1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠷᠢᠨ ᠬᠣᠶᠠᠷ
 ᠠᠪᠷᠠᠬᠠᠮ ᠰᠣᠷᠢᠭᠳᠠᠪᠠ

1 ᠡᠳᠡᠭᠡᠷ ᠶᠠᠪᠤᠳᠠᠯ ᠤᠨ ᠳᠠᠷᠠᠭ᠎ᠠ ᠪᠤᠷᠬᠠᠨ ᠠᠪᠷᠠᠬᠠᠮ ᠢ ᠰᠣᠷᠢᠵᠠᠢ᠃ ᠲᠡᠷᠡ᠄ 《ᠠᠪᠷᠠᠬᠠᠮ ᠡ︕》 ᠭᠡᠰᠡᠨ ᠳᠦ᠂ ᠠᠪᠷᠠᠬᠠᠮ᠄ 《ᠪᠢ ᠡ᠊ᠨᠳᠡ ᠪᠠᠢᠨ᠎ᠠ︕》 ᠭᠡᠯ᠎ᠡ᠃ 2 ᠪᠤᠷᠬᠠᠨ᠄ 《ᠴᠢ ᠬᠦᠦ ᠪᠡᠨ᠂ ᠴᠣᠷ ᠤᠨ ᠭᠠᠭᠴᠠ ᠬᠠᠢᠷᠠᠲᠠᠢ ᠢᠰᠠᠺ ᠢᠶᠠᠨ ᠠᠪᠤᠭᠠᠳ ᠮᠣᠷᠢᠶ᠎ᠠ ᠨᠤᠲᠤᠭ ᠤᠷᠤᠭᠤ ᠶᠠᠪᠤ᠃ ᠲᠡᠨᠳᠡ ᠮᠢᠨᠦ ᠵᠢᠭᠠᠵᠤ ᠥᠭᠬᠦ ᠨᠢᠭᠡᠨ ᠠᠭᠤᠯᠠᠨ ᠳᠡᠭᠡᠷ᠎ᠡ ᠲᠡᠭᠦᠨ ᠢ ᠰᠢᠲᠠᠭᠠᠯᠭᠠᠲᠤ ᠲᠠᠬᠢᠯ ᠪᠣᠯᠭᠠᠨ ᠡᠷᠭᠦᠭᠡᠷᠡᠢ》 ᠭᠡᠪᠡ᠃ 3 ᠠᠪᠷᠠᠬᠠᠮ ᠥᠷᠯᠥᠭᠡ ᠡᠷᠲᠡᠯᠡᠨ ᠪᠣᠰᠣᠭᠠᠳ ᠡᠯᠵᠢᠭᠡ ᠪᠡᠨ ᠡᠮᠡᠭᠡᠯᠯᠡᠵᠦ᠂ ᠬᠣᠶᠠᠷ ᠵᠠᠷᠤᠴᠠ ᠵᠠᠯᠠᠭᠤ ᠶᠢ ᠬᠦᠦ ᠢᠰᠠᠺ ᠤᠨ ᠢᠶᠠᠨ ᠬᠠᠮᠲᠤ ᠳᠠᠭᠤᠳᠠᠨ ᠰᠢᠲᠠᠭᠠᠯᠭᠠᠲᠤ ᠲᠠᠬᠢᠯ ᠤᠨ ᠮᠣᠳᠣ ᠶᠢ ᠣᠭᠲᠣᠯᠣᠨ ᠪᠡᠯᠡᠳᠬᠡᠵᠦ᠂ ᠪᠤᠷᠬᠠᠨ ᠤ ᠥᠪᠡᠷ ᠲᠤᠨᠢ ᠠᠢᠯᠠᠳᠤᠭᠰᠠᠨ ᠲᠡᠷᠡ ᠭᠠᠵᠠᠷ ᠤᠷᠤᠭᠤ ᠶᠠᠪᠤᠭᠰᠠᠨ ᠪᠠᠢᠨ᠎ᠠ᠃ 4 ᠭᠤᠷᠪᠠᠳᠠᠬᠢ ᠡᠳᠦᠷ ᠨᠢ ᠠᠪᠷᠠᠬᠠᠮ ᠨᠢᠳᠦ ᠡᠷᠭᠦᠨ ᠦᠵᠡᠬᠦ ᠳᠦ᠂ ᠲᠡᠷᠡ ᠨᠤᠲᠤᠭ ᠠᠯᠤᠰ ᠲᠤ ᠬᠠᠷᠠᠭᠳᠠᠪᠠ᠃ 5 ᠲᠡᠭᠡᠭᠡᠳ ᠠᠪᠷᠠᠬᠠᠮ ᠵᠠᠷᠤᠴᠠ ᠨᠠᠷ ᠲᠠᠭᠠᠨ᠄ 《ᠲᠠ ᠬᠣᠶᠠᠷ ᠡᠯᠵᠢᠭᠡ ᠲᠠᠢ ᠪᠠᠨ ᠡ᠊ᠨᠳᠡ ᠬᠦᠯᠢᠶᠡᠵᠦ ᠪᠠᠢ᠃ ᠬᠦᠦ ᠪᠢᠳᠡ ᠬᠣᠶᠠᠷ ᠲᠡᠰᠢ ᠪᠠᠨ ᠣᠴᠢᠵᠤ ᠮᠥᠷᠭᠥᠭᠡᠳ ᠲᠠ ᠨᠠᠷ ᠤᠷᠤᠭᠤ ᠡᠷᠭᠢᠵᠦ ᠢᠷᠡᠨ᠎ᠡ》 ᠭᠡᠪᠡ᠃ 6 ᠠᠪᠷᠠᠬᠠᠮ ᠬᠦᠦ ᠢᠰᠠᠺ ᠲᠠᠭᠠᠨ ᠰᠢᠲᠠᠭᠠᠯᠭᠠᠲᠤ ᠲᠠᠬᠢᠯ ᠤᠨ ᠮᠣᠳᠣ ᠶᠢ ᠡᠭᠦᠷᠦᠭᠦᠯᠵᠦ᠂ ᠥᠪᠡᠷ ᠢᠶᠡᠨ ᠴᠠᠬᠢᠭᠤᠷ ᠴᠢᠯᠠᠭᠤ᠂ ᠬᠢᠲᠤᠭ᠎ᠠ ᠬᠣᠶᠠᠷ ᠢᠶᠠᠨ ᠭᠠᠷ ᠲᠠᠭᠠᠨ ᠪᠠᠷᠢᠭᠠᠳ ᠬᠣᠶᠠᠭᠤᠯᠠ ᠬᠠᠮᠲᠤ ᠶᠠᠪᠤᠵᠠᠢ᠃ 7 ᠢᠰᠠᠺ ᠡᠴᠢᠭᠡ ᠠᠪᠷᠠᠬᠠᠮ ᠳᠠᠭᠠᠨ ᠬᠠᠨᠳᠤᠨ᠄ 《ᠠᠪᠤ ᠮᠢᠨᠢ ᠡ︕》 ᠭᠡᠬᠦ ᠳᠦ᠂ ᠲᠡᠷᠡ᠄ 《ᠬᠦᠦ ᠮᠢᠨᠢ᠂ ᠪᠢ ᠡ᠊ᠨᠳᠡ ᠪᠠᠢᠨ᠎ᠠ》 ᠭᠡᠪᠡ᠃ ᠢᠰᠠᠺ᠄ 《ᠬᠠᠷᠠ᠂ ᠭᠠᠯ ᠪᠠ ᠲᠦᠯᠡᠭᠡ ᠡ᠊ᠨᠳᠡ ᠪᠠᠢᠨ᠎ᠠ︕ ᠬᠠᠷᠢᠨ ᠰᠢᠲᠠᠭᠠᠯᠭᠠᠲᠤ ᠲᠠᠬᠢᠯ ᠤᠨ ᠬᠤᠷᠠᠭ᠎ᠠ ᠬᠠᠮᠢᠭ᠎ᠠ ᠪᠠᠢᠨ᠎ᠠ ᠪᠤᠢ︖》 ᠭᠡᠬᠦ ᠳᠦ᠂ 8 ᠠᠪᠷᠠᠬᠠᠮ᠄ 《ᠪᠤᠷᠬᠠᠨ ᠥᠪᠡᠷ ᠢᠶᠡᠨ ᠰᠢᠲᠠᠭᠠᠯᠭᠠᠲᠤ ᠲᠠᠬᠢᠯ ᠤᠨ ᠬᠤᠷᠠᠭ᠎ᠠ ᠶᠢ ᠬᠠᠩ᠋ᠭᠠᠨ᠎ᠠ 37 ᠂ ᠬᠦᠦ ᠮᠢᠨᠢ》 ᠭᠡᠯ᠎ᠡ᠃ ᠢᠩᠭᠢᠭᠡᠳ ᠲᠡᠷᠡ ᠬᠣᠶᠠᠭᠤᠯᠠ ᠴᠢᠨᠠᠭᠰᠢ ᠶᠠᠪᠤᠵᠠᠢ᠃

9 ᠲᠡᠳᠡ ᠪᠤᠷᠬᠠᠨ ᠤ ᠠᠢᠯᠠᠳᠤᠭᠰᠠᠨ ᠲᠡᠷᠡ ᠭᠠᠵᠠᠷ ᠲᠤ ᠬᠦᠷᠴᠦ ᠢᠷᠡᠯ᠎ᠡ᠃ ᠠᠪᠷᠠᠬᠠᠮ ᠲᠡᠨᠳᠡ ᠲᠠᠬᠢᠯ ᠤᠨ ᠰᠢᠷᠡᠭᠡ ᠪᠣᠰᠬᠠᠨ ᠮᠣᠳᠣ ᠥᠷᠥᠵᠦ ᠲᠠᠯᠪᠢᠭᠠᠳ ᠬᠦᠦ ᠢᠰᠠᠺ ᠢᠶᠠᠨ ᠬᠦᠯᠢᠵᠦ᠂ ᠲᠠᠬᠢᠯ ᠤᠨ ᠰᠢᠷᠡᠭᠡᠨ ᠦ ᠮᠣᠳᠣᠨ ᠳᠡᠭᠡᠷ᠎ᠡ ᠲᠠᠯᠪᠢᠪᠠ᠃ 10 ᠠᠪᠷᠠᠬᠠᠮ ᠭᠠᠷ ᠢᠶᠠᠨ ᠰᠤᠩ᠋ᠭᠠᠨ᠂ ᠬᠦᠦ ᠪᠡᠨ ᠨᠢᠲᠤᠯᠬᠤ ᠪᠠᠷ ᠬᠢᠲᠤᠭ᠎ᠠ ᠪᠠᠨ ᠠᠪᠤᠪᠠ᠃ 11 ᠲᠡᠭᠡᠲᠡᠯ᠎ᠡ ᠶᠣᠬᠣᠸᠠ ᠶᠢᠨ ᠡᠯᠴᠢ ᠲᠩᠷᠢ ᠡᠴᠡ᠄ 《ᠠᠪᠷᠠᠬᠠᠮ ᠡ᠂ ᠠᠪᠷᠠᠬᠠᠮ ᠡ︕》 ᠭᠡᠵᠦ ᠳᠠᠭᠤᠳᠠᠵᠠᠢ᠃ ᠠᠪᠷᠠᠬᠠᠮ᠄ 《ᠪᠢ ᠡ᠊ᠨᠳᠡ ᠪᠠᠢᠨ᠎ᠠ︕》 ᠭᠡᠬᠦ ᠳᠦ᠂ 12 ᠲᠩᠷᠢ ᠡᠯᠴᠢ᠄ 《ᠬᠥᠪᠡᠭᠦᠨ ᠳᠡᠭᠡᠨ ᠪᠦᠦ ᠭᠠᠷ ᠬᠦᠷ︕ ᠲᠡᠭᠦᠨ ᠳᠦ ᠶᠠᠮᠠᠷ ᠴᠤ ᠬᠣᠣᠷ ᠪᠦᠦ ᠬᠦᠷᠭᠡ︕ ᠴᠢᠮᠠᠶᠢ ᠪᠤᠷᠬᠠᠨ ᠠᠴᠠ ᠡᠮᠢᠶᠡᠳᠡᠭ ᠬᠥᠮᠦᠨ ᠭᠡᠭᠴᠢ ᠶᠢ ᠣᠳᠣ ᠪᠢ ᠮᠡᠳᠡᠯ᠎ᠡ᠃ ᠴᠢ ᠬᠦᠦ ᠪᠡᠨ᠂ ᠴᠣᠷ ᠤᠨ ᠭᠠᠭᠴᠠ ᠬᠦᠦ ᠪᠡᠨ ᠴᠤ ᠨᠠᠳᠠ ᠠᠴᠠ ᠬᠠᠷᠠᠮᠯᠠᠭ᠎ᠠ ᠦᠭᠡᠢ︕》 ᠭᠡᠪᠡ᠃ 13 ᠠᠪᠷᠠᠬᠠᠮ ᠨᠢᠳᠦ ᠡᠷᠭᠦᠨ ᠦᠵᠡᠬᠦ ᠳᠦ᠂ ᠨᠢᠭᠡᠨ ᠬᠤᠴᠠ ᠥᠳᠬᠡᠨ ᠪᠤᠲᠠᠨ ᠳᠤ ᠡᠪᠡᠷ ᠢᠶᠡᠷ ᠢᠶᠠᠨ ᠲᠡᠭᠡᠭᠯᠡᠭᠰᠡᠨ ᠪᠠᠢᠵᠠᠢ︕ ᠠᠪᠷᠠᠬᠠᠮ ᠣᠴᠢᠵᠤ᠂ ᠲᠡᠷᠡ ᠬᠤᠴᠠ ᠶᠢ ᠪᠠᠷᠢᠵᠤ ᠠᠪᠤᠭᠠᠳ ᠲᠡᠭᠦᠨ ᠢ ᠬᠦᠦ ᠶᠢᠨ ᠢᠶᠠᠨ ᠣᠷᠣᠨ ᠳᠤ ᠰᠢᠲᠠᠭᠠᠯᠭᠠᠲᠤ ᠲᠠᠬᠢᠯ ᠪᠣᠯᠭᠠᠨ ᠡᠷᠭᠦᠪᠡ᠃ 14 ᠠᠪᠷᠠᠬᠠᠮ ᠲᠡᠷᠡ ᠭᠠᠵᠠᠷ ᠢ᠄ 《ᠶᠣᠬᠣᠸᠠ ᠬᠠᠩ᠋ᠭᠠᠨ᠎ᠠ》 ᠭᠡᠵᠦ ᠨᠡᠷᠡᠯᠡᠭᠰᠡᠨ ᠤᠴᠢᠷ ᠬᠥᠮᠦᠰ ᠣᠳᠣ ᠪᠣᠯᠲᠠᠯ᠎ᠠ 《ᠶᠣᠬᠣᠸᠠ ᠶᠢᠨ ᠠᠭᠤᠯᠠᠨ ᠳᠤ ᠬᠠᠩ᠋ᠭᠠᠭᠳᠠᠨ᠎ᠠ》 ᠭᠡᠵᠦ ᠬᠡᠯᠡᠳᠡᠭ ᠪᠣᠯᠵᠠᠢ᠃

15 ᠶᠣᠬᠣᠸᠠ ᠶᠢᠨ ᠡᠯᠴᠢ ᠲᠩᠷᠢ ᠡᠴᠡ ᠠᠪᠷᠠᠬᠠᠮ ᠢ ᠬᠣᠶᠠᠳᠠᠬᠢ ᠤᠳᠠᠭ᠎ᠠ ᠪᠠᠨ ᠳᠠᠭᠤᠳᠠᠵᠤ᠂ 16 《ᠶᠣᠬᠣᠸᠠ ᠲᠤᠩ᠋ᠬᠠᠭᠯᠠᠵᠤ ᠪᠠᠢᠨ᠎ᠠ᠄ 〈ᠬᠦᠦ ᠪᠡᠨ᠂ ᠴᠣᠷ ᠤᠨ ᠭᠠᠭᠴᠠ ᠬᠦᠦ ᠪᠡᠨ ᠴᠤ ᠬᠠᠷᠠᠮᠯᠠᠭ᠎ᠠ ᠦᠭᠡᠢ᠂ ᠡᠢᠨ ᠬᠦ ᠦᠢᠯᠡᠳᠦᠭᠰᠡᠨ ᠦ ᠴᠢᠨᠢ ᠤᠴᠢᠷ ᠪᠢ ᠥᠪᠡᠷ ᠦᠨ ᠢᠶᠠᠨ ᠨᠡᠷ᠎ᠡ ᠪᠡᠷ ᠲᠠᠩ᠋ᠭᠠᠷᠢᠭᠯᠠᠶ᠎ᠠ᠃ 17 ᠪᠢ ᠴᠢᠮᠠᠶᠢ ᠢᠪᠡᠭᠡᠨ ᠢᠪᠡᠭᠡᠵᠦ᠂ ᠦᠷ᠎ᠡ ᠤᠳᠤᠮ ᠢ ᠴᠢᠨᠢ ᠲᠩᠷᠢ ᠶᠢᠨ ᠣᠳᠣᠳ᠂ ᠳᠠᠯᠠᠢ ᠶᠢᠨ ᠬᠥᠪᠡᠭᠡ ᠶᠢᠨ ᠡᠯᠡᠰᠦ ᠮᠡᠲᠦ ᠣᠯᠠᠰᠢᠷᠠᠭᠤᠯᠤᠨ ᠣᠯᠠᠰᠢᠷᠠᠭᠤᠯᠤᠨ᠎ᠠ᠂ ᠴᠢᠨᠦ ᠦᠷ᠎ᠡ ᠤᠳᠤᠮ ᠳᠠᠢᠰᠤᠨ ᠨᠤᠭᠤᠳ ᠤᠨ ᠢᠶᠠᠨ ᠡᠭᠦᠳᠡ ᠬᠠᠭᠠᠯᠭ᠎ᠠ ᠶᠢ ᠡᠵᠡᠮᠰᠢᠬᠦ ᠪᠣᠯᠣᠨ᠎ᠠ᠃ 18 ᠴᠢ ᠮᠢᠨᠦ ᠦᠭᠡ ᠶᠢ ᠳᠠᠭᠠᠭᠰᠠᠨ ᠤᠴᠢᠷ ᠠᠴᠠ ᠴᠢᠨᠦ ᠦᠷ᠎ᠡ ᠤᠳᠤᠮ ᠢᠶᠠᠷ ᠳᠠᠮᠵᠢᠨ ᠭᠠᠵᠠᠷ ᠤᠨ ᠪᠦᠬᠦ ᠦᠨᠳᠦᠰᠦᠲᠡᠨ ᠢᠪᠡᠭᠡᠭᠳᠡᠨ᠎ᠡ〉》 ᠭᠡᠪᠡ᠃ 19 ᠠᠪᠷᠠᠬᠠᠮ ᠵᠠᠷᠤᠴᠠ ᠨᠠᠷ ᠳᠡᠭᠡᠷ᠎ᠡ ᠪᠡᠨ ᠡᠷᠭᠢᠨ ᠢᠷᠡᠭᠡᠳ ᠬᠠᠮᠲᠤ ᠳᠠᠭᠠᠨ ᠮᠣᠷᠳᠠᠵᠤ᠂ ᠪᠧᠷ ᠱᠧᠪᠠ ᠳᠤ ᠬᠦᠷᠪᠡ᠃ ᠢᠩᠭᠢᠭᠡᠳ ᠠᠪᠷᠠᠬᠠᠮ ᠪᠧᠷ ᠱᠧᠪᠠ ᠳᠤ ᠨᠤᠲᠤᠭᠰᠢᠭᠰᠠᠨ ᠪᠠᠢᠨ᠎ᠠ᠃
 ᠨᠠᠬᠣᠷ ᠤᠨ ᠬᠥᠪᠡᠭᠦᠳ

20 ᠡᠳᠡᠭᠡᠷ ᠦᠨ ᠳᠠᠷᠠᠭ᠎ᠠ ᠨᠢᠭᠡ ᠨᠢ ᠠᠪᠷᠠᠬᠠᠮ ᠳᠤ᠄ 《ᠮᠢᠯᠺᠠ ᠪᠠᠰᠠ ᠲᠠᠨ ᠤ ᠳᠡᠭᠦᠦ ᠨᠠᠬᠣᠷ ᠲᠤ ᠬᠥᠪᠡᠭᠦᠳ ᠲᠥᠷᠥᠭᠦᠯᠵᠦ ᠥᠭᠴᠡᠢ》 ᠭᠡᠵᠦ ᠮᠡᠳᠡᠭᠦᠯᠪᠡ᠃ 21 ᠬᠥᠪᠡᠭᠦᠳ ᠦᠨ ᠤᠤᠭᠠᠨ ᠨᠢ ᠦᠽ᠂ ᠤᠳᠠᠭᠠᠬᠢ ᠨᠢ ᠪᠦᠽ᠂ ᠺᠧᠮᠦ᠋ᠶᠧᠯ (ᠠᠷᠠᠮ ᠤᠨ ᠡᠴᠢᠭᠡ) 22 ᠪᠠᠰᠠ ᠺᠧᠰᠧᠳ᠋᠂ ᠬᠠᠽᠣ᠋᠂ ᠫᠢᠯᠳᠠᠱ᠂ ᠶᠢᠳ᠋ᠯᠠᠹ᠂ ᠪᠧᠲ᠋ᠦ᠋ᠶᠧᠯ ᠪᠢᠯᠡ᠃ 23 ᠪᠧᠲ᠋ᠦ᠋ᠶᠧᠯ ᠳᠤ ᠷᠧᠪᠧᠺᠠ ᠲᠥᠷᠥᠵᠡᠢ᠃ ᠮᠢᠯᠺᠠ ᠠᠪᠷᠠᠬᠠᠮ ᠤᠨ ᠳᠡᠭᠦᠦ ᠨᠠᠬᠣᠷ ᠲᠤ ᠡᠨᠡ ᠨᠠᠢ᠌ᠮᠠ ᠶᠢ ᠲᠥᠷᠥᠭᠦᠯᠵᠦ ᠥᠭᠴᠡᠢ᠃ 24 ᠨᠠᠬᠣᠷ ᠲᠤ ᠷᠧᠣᠮᠠ ᠭᠡᠳᠡᠭ ᠲᠠᠲᠠᠪᠤᠷᠢ ᠡᠮ᠎ᠡ ᠴᠤ ᠪᠠᠢᠯ᠎ᠠ᠃ ᠲᠡᠭᠦᠨ ᠡᠴᠡ ᠲᠧᠪᠠ᠂ ᠭᠠᠬᠠᠮ᠂ ᠲᠠᠬᠠᠱ᠂ ᠮᠠᠺᠠ ᠨᠠᠷ ᠲᠥᠷᠥᠪᠡ᠃