1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠷᠢᠨ ᠵᠢᠷᠭᠤᠭ᠎ᠠ
 ᠢᠰᠠᠺ ᠪᠠ ᠠᠪᠢᠮᠧᠯᠧᠺ

1 ᠠᠪᠷᠠᠬᠠᠮ ᠤᠨ ᠦᠶ᠎ᠡ ᠳᠦ ᠠᠩᠬ᠎ᠠ ᠥᠯᠥᠰᠬᠥᠯᠡᠩ ᠪᠣᠯᠣᠭᠰᠠᠨ ᠲᠡᠷᠡ ᠭᠠᠵᠠᠷ ᠲᠤ ᠳᠠᠬᠢᠨ ᠥᠯᠥᠰᠬᠥᠯᠡᠩ ᠪᠣᠯᠣᠭᠰᠠᠨ ᠳᠤ᠂ ᠢᠰᠠᠺ ᠹᠢᠯᠢᠰᠲ ᠤᠨ ᠬᠠᠭᠠᠨ ᠠᠪᠢᠮᠧᠯᠧᠺ ᠤᠨ ᠰᠠᠭᠤᠳᠠᠭ ᠭᠧᠷᠠᠷ ᠤᠷᠤᠭᠤ ᠣᠳᠪᠠ᠃ 2 ᠲᠡᠨᠳᠡ ᠶᠣᠬᠣᠸᠠ ᠢᠰᠠᠺ ᠲᠤ ᠦᠵᠡᠭᠳᠡᠵᠦ᠄ 《ᠴᠢ ᠶᠧᠵᠢᠫᠲ ᠤᠷᠤᠭᠤ ᠪᠦᠦ ᠶᠠᠪᠤ᠂ ᠬᠠᠷᠢᠨ ᠮᠢᠨᠦ ᠴᠢᠮ᠎ᠠ ᠳᠤ ᠬᠡᠯᠡᠬᠦ ᠭᠠᠵᠠᠷ ᠲᠤ ᠰᠠᠭᠤ᠃ 3 ᠴᠢ ᠡᠨᠡ ᠭᠠᠵᠠᠷ ᠲᠤ ᠦᠯᠡᠳᠡᠪᠡᠯ ᠪᠢ ᠴᠢᠮ᠎ᠠ ᠲᠠᠢ ᠬᠠᠮᠲᠤ ᠪᠠᠢᠭᠰᠠᠭᠠᠷ ᠴᠢᠮᠠᠶᠢ ᠢᠪᠡᠭᠡᠨ᠂ ᠡᠨᠡ ᠪᠦᠬᠦ ᠭᠠᠵᠠᠷ ᠢ ᠴᠢᠮ᠎ᠠ ᠳᠤ ᠪᠣᠯᠣᠨ ᠴᠢᠨᠦ ᠦᠷ᠎ᠡ ᠤᠳᠤᠮ ᠳᠤ ᠥᠭᠭᠥᠨ᠎ᠡ᠃ ᠪᠢ ᠴᠢᠨᠦ ᠡᠴᠢᠭᠡ ᠠᠪᠷᠠᠬᠠᠮ ᠳᠤ ᠲᠠᠯᠪᠢᠭᠰᠠᠨ ᠲᠠᠩ᠋ᠭᠠᠷᠢᠭ ᠢᠶᠠᠨ ᠪᠡᠶᠡᠯᠡᠭᠦᠯᠦᠨ᠂ 4 ᠦᠷ᠎ᠡ ᠬᠡᠦᠬᠡᠳ ᠢ ᠴᠢᠨᠢ ᠲᠩᠷᠢ ᠶᠢᠨ ᠣᠳᠣ ᠮᠡᠲᠦ ᠣᠯᠠᠰᠢᠷᠠᠭᠤᠯᠤᠶ᠎ᠠ᠂ ᠡᠨᠡ ᠪᠦᠬᠦ ᠭᠠᠵᠠᠷ ᠢ ᠦᠷ᠎ᠡ ᠤᠳᠤᠮ ᠳᠤ ᠴᠢᠨᠢ ᠥᠭᠭᠥᠨ᠎ᠡ᠂ ᠴᠢᠨᠦ ᠦᠷ᠎ᠡ ᠤᠳᠤᠮ ᠢᠶᠠᠷ ᠳᠠᠮᠵᠢᠨ ᠭᠠᠵᠠᠷ ᠤᠨ ᠪᠦᠬᠦ ᠦᠨᠳᠦᠰᠦᠲᠡᠨ ᠢᠪᠡᠭᠡᠭᠳᠡᠨ᠎ᠡ᠃ 5 ᠤᠴᠢᠷ ᠨᠢ ᠠᠪᠷᠠᠬᠠᠮ ᠮᠢᠨᠦ ᠦᠭᠡ ᠶᠢ ᠳᠠᠭᠠᠵᠤ᠂ ᠮᠢᠨᠦ ᠵᠢᠷᠤᠮ᠂ ᠮᠢᠨᠦ ᠲᠤᠰᠢᠶᠠᠯ᠂ ᠮᠢᠨᠦ ᠵᠠᠷᠯᠢᠭ ᠪᠣᠯᠣᠨ ᠮᠢᠨᠦ ᠬᠠᠤᠯᠢ ᠶᠢ ᠰᠠᠬᠢᠭᠰᠠᠨ ᠶᠤᠮ》 ᠭᠡᠪᠡ᠃

6 ᠲᠡᠢᠨ ᠬᠦ ᠢᠰᠠᠺ ᠭᠧᠷᠠᠷ ᠲᠤ ᠰᠠᠭᠤᠷᠢᠰᠢᠪᠠ᠃ 7 ᠲᠡᠷᠡ ᠨᠤᠲᠤᠭ ᠤᠨ ᠡᠷᠡᠴᠦᠳ ᠡᠬᠡᠨᠡᠷ ᠦᠨ ᠬᠢᠨᠢ ᠲᠠᠯ᠎ᠠ ᠪᠠᠷ ᠠᠰᠠᠭᠤᠭᠰᠠᠨ ᠳᠤ᠂ ᠲᠡᠷᠡ ᠠᠶᠤᠵᠤ᠄ 《ᠡᠨᠡ ᠪᠣᠯ ᠮᠢᠨᠦ ᠥᠬᠢᠨ ᠳᠡᠭᠦᠦ》 ᠭᠡᠵᠡᠢ᠃ 《ᠷᠧᠪᠧᠺᠠ ᠭᠤᠸ᠎ᠠ ᠦᠵᠡᠰᠬᠦᠯᠡᠩ ᠪᠣᠯᠬᠣᠷ ᠡᠨᠡ ᠪᠣᠯ ᠮᠢᠨᠦ ᠡᠬᠡᠨᠡᠷ ᠭᠡᠵᠦ ᠬᠡᠯᠡᠪᠡᠯ ᠡᠨᠡ ᠨᠤᠲᠤᠭ ᠤᠨ ᠬᠢᠨ ᠲᠡᠭᠦᠨ ᠡᠴᠡ ᠪᠣᠯᠵᠤ ᠨᠠᠮᠠᠶᠢ ᠠᠯᠠᠴᠢᠬᠠᠬᠤ ᠪᠣᠯᠣᠭᠤᠵᠠᠢ》 ᠭᠡᠵᠦ ᠲᠡᠷᠡ ᠪᠣᠳᠣᠵᠠᠢ᠃ 8 ᠢᠰᠠᠺ ᠲᠡᠨᠳᠡ ᠰᠠᠭᠤᠭᠠᠳ ᠤᠳᠠᠵᠠᠢ᠃ ᠨᠢᠭᠡᠨ ᠡᠳᠦᠷ ᠹᠢᠯᠢᠰᠲ ᠤᠨ ᠬᠠᠭᠠᠨ ᠠᠪᠢᠮᠧᠯᠧᠺ ᠴᠣᠩ᠋ᠬᠣ ᠪᠠᠷ ᠢᠶᠠᠨ ᠬᠠᠷᠠᠵᠤ ᠪᠠᠢᠬᠤ ᠳᠠᠭᠠᠨ ᠢᠰᠠᠺ ᠤᠨ ᠡᠬᠡᠨᠡᠷ ᠷᠧᠪᠧᠺᠠ ᠪᠠᠨ ᠡᠩᠬᠦᠷᠡᠢᠯᠡᠵᠦ ᠪᠠᠢᠬᠤ ᠶᠢ ᠦᠵᠡᠵᠡᠢ᠃ 9 ᠠᠪᠢᠮᠧᠯᠧᠺ ᠢᠰᠠᠺ ᠢ ᠳᠠᠭᠤᠳᠠᠨ᠄ 《ᠲᠡᠷᠡ ᠦᠨᠡᠬᠡᠷ ᠴᠢᠨᠦ ᠡᠬᠡᠨᠡᠷ ᠮᠥᠨ ᠠᠲᠠᠯ᠎ᠠ ᠴᠢ ᠶᠠᠭᠤᠨ ᠳᠤ ᠲᠡᠭᠦᠨ ᠢ ᠮᠢᠨᠦ ᠥᠬᠢᠨ ᠳᠡᠭᠦᠦ ᠭᠡᠵᠦ ᠬᠡᠯᠡᠭᠰᠡᠨ ᠪᠤᠢ︖》 ᠭᠡᠰᠡᠨ ᠳᠦ᠂ ᠢᠰᠠᠺ᠄ 《ᠲᠡᠭᠦᠨ ᠡᠴᠡ ᠪᠣᠯᠣᠭᠠᠳ ᠪᠢ ᠬᠥᠨᠥᠭᠡᠭᠳᠡᠬᠦ ᠪᠣᠯᠣᠭᠤᠵᠠᠢ ᠭᠡᠵᠦ ᠪᠣᠳᠣᠭᠰᠠᠨ ᠶᠤᠮ》 ᠭᠡᠪᠡ᠃ 10 ᠠᠪᠢᠮᠧᠯᠧᠺ᠄ 《ᠪᠢᠳᠡᠨ ᠳᠦ ᠶᠠᠭᠤ ᠬᠢᠵᠦ ᠪᠠᠢᠭ᠎ᠠ ᠴᠢᠨᠢ ᠡᠨᠡ ᠪᠤᠢ︖ ᠵᠣᠯ ᠲᠠᠢ ᠯᠠ ᠮᠠᠨ ᠤ ᠬᠥᠮᠦᠰ ᠦᠨ ᠨᠢᠭᠡ ᠨᠢ ᠡᠬᠡᠨᠡᠷ ᠲᠡᠢ ᠴᠢᠨᠢ ᠬᠡᠪᠲᠡᠭᠡ ᠦᠭᠡᠢ᠃ ᠴᠢᠮ᠎ᠠ ᠠᠴᠠ ᠪᠣᠯᠵᠤ ᠪᠢᠳᠡ ᠭᠡᠮ ᠳᠦ ᠣᠷᠣᠬᠤ ᠰᠢᠬᠠᠯ᠎ᠠ》 ᠭᠡᠪᠡ᠃ 11 ᠲᠡᠭᠡᠭᠡᠳ ᠠᠪᠢᠮᠧᠯᠧᠺ᠄ 《ᠡᠨᠡ ᠬᠥᠮᠦᠨ ᠳᠦ ᠪᠤᠶᠤ ᠲᠡᠭᠦᠨ ᠦ ᠡᠬᠡᠨᠡᠷ ᠲᠦ ᠭᠠᠷ ᠬᠦᠷᠬᠦ ᠬᠥᠮᠦᠨ ᠵᠠᠪᠠᠯ ᠦᠬᠦᠬᠦ ᠪᠣᠯᠣᠨ᠎ᠠ》 ᠭᠡᠵᠦ ᠪᠦᠬᠦ ᠠᠷᠠᠳ ᠣᠯᠠᠨ ᠳᠠᠭᠠᠨ ᠲᠤᠰᠢᠶᠠᠵᠠᠢ᠃

