠰᠤᠯᠠᠵᠤ ᠥᠭᠭᠥᠶ᠎ᠡ》 ᠭᠡᠵᠦ ᠬᠡᠯᠡᠪᠡ᠃ 20 ᠲᠡᠷᠡ ᠪᠡᠷ ᠸᠠᠭᠠᠷ ᠲᠠᠢ ᠤᠰᠤ ᠪᠠᠨ ᠣᠩ᠋ᠭᠣᠴᠠᠨ ᠳᠤ ᠲᠦᠷᠭᠡᠬᠡᠨ ᠶᠡᠭᠦᠯᠡᠭᠡᠳ᠂ ᠳᠠᠬᠢᠨ ᠤᠰᠤ ᠠᠪᠬᠤ ᠪᠠᠷ ᠬᠤᠳᠳᠤᠭ ᠤᠷᠤᠭᠤ ᠭᠦᠶᠦᠵᠦ᠂ ᠪᠦᠬᠦ ᠲᠡᠮᠡᠭᠡᠨ ᠳᠦ ᠥᠭᠬᠦ ᠪᠡᠷ ᠤᠰᠤ ᠤᠳᠬᠤᠨ ᠠᠪᠴᠢᠷᠠᠭᠰᠠᠭᠠᠷ ᠪᠠᠢᠯ᠎ᠠ᠃ 21 ᠨᠥᠭᠥᠭᠡ ᠬᠥᠮᠦᠨ ᠲᠡᠭᠦᠨ ᠢ ᠳᠠᠭᠤ ᠦᠭᠡᠢ ᠰᠢᠷᠲᠡᠨ᠂ ᠶᠣᠬᠣᠸᠠ ᠲᠡᠭᠦᠨ ᠦ ᠠᠶᠠᠨ ᠵᠠᠮ ᠢ ᠥᠭᠡᠳᠡ ᠲᠠᠢ ᠪᠣᠯᠭᠠᠭᠰᠠᠨ ᠡᠰᠡᠬᠦ ᠶᠢ ᠮᠡᠳᠡᠬᠦ ᠭᠡᠵᠦ ᠪᠠᠢᠯ᠎ᠠ᠃
22 ᠲᠡᠮᠡᠭᠡᠳ ᠨᠢ ᠤᠰᠤ ᠤᠤᠭᠤᠵᠤ ᠳᠠᠭᠤᠰᠤᠭᠰᠠᠨ ᠤ ᠳᠠᠷᠠᠭ᠎ᠠ᠂ ᠲᠡᠷᠡ ᠬᠥᠮᠦᠨ ᠬᠠᠭᠠᠰ ᠱᠧᠺᠧᠯ 39 ᠦᠨ ᠵᠢᠩ ᠲᠠᠢ ᠠᠯᠲᠠᠨ ᠭᠠᠷᠠᠬ᠎ᠠ᠂ ᠠᠷᠪᠠᠨ ᠱᠧᠺᠧᠯ 40 ᠦᠨ ᠵᠢᠩ ᠲᠠᠢ ᠬᠣᠣᠰ ᠠᠯᠲᠠᠨ ᠪᠠᠭᠤᠪᠴᠢ ᠭᠠᠷᠭᠠᠵᠤ᠄ 23 《ᠴᠢ ᠬᠡᠨ ᠦ ᠥᠬᠢᠨ ᠪᠤᠢ︖ ᠨᠠᠳᠠ ᠳᠤ ᠬᠡᠯᠡᠭᠡᠴᠢ᠃ ᠡᠴᠢᠭᠡ ᠶᠢᠨ ᠴᠢᠨᠢ ᠭᠡᠷ ᠲᠦ ᠪᠢᠳᠡᠨ ᠦ ᠬᠣᠨᠣᠭᠯᠠᠬᠤ ᠥᠷᠥᠭᠡ ᠪᠤᠢ ᠤᠤ︖》 ᠭᠡᠵᠦ ᠠᠰᠠᠭᠤᠭᠰᠠᠨ ᠳᠤ᠂ 24 ᠲᠡᠷᠡ᠄ 《ᠪᠢ ᠪᠣᠯ ᠪᠧᠲ᠋ᠦ᠋ᠶᠧᠯ ᠤᠨ ᠥᠬᠢᠨ᠂ ᠡᠪᠦᠭᠡ ᠮᠠᠨᠢ ᠨᠠᠬᠣᠷ᠂ ᠡᠮᠡᠭᠡ ᠮᠢᠨᠢ ᠮᠢᠯᠺᠠ ᠭᠡᠳᠡᠭ》 ᠭᠡᠳ᠂ 25 《ᠮᠠᠨ ᠤ ᠳᠤ ᠰᠦᠷᠡᠯ᠂ ᠡᠪᠡᠰᠦ ᠲᠡᠵᠢᠭᠡᠯ ᠠᠷᠪᠢᠨ᠂ ᠮᠥᠨ ᠬᠣᠨᠣᠭᠯᠠᠬᠤ ᠥᠷᠥᠭᠡ ᠴᠤ ᠪᠤᠢ》 ᠭᠡᠪᠡ᠃ 26 ᠲᠡᠭᠡᠭᠡᠳ ᠲᠡᠷᠡ ᠬᠥᠮᠦᠨ ᠲᠣᠯᠣᠭᠠᠢ ᠪᠥᠬᠥᠢᠨ ᠶᠣᠬᠣᠸᠠ ᠳᠤ ᠬᠦᠨᠳᠦᠳᠬᠡᠨ ᠮᠥᠷᠭᠥᠭᠡᠳ᠄ 27 《ᠮᠢᠨᠦ ᠡᠵᠡᠨ ᠠᠪᠷᠠᠬᠠᠮ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠶᠣᠬᠣᠸᠠ ᠮᠢᠨᠦ ᠡᠵᠡᠨ ᠡᠴᠡ ᠦᠨᠡᠨ ᠬᠠᠢᠷ᠎ᠠ ᠪᠠ ᠢᠲᠡᠭᠡᠮᠵᠢᠲᠦ ᠪᠠᠢᠳᠠᠯ ᠢᠶᠠᠨ ᠬᠠᠷᠠᠮᠨᠠᠭ᠎ᠠ ᠦᠭᠡᠢ ᠪᠥᠭᠡᠳ ᠮᠢᠨᠦ ᠠᠶᠠᠨ ᠵᠠᠮ ᠢ ᠴᠤ ᠬᠥᠲᠥᠯᠵᠦ᠂ ᠡᠵᠡᠨ ᠦ ᠮᠢᠨᠢ ᠳᠡᠭᠦᠦ ᠶᠢᠨ ᠭᠡᠷ ᠲᠦ ᠢᠷᠡᠭᠦᠯᠦᠭᠰᠡᠨ ᠪᠠᠢᠨ᠎ᠠ》 ᠭᠡᠪᠡ᠃
28 ᠲᠡᠷᠡ ᠥᠬᠢᠨ ᠭᠦᠶᠦᠨ ᠶᠠᠪᠤᠵᠤ ᠡᠵᠢ ᠶᠢᠨ ᠢᠶᠠᠨ ᠭᠡᠷ ᠪᠦᠯᠢ ᠶᠢᠨ ᠬᠢᠨ ᠳᠤ ᠡᠳᠡᠭᠡᠷ ᠦᠨ ᠲᠤᠬᠠᠢ ᠳᠤᠭᠤᠯᠭᠠᠪᠠ᠃ 29 ᠷᠧᠪᠧᠺᠠ ᠯᠠᠪᠠᠨ ᠭᠡᠳᠡᠭ ᠠᠬ᠎ᠠ ᠲᠠᠢ ᠪᠠᠢᠭᠰᠠᠨ ᠪᠥᠭᠡᠳ ᠲᠡᠷᠡ ᠪᠡᠷ ᠬᠤᠳᠳᠤᠭ ᠳᠡᠭᠡᠷ᠎ᠡ ᠪᠠᠢᠭᠰᠠᠨ ᠨᠥᠭᠥᠭᠡ ᠬᠥᠮᠦᠨ ᠤᠷᠤᠭᠤ ᠭᠦᠶᠦᠵᠦ ᠣᠴᠢᠯ᠎ᠠ᠃ 30 ᠲᠡᠷᠡ ᠪᠡᠷ ᠥᠬᠢᠨ ᠳᠡᠭᠦᠦ ᠶᠢᠨ ᠢᠶᠠᠨ ᠬᠠᠮᠠᠷ ᠲᠤ ᠪᠠᠢᠭ᠎ᠠ ᠭᠠᠷᠠᠬ᠎ᠠ᠂ ᠭᠠᠷ ᠲᠤ ᠪᠠᠢᠭ᠎ᠠ ᠪᠠᠭᠤᠪᠴᠢ ᠶᠢ ᠬᠠᠷᠠᠭᠠᠳ ᠪᠠᠰᠠ ᠨᠥᠭᠥᠭᠡ ᠬᠥᠮᠦᠨ ᠦ ᠳᠡᠭᠦᠦ ᠷᠧᠪᠧᠺᠠ ᠳᠤᠨᠢ ᠬᠡᠯᠡᠭᠰᠡᠨ ᠦᠭᠡ ᠶᠢ ᠰᠣᠨᠣᠰᠣᠭᠠᠳ ᠲᠡᠭᠦᠨ ᠦ ᠤᠷᠤᠭᠤ ᠣᠴᠢᠲᠠᠯ᠎ᠠ ᠲᠡᠷᠡ ᠪᠡᠷ ᠬᠤᠳᠳᠤᠭ ᠤᠨ ᠬᠠᠪᠢ ᠳᠤ ᠲᠡᠮᠡᠭᠡᠨ ᠦ ᠪᠠᠨ ᠳᠡᠷᠭᠡᠳᠡ ᠵᠣᠭᠰᠣᠵᠤ ᠪᠠᠢᠵᠠᠢ᠃ 31 ᠯᠠᠪᠠᠨ᠄ 《ᠪᠤᠷᠬᠠᠨ ᠤ ᠢᠪᠡᠭᠡᠯ ᠢ ᠬᠦᠷᠲᠡᠭᠰᠡᠨ ᠬᠥᠮᠦᠨ ᠲᠠ ᠮᠠᠨ ᠤ ᠳᠤ ᠣᠴᠢᠭᠠᠷᠠᠢ᠃ ᠲᠠ ᠶᠠᠭᠤᠨ ᠳᠤ ᠭᠠᠳᠠᠨ᠎ᠠ ᠵᠣᠭᠰᠣᠵᠤ ᠪᠠᠢᠨ᠎ᠠ ᠪᠤᠢ︖ ᠪᠢ ᠲᠠᠨ ᠳᠤ ᠥᠷᠥᠭᠡ᠂ ᠲᠡᠮᠡᠭᠡᠳ ᠲᠦ ᠴᠢᠨᠢ ᠬᠠᠰᠢᠶ᠎ᠠ ᠪᠡᠯᠡᠳᠬᠡᠭᠰᠡᠨ》 ᠭᠡᠰᠡᠨ ᠳᠦ᠂ 32 ᠨᠥᠭᠥᠭᠡ ᠬᠥᠮᠦᠨ ᠪᠠᠢᠰᠢᠩ ᠳᠤ ᠣᠷᠣᠪᠠ᠃ ᠯᠠᠪᠠᠨ ᠲᠡᠮᠡᠭᠡᠳ ᠦᠨ ᠬᠢᠨᠢ ᠠᠴᠢᠶ᠎ᠠ ᠶᠢ ᠪᠠᠭᠤᠯᠭᠠᠵᠤ᠂ ᠰᠦᠷᠡᠯ᠂ ᠡᠪᠡᠰᠦ ᠲᠡᠵᠢᠭᠡᠯ ᠠᠪᠴᠢᠷᠠᠵᠤ ᠥᠭᠭᠥᠭᠡᠳ᠂ ᠲᠡᠭᠦᠨ ᠳᠦ᠂ ᠪᠠᠰᠠ ᠲᠡᠭᠦᠨ ᠲᠡᠢ ᠬᠠᠮᠲᠤ ᠢᠷᠡᠭᠰᠡᠨ ᠡᠷᠡᠴᠦᠳ ᠲᠦ ᠬᠥᠯ ᠤᠬᠢᠶᠠᠬᠤ ᠤᠰᠤ ᠠᠪᠴᠢᠷᠠᠵᠤ ᠥᠭᠴᠡᠢ᠃ 33 ᠲᠡᠭᠡᠭᠡᠳ ᠲᠡᠭᠦᠨ ᠦ ᠡᠮᠦᠨ᠎ᠡ ᠬᠣᠭᠣᠯᠠ ᠤᠮᠳᠠ ᠠᠪᠴᠢᠷᠠᠵᠤ ᠲᠠᠯᠪᠢᠭᠰᠠᠨ ᠳᠤ ᠲᠡᠷᠡ ᠬᠥᠮᠦᠨ᠄ 《ᠪᠢ ᠠᠵᠢᠯ ᠬᠡᠷᠡᠭ ᠦᠨ ᠢᠶᠠᠨ ᠲᠤᠬᠠᠢ ᠶᠠᠷᠢᠬᠤ ᠠᠴᠠ ᠨᠠᠰᠢ ᠬᠣᠭᠣᠯᠠ ᠢᠳᠡᠬᠦ ᠦᠭᠡᠢ》 ᠭᠡᠰᠡᠨ ᠳᠦ᠂ ᠯᠠᠪᠠᠨ᠄ 《ᠬᠡᠯᠡᠭᠡᠷᠡᠢ︕》 ᠭᠡᠪᠡ᠃
34 ᠲᠡᠷᠡ᠄ 《ᠪᠢ ᠪᠣᠯ ᠠᠪᠷᠠᠬᠠᠮ ᠤᠨ ᠵᠠᠷᠤᠴᠠ᠃ 35 ᠶᠣᠬᠣᠸᠠ ᠮᠢᠨᠦ ᠡᠵᠡᠨ ᠢ ᠶᠡᠬᠡᠳᠡ ᠢᠪᠡᠭᠡᠵᠦ᠂ ᠲᠡᠭᠦᠨ ᠢ ᠡᠯᠪᠡᠭ ᠬᠥᠷᠥᠩᠭᠡ ᠲᠠᠢ ᠪᠣᠯᠭᠠᠨ ᠲᠡᠭᠦᠨ ᠳᠦ ᠦᠬᠡᠷ᠂ ᠬᠣᠨᠢᠨ ᠰᠦᠷᠦᠭ ᠢᠶᠡᠷ ᠦᠯᠦ ᠪᠠᠷᠠᠮ ᠠᠯᠲᠠ ᠮᠥᠩᠭᠥ᠂ ᠵᠠᠷᠤᠴᠠ ᠰᠢᠪᠡᠭᠴᠢᠳ᠂ ᠲᠡᠮᠡᠭᠡᠳ᠂ ᠡᠯᠵᠢᠭᠡᠳ ᠢ ᠴᠤ ᠥᠭᠭᠥᠭᠰᠡᠨ ᠶᠤᠮ᠃ 36 ᠡᠵᠡᠨ ᠦ ᠮᠢᠨᠢ ᠭᠡᠷᠭᠡᠢ ᠰᠠᠷᠠᠾ ᠥᠨᠳᠥᠷ ᠨᠠᠰᠤᠲᠠᠢ ᠪᠠᠢᠬᠤ ᠳᠠᠭᠠᠨ ᠮᠢᠨᠦ ᠡᠵᠡᠨ ᠳᠦ ᠬᠦᠦ ᠲᠥᠷᠥᠭᠦᠯᠵᠦ ᠥᠭᠭᠥᠭᠰᠡᠨ ᠪᠥᠭᠡᠳ ᠡᠵᠡᠨ ᠬᠦᠦ ᠳᠡᠭᠡᠨ ᠪᠠᠢᠭ᠎ᠠ ᠪᠦᠬᠦᠨ ᠢᠶᠡᠨ ᠥᠭᠭᠥᠭᠰᠡᠨ ᠶᠤᠮ᠃ 37 ᠡᠵᠡᠨ ᠮᠢᠨᠢ ᠨᠠᠳᠠ ᠪᠠᠷ ᠲᠠᠩ᠋ᠭᠠᠷᠢᠭᠯᠠᠭᠤᠯᠵᠤ᠄ 〈ᠴᠢ ᠮᠢᠨᠦ ᠬᠦᠦ ᠶᠢᠨ ᠡᠬᠡᠨᠡᠷ ᠪᠣᠯᠬᠤ ᠬᠥᠮᠦᠨ ᠢ ᠮᠢᠨᠦ ᠰᠠᠭᠤᠵᠤ ᠪᠠᠢᠭ᠎ᠠ ᠺᠠᠨᠠᠨ ᠨᠤᠲᠤᠭ ᠠᠴᠠ ᠪᠦᠦ ᠰᠣᠩ᠋ᠭᠣ᠂ 38 ᠬᠠᠷᠢᠨ ᠴᠢ ᠮᠢᠨᠦ ᠡᠴᠢᠭᠡ ᠶᠢᠨ ᠭᠡᠷ ᠦᠨ ᠬᠢᠨ᠂ ᠮᠠᠨ ᠤ ᠲᠥᠷᠥᠯ ᠰᠠᠳᠤᠨ ᠳᠤ ᠣᠴᠢᠵᠤ᠂ ᠲᠡᠨᠳᠡ ᠡᠴᠡ ᠬᠦᠦ ᠳᠦ ᠮᠢᠨᠢ ᠡᠬᠡᠨᠡᠷ ᠰᠣᠩ᠋ᠭᠣ〉 ᠭᠡᠰᠡᠨ ᠪᠢᠯᠡ᠃ 39 ᠪᠢ ᠡᠵᠡᠨ ᠳᠡᠭᠡᠨ᠄ 〈ᠬᠡᠷᠪᠡ ᠲᠡᠷᠡ ᠡᠮᠡᠭᠲᠡᠢ ᠨᠠᠮᠠᠶᠢ ᠳᠠᠭᠠᠵᠤ ᠢᠷᠡᠬᠦ ᠦᠭᠡᠢ ᠪᠣᠯ ᠶᠠᠭᠠᠬᠢᠬᠤ ᠪᠤᠢ︖〉 ᠭᠡᠵᠦ ᠬᠡᠯᠡᠬᠦ ᠳᠦ᠂ 40 ᠲᠡᠷᠡ ᠨᠠᠳᠠ ᠳᠤ᠄ 〈ᠪᠢ ᠶᠣᠬᠣᠸᠠ ᠶᠢᠨ ᠡᠮᠦᠨ᠎ᠡ ᠠᠮᠢᠳᠤᠷᠠᠵᠤ ᠢᠷᠡᠭᠰᠡᠨ᠃ ᠶᠣᠬᠣᠸᠠ ᠲᠩᠷᠢ ᠡᠯᠴᠢ ᠪᠠᠨ ᠴᠢᠮ᠎ᠠ ᠲᠠᠢ ᠬᠠᠮᠲᠤ ᠶᠠᠪᠤᠭᠤᠯᠵᠤ᠂ ᠠᠶᠠᠨ ᠵᠠᠮ ᠢ ᠴᠢᠨᠢ ᠥᠭᠡᠳᠡ ᠲᠠᠢ ᠪᠣᠯᠭᠠᠬᠤ ᠲᠤᠯᠠ ᠴᠢ ᠮᠠᠨ ᠤ ᠲᠥᠷᠥᠯ ᠰᠠᠳᠤᠨ᠂ ᠮᠢᠨᠦ ᠡᠴᠢᠭᠡ ᠶᠢᠨ ᠭᠡᠷ ᠦᠨ ᠬᠢᠨ ᠡᠴᠡ ᠬᠦᠦ ᠳᠦ ᠮᠢᠨᠢ ᠡᠬᠡᠨᠡᠷ ᠠᠪᠴᠢᠷᠠᠬᠤ ᠪᠣᠯᠣᠨ᠎ᠠ᠃ 41 ᠮᠠᠨ ᠤ ᠲᠥᠷᠥᠯ ᠰᠠᠳᠤᠨ ᠳᠤ ᠣᠴᠢᠬᠤ ᠳᠤ ᠴᠢᠨᠢ ᠲᠡᠳᠡ ᠴᠢᠮ᠎ᠠ ᠳᠤ ᠥᠬᠢᠨ ᠢᠶᠠᠨ ᠥᠭᠬᠦ ᠦᠭᠡᠢ ᠪᠣᠯ ᠴᠢ ᠡᠨᠡ ᠲᠠᠩ᠋ᠭᠠᠷᠢᠭ ᠠᠴᠠ ᠴᠢᠯᠥᠭᠡᠯᠡᠭᠳᠡᠬᠦ ᠪᠣᠯᠣᠨ᠎ᠠ᠂ ᠦᠨᠡᠬᠡᠷ ᠴᠢᠯᠥᠭᠡᠯᠡᠭᠳᠡᠬᠦ ᠪᠣᠯᠣᠨ᠎ᠠ〉 ᠭᠡᠰᠡᠨ ᠶᠤᠮ᠃
42 ᠥᠨᠥᠳᠥᠷ ᠪᠢ ᠬᠤᠳᠳᠤᠭ ᠳᠡᠭᠡᠷ᠎ᠡ ᠢᠷᠡᠭᠡᠳ ᠮᠢᠨᠦ ᠡᠵᠡᠨ ᠠᠪᠷᠠᠬᠠᠮ ᠤᠨ ᠪᠤᠷᠬᠠᠨ ᠶᠣᠬᠣᠸᠠ ᠡ᠂ ᠲᠠᠨ ᠤ ᠲᠠᠭᠠᠯᠠᠯ ᠮᠥᠨ ᠶᠤᠮ ᠪᠣᠯ ᠠᠶᠠᠨ ᠵᠠᠮ ᠢ ᠮᠢᠨᠢ ᠥᠯᠵᠡᠢ ᠲᠡᠢ ᠪᠣᠯᠭᠠᠵᠤ ᠥᠭᠭᠥᠭᠡᠴᠢ᠃ 43 ᠣᠳᠣ ᠪᠢ ᠬᠤᠳᠳᠤᠭ ᠤᠨ ᠳᠡᠷᠭᠡᠳᠡ ᠵᠣᠭᠰᠣᠶ᠎ᠠ᠃ ᠵᠠᠯᠠᠭᠤ ᠡᠮᠡᠭᠲᠡᠢ ᠤᠰᠤ ᠠᠪᠬᠤ ᠪᠠᠷ ᠢᠷᠡᠪᠡᠯ ᠪᠢ ᠲᠡᠭᠦᠨ ᠳᠦ᠄ 〈ᠴᠢ ᠸᠠᠭᠠᠷ ᠲᠠᠢ ᠤᠰᠤᠨ ᠠᠴᠠ ᠪᠠᠨ ᠨᠠᠳᠠ ᠳᠤ ᠵᠢᠭᠠᠬᠠᠨ ᠤᠤᠭᠤᠯᠭᠠᠨ᠎ᠠ ᠤᠤ︖〉 ᠭᠡᠵᠦ ᠬᠡᠯᠡᠬᠦ ᠪᠠ 44 ᠲᠡᠷᠡ᠄ 〈ᠤᠤᠭᠤ᠂ ᠤᠤᠭᠤ︕ ᠪᠢ ᠪᠠᠰᠠ ᠲᠡᠮᠡᠭᠡᠳ ᠲᠦ ᠴᠢᠨᠢ ᠤᠰᠤ ᠠᠪᠴᠢᠷᠠᠶ᠎ᠠ〉 ᠭᠡᠵᠦ ᠬᠡᠯᠡᠪᠡᠯ᠂ ᠲᠡᠷᠡ ᠡᠮᠡᠭᠲᠡᠢ ᠨᠢ ᠶᠣᠬᠣᠸᠠ ᠶᠢᠨ ᠮᠢᠨᠦ ᠡᠵᠡᠨ ᠦ ᠬᠦᠦ ᠳᠦ ᠵᠠᠶᠠᠭᠠᠭᠰᠠᠨ ᠬᠥᠮᠦᠨ ᠪᠣᠯᠣᠨ᠎ᠠ ᠭᠡᠵᠦ 45 ᠵᠢᠷᠦᠬᠡᠨ ᠳᠣᠲᠣᠷ᠎ᠠ ᠪᠠᠨ ᠳᠠᠭᠠᠳᠬᠠᠵᠤ᠂ ᠠᠷᠠᠢ ᠳᠠᠭᠤᠰᠤᠭ᠎ᠠ ᠦᠭᠡᠢ ᠪᠠᠢᠲᠠᠯ᠎ᠠ ᠮᠥᠷᠥᠨ ᠳᠡᠭᠡᠷ᠎ᠡ ᠪᠡᠨ ᠸᠠᠭᠠᠷ ᠲᠠᠢ ᠷᠧᠪᠧᠺᠠ ᠭᠠᠷᠴᠤ ᠢᠷᠡᠭᠰᠡᠨ︕ ᠲᠡᠷᠡ ᠪᠡᠷ ᠬᠤᠳᠳᠤᠭ ᠤᠷᠤᠭᠤ ᠣᠴᠢᠵᠤ ᠤᠰᠤ ᠲᠠᠲᠠᠪᠠ᠃ 〈ᠨᠠᠳᠠ ᠳᠤ ᠤᠰᠤᠨ ᠠᠴᠠ ᠪᠠᠨ ᠤᠤᠭᠤᠯᠭᠠᠨ᠎ᠠ ᠤᠤ︖〉 ᠭᠡᠵᠦ ᠲᠡᠭᠦᠨ ᠳᠦ ᠬᠡᠯᠡᠬᠦ ᠳᠦ ᠮᠢᠨᠢ᠂ 46 ᠲᠡᠷᠡ ᠸᠠᠭᠠᠷ ᠢᠶᠠᠨ ᠮᠥᠷᠥᠨ ᠡᠴᠡ ᠪᠡᠨ ᠶᠠᠭᠠᠷᠠᠨ ᠪᠠᠭᠤᠯᠭᠠᠭᠠᠳ᠂ 〈ᠤᠤᠭᠤ᠂ ᠤᠤᠭᠤ︕ ᠪᠢ ᠪᠠᠰᠠ ᠲᠡᠮᠡᠭᠡᠳ ᠢ ᠴᠢᠨᠢ ᠤᠰᠤᠯᠠᠵᠤ ᠥᠭᠭᠥᠶ᠎ᠡ〉 ᠭᠡᠵᠦ ᠬᠡᠯᠡᠭᠰᠡᠨ᠃ ᠪᠢ ᠤᠤᠭᠤᠭᠰᠠᠨ ᠪᠥᠭᠡᠳ ᠲᠡᠷᠡ ᠮᠢᠨᠦ ᠲᠡᠮᠡᠭᠡᠳ ᠢ ᠴᠤ ᠤᠰᠤᠯᠠᠯᠠ᠃ 47 ᠲᠡᠭᠡᠭᠡᠳ᠄ 〈ᠴᠢ ᠬᠡᠨ ᠦ ᠥᠬᠢᠨ ᠪᠤᠢ︖〉 ᠭᠡᠵᠦ ᠠᠰᠠᠭᠤᠬᠤ ᠳᠤ ᠮᠢᠨᠢ᠂ ᠲᠡᠷᠡ᠄ 〈ᠪᠢ ᠪᠣᠯ ᠪᠧᠲ᠋ᠦ᠋ᠶᠧᠯ ᠤᠨ ᠥᠬᠢᠨ᠂ ᠡᠪᠦᠭᠡ ᠮᠢᠨᠢ ᠨᠠᠬᠣᠷ᠂ ᠡᠮᠡᠭᠡ ᠮᠢᠨᠢ ᠮᠢᠯᠺᠠ ᠭᠡᠳᠡᠭ〉 ᠭᠡᠰᠡᠨ ᠳᠦ᠂ ᠪᠢ ᠲᠡᠭᠦᠨ ᠦ ᠬᠠᠮᠠᠷ ᠲᠤ ᠭᠠᠷᠠᠬ᠎ᠠ᠂ ᠭᠠᠷ ᠲᠤ ᠪᠠᠭᠤᠪᠴᠢ ᠬᠢᠵᠦ ᠥᠭᠪᠡ᠃ 48 ᠪᠢ ᠶᠣᠬᠣᠸᠠ ᠳᠤ ᠲᠣᠯᠣᠭᠠᠢ ᠮᠡᠬᠦᠢᠨ ᠬᠦᠨᠳᠦᠳᠬᠡᠨ ᠮᠥᠷᠭᠥᠭᠡᠳ᠂ ᠮᠢᠨᠦ ᠡᠵᠡᠨ ᠠᠪᠷᠠᠬᠠᠮ ᠤᠨ ᠪᠤᠷᠬᠠᠨ ᠶᠣᠬᠣᠸᠠ ᠶᠢ ᠮᠠᠭᠲᠠᠭᠰᠠᠨ ᠪᠢᠯᠡ᠃ ᠶᠣᠬᠣᠸᠠ ᠨᠠᠮᠠᠶᠢ ᠦᠨᠡᠨ ᠵᠥᠪ ᠵᠠᠮ ᠢᠶᠠᠷ ᠬᠥᠲᠥᠯᠵᠦ᠂ ᠡᠵᠡᠨ ᠦ ᠮᠢᠨᠢ ᠳᠡᠭᠦᠦ ᠶᠢᠨ ᠠᠴᠢ ᠥᠬᠢᠨ ᠢ ᠬᠦᠦ ᠳᠦᠨᠢ ᠰᠣᠩ᠋ᠭᠣᠭᠤᠯᠤᠭᠰᠠᠨ ᠶᠤᠮ᠃ 49 ᠬᠡᠷᠪᠡ ᠣᠳᠣ ᠲᠠ ᠨᠠᠷ ᠮᠢᠨᠦ ᠡᠵᠡᠨ ᠳᠦ ᠦᠨᠡᠨ ᠬᠠᠢᠷ᠎ᠠ ᠪᠠ ᠢᠲᠡᠭᠡᠮᠵᠢᠲᠦ ᠪᠠᠢᠳᠠᠯ ᠢᠶᠠᠷ ᠬᠠᠨᠳᠤᠶᠠ ᠭᠡᠪᠡᠯ ᠨᠠᠳᠠ ᠳᠤ ᠬᠡᠯᠡᠭᠡᠷᠡᠢ᠃ ᠲᠡᠭᠡᠬᠦ ᠦᠭᠡᠢ ᠴᠤ ᠭᠡᠰᠡᠨ ᠨᠠᠳᠠ ᠳᠤ ᠬᠡᠯᠡᠭᠡᠷᠡᠢ᠂ ᠲᠡᠭᠡᠪᠡᠯ ᠪᠢ ᠴᠤ ᠪᠠᠷᠠᠭᠤᠨ ᠲᠡᠰᠢ ᠪᠠᠨ᠂ ᠡᠰᠡᠪᠡᠯ ᠵᠡᠭᠦᠨ ᠲᠡᠰᠢ ᠪᠠᠨ ᠡᠷᠭᠢᠬᠦ ᠪᠡᠨ ᠮᠡᠳᠡᠬᠦ ᠪᠣᠯᠣᠨ᠎ᠠ》 ᠭᠡᠵᠦ ᠬᠡᠯᠡᠪᠡ᠃
50 ᠯᠠᠪᠠᠨ ᠪᠧᠲ᠋ᠦ᠋ᠶᠧᠯ ᠬᠣᠶᠠᠷ ᠬᠠᠷᠢᠭᠤ ᠳᠤᠨᠢ᠄ 《ᠡᠨᠡ ᠦᠢᠯᠡ ᠶᠠᠪᠤᠳᠠᠯ ᠴᠢᠨᠢ ᠶᠣᠬᠣᠸᠠ ᠠᠴᠠ ᠭᠠᠷᠤᠭᠰᠠᠨ ᠶᠤᠮ ᠪᠠᠢᠨ᠎ᠠ᠃ ᠪᠢᠳᠡ ᠰᠠᠢᠨ ᠮᠠᠭᠤ ᠶᠢᠨ ᠠᠯᠢ ᠨᠢ ᠪᠣᠯᠬᠤ ᠶᠢ ᠲᠠᠨ ᠳᠤ ᠬᠡᠯᠡᠵᠦ ᠴᠢᠳᠠᠬᠤ ᠦᠭᠡᠢ᠃ 51 ᠬᠠᠷ᠎ᠠ᠂ ᠷᠧᠪᠧᠺᠠ ᠲᠠᠨ ᠤ ᠡᠮᠦᠨ᠎ᠡ ᠪᠠᠢᠨ᠎ᠠ᠃ ᠲᠡᠭᠦᠨ ᠢ ᠠᠪᠠᠴᠢᠵᠤ ᠪᠣᠯᠣᠨ᠎ᠠ᠃ ᠶᠣᠬᠣᠸᠠ ᠶᠢᠨ ᠠᠢᠯᠠᠳᠤᠭᠰᠠᠨ ᠶᠣᠰᠣᠭᠠᠷ ᠲᠡᠷᠡ ᠲᠠᠨ ᠤ ᠡᠵᠡᠨ ᠦ ᠬᠦᠦ ᠶᠢᠨ ᠡᠬᠡᠨᠡᠷ ᠪᠣᠯᠣᠭ》 ᠭᠡᠪᠡ᠃
52 ᠠᠪᠷᠠᠬᠠᠮ ᠤᠨ ᠵᠠᠷᠤᠴᠠ ᠦᠭᠡ ᠶᠢ ᠨᠢ ᠰᠣᠨᠣᠰᠣᠭᠠᠳ ᠭᠠᠵᠠᠷ ᠲᠤ ᠪᠥᠬᠥᠢᠨ᠂ ᠶᠣᠬᠣᠸᠠ ᠳᠤ ᠮᠥᠷᠭᠥᠭᠡᠳ 53 ᠠᠯᠲᠠ ᠮᠥᠩᠭᠥᠨ ᠡᠳ᠋ᠯᠡᠯ᠂ ᠬᠤᠪᠴᠠᠰᠤ ᠬᠤᠨᠠᠷ ᠭᠠᠷᠭᠠᠨ᠂ ᠷᠧᠪᠧᠺᠠ ᠳᠤ ᠥᠭᠴᠦ᠂ ᠲᠡᠭᠦᠨ ᠦ ᠠᠬ᠎ᠠ ᠪᠣᠯᠣᠨ ᠡᠵᠢ ᠳᠦᠨᠢ ᠪᠠᠰᠠ ᠦᠨᠡᠲᠦ ᠵᠦᠢᠯᠡᠰ ᠪᠠᠷᠢᠵᠠᠢ᠃ 54 ᠲᠡᠭᠡᠭᠡᠳ ᠨᠥᠭᠥᠭᠡ ᠵᠠᠷᠤᠴᠠ ᠪᠣᠯᠣᠨ ᠳᠠᠭᠠᠯᠳᠤᠭᠰᠠᠳ ᠨᠢ ᠢᠳᠡᠵᠦ ᠤᠤᠭᠤᠭᠠᠳ ᠲᠡᠨᠳᠡ ᠬᠣᠨᠣᠭᠯᠠᠭᠰᠠᠨ ᠪᠠᠢᠨ᠎ᠠ᠃ ᠲᠡᠷᠡ ᠪᠡᠷ ᠥᠷᠯᠥᠭᠡ ᠪᠣᠰᠣᠭᠠᠳ᠄ 《ᠡᠵᠡᠨ ᠤᠷᠤᠭᠤ ᠮᠢᠨᠢ ᠪᠤᠴᠠᠭᠠᠵᠤ ᠶᠠᠪᠤᠭᠤᠯᠤᠭᠠᠴᠢ》 ᠭᠡᠬᠦ ᠳᠦ᠂ 55 ᠷᠧᠪᠧᠺᠠ ᠶᠢᠨ ᠠᠬ᠎ᠠ᠂ ᠡᠵᠢ ᠬᠣᠶᠠᠷ᠄ 《ᠥᠬᠢᠨ ᠮᠢᠨᠢ ᠠᠷᠪᠠᠭᠠᠳ ᠬᠣᠨᠣᠭ ᠶᠤᠮ ᠤᠤ᠂ ᠬᠡᠳᠦᠨ ᠬᠣᠨᠣᠭ ᠴᠤ ᠪᠢᠳᠡᠨ ᠲᠡᠢ ᠬᠠᠮᠲᠤ ᠪᠠᠢᠵᠤ ᠪᠠᠢᠭ᠂ ᠲᠡᠭᠡᠭᠡᠳ ᠲᠠ ᠶᠠᠪᠤᠭᠠᠷᠠᠢ》 ᠭᠡᠪᠡ᠃ 56 ᠬᠠᠷᠢᠨ ᠲᠡᠷᠡ ᠬᠥᠮᠦᠨ᠄ 《ᠨᠠᠮᠠᠶᠢ ᠪᠢᠲᠡᠭᠡᠢ ᠰᠠᠭᠠᠲᠠᠭᠠᠭᠠᠷᠠᠢ᠃ ᠶᠣᠬᠣᠸᠠ ᠠᠶᠠᠨ ᠵᠠᠮ ᠢ ᠮᠢᠨᠢ ᠥᠯᠵᠡᠢ ᠲᠡᠢ ᠪᠣᠯᠭᠠᠭᠰᠠᠨ ᠶᠤᠮ᠃ ᠨᠠᠮᠠᠶᠢ ᠶᠠᠪᠤᠭᠤᠯᠤᠭᠠᠴᠢ᠂ ᠪᠢ ᠡᠵᠡᠨ ᠤᠷᠤᠭᠤ ᠪᠠᠨ ᠪᠤᠴᠠᠶ᠎ᠠ》 ᠭᠡᠪᠡ᠃ 57 ᠲᠡᠳᠡ᠄ 《ᠪᠢᠳᠡ ᠥᠬᠢᠨ ᠢᠶᠠᠨ ᠳᠠᠭᠤᠳᠠᠵᠤ᠂ ᠲᠡᠭᠦᠨ ᠦ ᠠᠮᠠ ᠶᠢ ᠠᠪᠤᠶ᠎ᠠ》 ᠭᠡᠳ 58 ᠷᠧᠪᠧᠺᠠ ᠶᠢ ᠳᠠᠭᠤᠳᠠᠵᠤ᠄ 《ᠴᠢ ᠡᠨᠡ ᠬᠥᠮᠦᠨ ᠲᠡᠢ ᠬᠠᠮᠲᠤ ᠶᠠᠪᠤᠬᠤ ᠤᠤ︖》 ᠭᠡᠵᠦ ᠠᠰᠠᠭᠤᠭᠰᠠᠨ ᠳᠤ᠂ ᠲᠡᠷᠡ᠄ 《ᠪᠢ ᠶᠠᠪᠤᠨ᠎ᠠ》 ᠭᠡᠵᠡᠢ᠃ 59 ᠲᠡᠢᠨ ᠬᠦ ᠲᠡᠳᠡ ᠥᠬᠢᠨ ᠳᠡᠭᠦᠦ ᠷᠧᠪᠧᠺᠠ ᠪᠠᠨ ᠠᠰᠠᠷᠠᠭᠴᠢ ᠡᠬᠡ ᠲᠠᠢ ᠨᠢ ᠬᠠᠮᠲᠤ᠂ ᠮᠥᠨ ᠠᠪᠷᠠᠬᠠᠮ ᠤᠨ ᠵᠠᠷᠤᠴᠠ ᠬᠢᠭᠡᠳ ᠳᠠᠭᠠᠯᠳᠤᠭᠴᠢᠳ ᠲᠠᠢ ᠨᠢ ᠬᠠᠮᠲᠤ ᠶᠠᠪᠤᠭᠤᠯᠵᠠᠢ᠃ 60 ᠲᠡᠳᠡ ᠷᠧᠪᠧᠺᠠ ᠶᠢ ᠢᠷᠥᠭᠡᠨ᠄ 《ᠥᠬᠢᠨ ᠳᠡᠭᠦᠦ ᠮᠢᠨᠢ ᠴᠢ ᠲᠦᠮᠡ ᠪᠤᠮᠠᠨ ᠬᠥᠮᠦᠨ ᠦ ᠡᠬᠡ ᠪᠣᠯᠬᠤ ᠪᠣᠯᠲᠤᠭᠠᠢ︕ ᠴᠢᠨᠦ ᠦᠷ᠎ᠡ ᠤᠳᠤᠮ ᠥᠰᠲᠡᠳ ᠦᠨ ᠢᠶᠠᠨ ᠬᠣᠲᠠ ᠶᠢᠨ ᠬᠠᠭᠠᠯᠭ᠎ᠠ ᠶᠢ ᠡᠵᠡᠯᠡᠬᠦ ᠪᠣᠯᠲᠤᠭᠠᠢ︕》