12 ᠢᠰᠠᠺ ᠲᠡᠷᠡ ᠭᠠᠵᠠᠷ ᠲᠤ ᠲᠠᠷᠢᠶ᠎ᠠ ᠲᠠᠷᠢᠵᠤ᠂ ᠲᠡᠷᠡ ᠵᠢᠯ ᠳᠡᠭᠡᠨ ᠵᠠᠭᠤ ᠳᠠᠬᠢᠨ ᠶᠡᠬᠡ ᠤᠷᠭᠤᠴᠠ ᠬᠤᠷᠢᠶᠠᠵᠠᠢ᠃ ᠶᠣᠬᠣᠸᠠ ᠲᠡᠭᠦᠨ ᠢ ᠢᠪᠡᠭᠡᠭᠰᠡᠨ ᠶᠤᠮ᠃ 13 ᠲᠡᠷᠡ ᠪᠡᠷ ᠪᠠᠶᠠᠵᠢᠨ ᠴᠢᠨᠡᠭᠡᠯᠢᠭᠵᠢᠭᠰᠡᠭᠡᠷ ᠬᠣᠵᠢᠮ ᠨᠢ ᠠᠰᠤᠷᠤ ᠶᠡᠬᠡ ᠬᠥᠷᠥᠩᠭᠡ ᠲᠠᠢ ᠪᠣᠯᠵᠠᠢ᠃ 14 ᠲᠡᠭᠦᠨ ᠦ ᠬᠣᠨᠢᠨ ᠰᠦᠷᠦᠭ᠂ ᠦᠬᠡᠷ ᠦᠨ ᠰᠦᠷᠦᠭ᠂ ᠵᠠᠷᠤᠴᠠ ᠨᠠᠷ ᠥᠨᠢᠷ ᠣᠯᠠᠨ ᠪᠣᠯᠬᠣᠷ ᠹᠢᠯᠢᠰᠲ᠋ᠴᠦᠳ ᠲᠡᠭᠦᠨ ᠳᠦ ᠠᠲᠠᠭᠠᠷᠬᠠᠵᠤ᠂ 15 ᠲᠡᠭᠦᠨ ᠦ ᠡᠴᠢᠭᠡ ᠠᠪᠷᠠᠬᠠᠮ ᠤᠨ ᠡᠳᠦᠷ ᠤᠳ ᠲᠤ ᠵᠠᠷᠤᠴᠠ ᠨᠠᠷ ᠤᠨ ᠬᠢᠨᠢ ᠤᠬᠤᠵᠤ ᠭᠠᠷᠭᠠᠭᠰᠠᠨ ᠪᠦᠬᠦ ᠬᠤᠳᠳᠤᠭ ᠢ ᠪᠢᠲᠡᠭᠦᠯᠡᠵᠦ ᠰᠢᠷᠣᠢ ᠪᠠᠷ ᠳᠦᠭᠦᠷᠭᠡᠵᠡᠢ᠃ 16 ᠲᠡᠭᠡᠭᠡᠳ ᠠᠪᠢᠮᠧᠯᠧᠺ ᠢᠰᠠᠺ ᠲᠤ᠄ 《ᠴᠢ ᠮᠠᠨ ᠤ ᠡ᠊ᠨᠳᠡ ᠡᠴᠡ ᠶᠠᠪᠤ᠂ ᠴᠢ ᠮᠠᠨ ᠤ ᠬᠢᠨ ᠡᠴᠡ ᠪᠦᠷ ᠬᠦᠴᠦᠲᠡᠢ ᠪᠣᠯᠣᠭᠰᠠᠨ》 ᠭᠡᠪᠡ᠃

17 ᠢᠰᠠᠺ ᠲᠡᠨᠳᠡ ᠡᠴᠡ ᠬᠥᠳᠡᠯᠦᠨ ᠶᠠᠪᠤᠵᠤ ᠭᠧᠷᠠᠷ ᠤᠨ ᠬᠥᠨᠳᠡᠢ ᠳᠦ ᠮᠠᠢᠬᠠᠨ ᠢᠶᠠᠨ ᠪᠠᠷᠢᠵᠤ᠂ ᠲᠡᠨᠳᠡ ᠰᠠᠭᠤᠷᠢᠰᠢᠭᠠᠳ 18 ᠡᠴᠢᠭᠡ ᠠᠪᠷᠠᠬᠠᠮ ᠤᠨ ᠬᠢᠨᠢ ᠡᠳᠦᠷ ᠤᠳ ᠲᠤ ᠤᠬᠤᠭᠰᠠᠨ ᠬᠤᠳᠳᠤᠭ ᠤᠳ ᠢ ᠳᠠᠬᠢᠨ ᠤᠬᠤᠵᠤ ᠭᠠᠷᠭᠠᠵᠠᠢ᠃ ᠤᠴᠢᠷ ᠨᠢ ᠠᠪᠷᠠᠬᠠᠮ ᠥᠭᠡᠳᠡ ᠪᠣᠯᠣᠭᠰᠠᠨ ᠤ ᠳᠠᠷᠠᠭ᠎ᠠ᠂ ᠲᠡᠳᠡᠭᠡᠷ ᠢ ᠨᠢ ᠹᠢᠯᠢᠰᠲ᠋ᠴᠦᠳ ᠪᠤᠯᠠᠵᠤ ᠪᠢᠲᠡᠭᠦᠯᠦᠭᠰᠡᠨ ᠪᠠᠢᠪᠠ᠃ ᠢᠰᠠᠺ ᠲᠡᠳᠡᠭᠡᠷ ᠢ ᠡᠴᠢᠭᠡ ᠶᠢᠨ ᠢᠶᠠᠨ ᠥᠭᠭᠥᠭᠰᠡᠨ ᠨᠡᠷ᠎ᠡ ᠪᠡᠷ ᠨᠡᠷᠡᠯᠡᠪᠡ᠃ 19 ᠭᠡᠪᠡᠴᠦ ᠢᠰᠠᠺ ᠤᠨ ᠵᠠᠷᠤᠴᠠ ᠨᠠᠷ ᠭᠧᠷᠠᠷ ᠤᠨ ᠬᠥᠨᠳᠡᠢ ᠳᠦ ᠭᠠᠵᠠᠷ ᠤᠬᠤᠵᠤ᠂ ᠤᠨᠳᠤᠷᠤᠭ᠎ᠠ ᠰᠠᠢᠲᠠᠢ ᠬᠤᠳᠳᠤᠭ ᠣᠯᠬᠤ ᠳᠤ᠂ 20 ᠭᠧᠷᠠᠷ ᠤᠨ ᠮᠠᠯᠴᠢᠳ᠄ 《ᠡᠨᠡ ᠤᠰᠤ ᠴᠢᠨᠢ ᠮᠠᠨ ᠤ ᠬᠢ》 ᠭᠡᠳ ᠢᠰᠠᠺ ᠤᠨ ᠮᠠᠯᠴᠢᠳ ᠲᠠᠢ ᠮᠠᠷᠭᠤᠯᠳᠤᠵᠠᠢ᠃ ᠲᠡᠳᠡ ᠨᠠᠷ ᠥᠪᠡᠷ ᠲᠡᠢ ᠨᠢ ᠮᠠᠷᠭᠤᠯᠳᠤᠭᠰᠠᠨ ᠤ ᠤᠴᠢᠷ ᠢᠰᠠᠺ ᠤᠤᠯ ᠬᠤᠳᠳᠤᠭ ᠢ 《ᠡᠰᠧᠺ》 ᠭᠡᠵᠦ ᠨᠡᠷᠡᠯᠡᠪᠡ᠃ 21 ᠵᠠᠷᠤᠴᠠ ᠨᠠᠷ ᠨᠢ ᠥᠭᠡᠷ᠎ᠡ ᠨᠢᠭᠡ ᠬᠤᠳᠳᠤᠭ ᠤᠬᠤᠭᠰᠠᠨ ᠳᠤ᠂ ᠪᠠᠰᠠ ᠳᠠᠬᠢᠨ ᠮᠠᠷᠭᠤᠯᠳᠤᠵᠠᠢ᠃ ᠢᠰᠠᠺ ᠲᠡᠭᠦᠨ ᠢ 《ᠰᠢᠲ᠋ᠨᠠ 42 》 ᠭᠡᠵᠦ ᠨᠡᠷᠡᠯᠡᠵᠡᠢ᠃ 22 ᠲᠡᠷᠡ ᠲᠡᠨᠳᠡ ᠡᠴᠡ ᠨᠡᠭᠦᠵᠦ᠂ ᠪᠠᠰᠠ ᠨᠢᠭᠡ ᠬᠤᠳᠳᠤᠭ ᠤᠬᠤᠭᠰᠠᠨ ᠳᠤ᠂ ᠳᠠᠬᠢᠨ ᠮᠠᠷᠭᠤᠭᠠᠨ ᠭᠠᠷᠤᠭᠰᠠᠨ ᠦᠭᠡᠢ᠃ ᠢᠰᠠᠺ ᠲᠡᠭᠦᠨ ᠢ 《ᠷᠧᠬᠣᠪᠣᠲ 43 》 ᠭᠡᠵᠦ ᠨᠡᠷᠡᠯᠡᠭᠡᠳ᠄ 《ᠣᠳᠣ ᠶᠣᠬᠣᠸᠠ ᠮᠠᠨ ᠤ ᠬᠢᠨ ᠳᠤ ᠠᠭᠤᠳᠠᠮ ᠲᠠᠯ᠎ᠠ ᠰᠣᠶᠣᠷᠬᠠᠵᠠᠢ᠂ ᠪᠢᠳᠡ ᠡ᠊ᠨᠳᠡ ᠥᠨᠢᠷ ᠪᠠᠶᠠᠨ ᠪᠣᠯᠣᠨ᠎ᠠ》 ᠭᠡᠪᠡ᠃

23 ᠢᠰᠠᠺ ᠲᠡᠨᠳᠡ ᠡᠴᠡ ᠪᠧᠷ ᠱᠧᠪᠠ ᠤᠷᠤᠭᠤ ᠶᠠᠪᠤᠪᠠ᠃ 24 ᠲᠡᠷᠡ ᠰᠥᠨᠢ ᠶᠣᠬᠣᠸᠠ ᠲᠡᠭᠦᠨ ᠳᠦ ᠦᠵᠡᠭᠳᠡᠵᠦ᠄ 《ᠪᠢ ᠪᠣᠯ ᠴᠢᠨᠦ ᠡᠴᠢᠭᠡ ᠠᠪᠷᠠᠬᠠᠮ ᠤᠨ ᠪᠤᠷᠬᠠᠨ᠂ ᠪᠦᠦ ᠠᠶᠤ᠂ ᠪᠢ ᠴᠢᠮ᠎ᠠ ᠲᠠᠢ ᠬᠠᠮᠲᠤ ᠪᠠᠢᠨ᠎ᠠ᠂ ᠪᠢ ᠵᠠᠷᠤᠴᠠ ᠠᠪᠷᠠᠬᠠᠮ ᠤᠨ ᠢᠶᠠᠨ ᠲᠥᠯᠥᠭᠡ ᠴᠢᠮᠠᠶᠢ ᠢᠪᠡᠭᠡᠵᠦ ᠦᠷ᠎ᠡ ᠤᠳᠤᠮ ᠢ ᠴᠢᠨᠢ ᠣᠯᠠᠰᠢᠷᠠᠭᠤᠯᠤᠨ᠎ᠠ》
ᠭᠡᠪᠡ᠃ 25 ᠢᠰᠠᠺ ᠲᠡᠨᠳᠡ ᠲᠠᠬᠢᠯ ᠤᠨ ᠰᠢᠷᠡᠭᠡ ᠪᠣᠰᠬᠠᠵᠤ᠂ ᠶᠣᠬᠣᠸᠠ ᠶᠢᠨ ᠨᠡᠷ᠎ᠡ ᠶᠢ ᠳᠠᠭᠤᠳᠠᠭᠠᠳ ᠮᠠᠢᠬᠠᠨ ᠢᠶᠠᠨ ᠪᠠᠷᠢᠪᠠ᠃ ᠵᠠᠷᠤᠴᠠ ᠨᠠᠷ ᠨᠢ ᠲᠡᠷᠡ ᠭᠠᠵᠠᠷ ᠲᠤ ᠴᠤ ᠬᠤᠳᠳᠤᠭ ᠤᠬᠤᠵᠠᠢ᠃

26 ᠲᠡᠭᠡᠲᠡᠯ᠎ᠡ ᠠᠪᠢᠮᠧᠯᠧᠺ ᠥᠪᠡᠷ ᠦᠨ ᠰᠢᠳᠠᠷ ᠠᠾᠦ᠋ᠽᠠᠲ᠂ ᠴᠡᠷᠢᠭ ᠤᠨ ᠵᠠᠩᠵᠤᠨ ᠹᠢᠺᠣᠯ ᠨᠠᠷ ᠤᠨ ᠢᠶᠠᠨ ᠬᠠᠮᠲᠤ ᠭᠧᠷᠠᠷ ᠠᠴᠠ ᠢᠰᠠᠺ ᠳᠡᠭᠡᠷ᠎ᠡ ᠢᠷᠡᠪᠡ᠃ 27 ᠢᠰᠠᠺ ᠲᠡᠳᠡᠨ ᠳᠦ᠄ 《ᠲᠠ ᠨᠠᠷ ᠶᠠᠭᠤᠨ ᠳᠤ ᠨᠠᠳᠠ ᠤᠷᠤᠭᠤ ᠬᠦᠷᠴᠦ ᠢᠷᠡᠪᠡ︖ ᠲᠠ ᠨᠠᠷ ᠨᠠᠮᠠᠶᠢ ᠦᠵᠡᠨ ᠶᠠᠳᠠᠵᠤ᠂ ᠥᠪᠡᠷᠰᠡᠳ ᠡᠴᠡ ᠪᠡᠨ ᠬᠥᠭᠡᠭᠡᠨ ᠶᠠᠪᠤᠭᠤᠯᠤᠭᠰᠠᠨ ᠪᠢᠵᠡ ᠳᠠ︖》 ᠭᠡᠰᠡᠨ ᠳᠦ᠂ 28 ᠲᠡᠳᠡ᠄ 《ᠶᠣᠬᠣᠸᠠ ᠴᠢᠮ᠎ᠠ ᠲᠠᠢ ᠬᠠᠮᠲᠤ ᠪᠠᠢᠭ᠎ᠠ ᠶᠢ ᠪᠢᠳᠡ ᠯᠠᠪ ᠬᠠᠷᠠᠭᠰᠠᠨ ᠤᠴᠢᠷ ᠪᠢᠳᠡᠨ ᠦ ᠬᠣᠭᠣᠷᠣᠨᠳᠣ ᠪᠤᠶᠤ ᠲᠠ ᠪᠢᠳᠡᠨ ᠦ ᠬᠣᠭᠣᠷᠣᠨᠳᠣ ᠲᠠᠩ᠋ᠭᠠᠷᠢᠭ ᠤᠨ ᠭᠡᠷ᠎ᠡ ᠪᠠᠢᠬᠤ ᠶᠣᠰᠣᠲᠠᠢ ᠭᠡᠵᠦ ᠪᠣᠳᠣᠪᠠ᠂ ᠣᠳᠣ ᠪᠢᠳᠡ ᠴᠢᠮ᠎ᠠ ᠲᠠᠢ ᠭᠡᠷ᠎ᠡ ᠪᠠᠢᠭᠤᠯᠤᠶ᠎ᠠ᠃ 29 ᠪᠢᠳᠡ ᠴᠢᠮ᠎ᠠ ᠳᠤ ᠭᠠᠷ ᠬᠦᠷᠦᠯ ᠦᠭᠡᠢ᠂ ᠰᠠᠢᠨ ᠬᠠᠨᠳᠤᠵᠤ᠂ ᠴᠢᠮᠠᠶᠢ ᠠᠮᠤᠷ ᠲᠠᠢᠪᠤᠩ ᠶᠠᠪᠤᠭᠤᠯᠤᠭᠰᠠᠨ ᠤ ᠠᠳᠠᠯᠢ ᠴᠢ ᠪᠢᠳᠡᠨ ᠳᠦ ᠬᠣᠣᠷ ᠬᠥᠨᠥᠭᠡᠯ ᠪᠦᠦ ᠬᠢ᠃ ᠡᠨᠡ ᠤᠳᠠᠭ᠎ᠠ ᠶᠣᠬᠣᠸᠠ ᠳᠤ ᠢᠪᠡᠭᠡᠭᠳᠡᠭᠰᠡᠨ ᠬᠥᠮᠦᠨ ᠨᠢ ᠴᠢ ᠶᠤᠮ》 ᠭᠡᠵᠡᠢ᠃ 30 ᠢᠰᠠᠺ ᠲᠡᠳᠡᠨ ᠳᠦ ᠳᠠᠢᠯᠠᠯᠭ᠎ᠠ ᠪᠡᠯᠡᠳᠬᠡᠭᠰᠡᠨ ᠳᠦ᠂ ᠲᠡᠳᠡ ᠢᠳᠡᠵᠦ ᠤᠤᠭᠤᠵᠠᠭᠠᠪᠠ᠃ 31 ᠲᠡᠭᠡᠭᠡᠳ ᠲᠡᠳᠡ ᠥᠷᠯᠥᠭᠡ ᠡᠷᠲᠡᠯᠡᠨ ᠪᠣᠰᠴᠤ᠂ ᠪᠡᠶ᠎ᠡ ᠪᠡᠶ᠎ᠡ ᠳᠡᠭᠡᠨ ᠲᠠᠩ᠋ᠭᠠᠷᠢᠭᠯᠠᠭᠪᠠ᠃ ᠡᠭᠦᠨ ᠦ ᠳᠠᠷᠠᠭ᠎ᠠ ᠢᠰᠠᠺ ᠲᠡᠳᠡᠨ ᠢ ᠶᠠᠪᠤᠭᠤᠯᠵᠤ᠂ ᠲᠡᠳᠡ ᠠᠮᠤᠷ ᠲᠠᠢᠪᠤᠩ ᠣᠳᠴᠠᠢ᠃ 32 ᠲᠡᠭᠡᠲᠡᠯ᠎ᠡ ᠲᠡᠷᠡ ᠡᠳᠦᠷ ᠢᠰᠠᠺ ᠤᠨ ᠵᠠᠷᠤᠴᠠ ᠨᠠᠷ ᠢᠷᠡᠵᠦ ᠲᠡᠭᠦᠨ ᠳᠦ᠄ 《ᠪᠢᠳᠡ ᠤᠰᠤ ᠣᠯᠣᠯ᠎ᠠ︕》 ᠭᠡᠵᠦ ᠤᠬᠤᠭᠰᠠᠨ ᠬᠤᠳᠳᠤᠭ ᠤᠨ ᠢᠶᠠᠨ ᠲᠤᠬᠠᠢ ᠳᠤᠭᠤᠯᠭᠠᠪᠠ᠃

33 ᠢᠰᠠᠺ ᠲᠡᠷᠡ ᠬᠤᠳᠳᠤᠭ ᠢ ᠱᠧᠪᠠ 44 ᠭᠡᠵᠦ ᠨᠡᠷᠡᠯᠡᠪᠡ᠃ ᠡᠭᠦᠨ ᠡᠴᠡ ᠪᠣᠯᠵᠤ ᠲᠡᠷᠡ ᠬᠣᠲᠠ ᠶᠢᠨ ᠨᠡᠷ᠎ᠡ ᠶᠢ ᠣᠳᠣ ᠬᠦᠷᠲᠡᠯ᠎ᠡ ᠪᠧᠷ ᠱᠧᠪᠠ 45 ᠭᠡᠭᠰᠡᠭᠡᠷ ᠪᠢᠯᠡ᠃ 34 ᠡᠰᠠᠦ᠋ ᠳᠥᠴᠢᠨ ᠨᠠᠰᠤᠲᠠᠢ ᠪᠠᠢᠬᠤ ᠳᠠᠭᠠᠨ ᠾᠢᠲ ᠬᠥᠮᠦᠨ ᠪᠧᠷᠢ ᠶᠢᠨ ᠥᠬᠢᠨ ᠶᠦᠳᠢᠲ ᠬᠢᠭᠡᠳ ᠾᠢᠲ ᠬᠥᠮᠦᠨ ᠡᠯᠣᠨ ᠤ ᠥᠬᠢᠨ ᠪᠠᠰᠧᠮᠠᠲ ᠬᠣᠶᠠᠷ ᠢ ᠡᠬᠡᠨᠡᠷ ᠪᠣᠯᠭᠠᠨ ᠠᠪᠴᠠᠢ᠃ 35 ᠲᠡᠳᠡᠭᠡᠷ ᠡᠮᠡᠭᠲᠡᠢ ᠢᠰᠠᠺ᠂ ᠷᠧᠪᠧᠺᠠ ᠬᠣᠶᠠᠷ ᠲᠤ ᠰᠡᠳᠬᠢᠯ ᠤᠨ ᠵᠣᠪᠠᠯᠠᠩ ᠪᠣᠯᠵᠠᠢ᠃