ᠬᠡᠮᠡᠵᠡᠢ᠃ 61 ᠷᠧᠪᠧᠺᠠ ᠰᠢᠪᠡᠭᠴᠢᠳ ᠲᠠᠢ ᠪᠠᠨ ᠬᠠᠮᠲᠤ ᠬᠥᠳᠡᠯᠦᠨ ᠲᠡᠮᠡᠭᠡ ᠤᠨᠤᠵᠤ᠂ ᠲᠡᠷᠡ ᠬᠥᠮᠦᠨ ᠢ ᠳᠠᠭᠠᠪᠠ᠃ ᠨᠥᠭᠥᠭᠡ ᠵᠠᠷᠤᠴᠠ ᠷᠧᠪᠧᠺᠠ ᠶᠢ ᠠᠪᠤᠭᠠᠳ ᠶᠠᠪᠤᠯ᠎ᠠ᠃
62 ᠡᠨᠡ ᠦᠶ᠎ᠡ ᠳᠦ ᠢᠰᠠᠺ ᠪᠧᠷ ᠯᠠᠬᠠᠢ ᠷᠣᠢ ᠠᠴᠠ ᠪᠤᠴᠠᠵᠤ ᠢᠷᠡᠭᠡᠳ ᠨᠧᠭᠧᠪ ᠲᠤ ᠰᠠᠭᠤᠵᠤ ᠪᠠᠢᠯ᠎ᠠ᠃ 63 ᠦᠳᠡᠰᠢ ᠪᠣᠯᠵᠤ ᠪᠠᠢᠬᠤ ᠳᠤ᠂ ᠢᠰᠠᠺ ᠪᠢᠰᠢᠯᠭᠠᠯ ᠬᠢᠬᠦ ᠪᠡᠷ ᠬᠡᠭᠡᠷ᠎ᠡ ᠭᠠᠷᠤᠭᠠᠳ ᠨᠢᠳᠦ ᠡᠷᠭᠦᠨ ᠬᠠᠷᠠᠲᠠᠯ᠎ᠠ ᠲᠡᠮᠡᠭᠡᠨ ᠵᠢᠩ ᠠᠢᠰᠤᠢ︕ 64 ᠷᠧᠪᠧᠺᠠ ᠴᠤ ᠨᠢᠳᠦ ᠡᠷᠭᠦᠨ᠂ ᠢᠰᠠᠺ ᠢ ᠬᠠᠷᠠᠯ᠎ᠠ᠃ ᠲᠡᠷᠡ ᠲᠡᠮᠡᠭᠡᠨ ᠡᠴᠡ ᠪᠡᠨ ᠪᠠᠭᠤᠵᠤ᠂ 65 ᠨᠥᠭᠥᠭᠡ ᠵᠠᠷᠤᠴᠠ ᠳᠤ᠄ 《ᠬᠡᠭᠡᠷ᠎ᠡ ᠲᠠᠯ᠎ᠠ ᠪᠠᠷ ᠠᠯᠬᠤᠯᠠᠵᠤ᠂ ᠪᠢᠳᠡᠨ ᠢ ᠤᠭᠲᠤᠨ ᠢᠷᠡᠵᠦ ᠪᠠᠢᠭ᠎ᠠ ᠲᠡᠷᠡ ᠡᠷ᠎ᠡ ᠬᠡᠨ ᠪᠤᠢ︖》 ᠭᠡᠬᠦ ᠳᠦ᠂ ᠵᠠᠷᠤᠴᠠ᠄ 《ᠲᠡᠷᠡ ᠪᠣᠯ ᠮᠢᠨᠦ ᠡᠵᠡᠨ》 ᠭᠡᠰᠡᠨ ᠳᠦ᠂ ᠷᠧᠪᠧᠺᠠ ᠨᠥᠮᠥᠷᠭᠡ ᠪᠡᠨ ᠭᠠᠷᠭᠠᠨ ᠨᠢᠭᠤᠷ ᠢᠶᠠᠨ ᠪᠦᠲᠡᠭᠡᠪᠡ᠃ 66 ᠵᠠᠷᠤᠴᠠ ᠨᠢ ᠢᠰᠠᠺ ᠲᠤ ᠬᠢᠭᠰᠡᠨ ᠪᠦᠬᠦᠨ ᠢᠶᠡᠨ ᠬᠡᠯᠡᠵᠦ ᠥᠭᠴᠡᠢ᠃ 67 ᠢᠰᠠᠺ ᠷᠧᠪᠧᠺᠠ ᠶᠢ ᠡᠬᠡ ᠰᠠᠷᠠᠾ ᠤᠨ ᠢᠶᠠᠨ ᠮᠠᠢᠬᠠᠨ ᠳᠤ ᠳᠠᠭᠠᠭᠤᠯᠤᠨ ᠣᠷᠣᠭᠠᠳ ᠲᠡᠭᠦᠨ ᠢ ᠡᠬᠡᠨᠡᠷ ᠢᠶᠡᠨ ᠪᠣᠯᠭᠠᠨ ᠠᠪᠴᠤ᠂ ᠬᠠᠢᠷᠠᠯᠠᠨ ᠳᠤᠷᠠᠯᠠᠵᠠᠢ᠃ ᠡᠬᠡ ᠡᠴᠡ ᠪᠡᠨ ᠬᠣᠢᠰᠢ ᠢᠰᠠᠺ ᠤᠨ ᠰᠡᠳᠬᠢᠯ ᠢᠩᠭᠢᠭᠡᠳ ᠲᠠᠢᠳᠬᠤᠷᠤᠭᠰᠠᠨ ᠶᠤᠮ᠃