ᠡᠬᠢᠯᠡᠯ ᠭᠤᠴᠢᠨ ᠳᠣᠯᠣᠭ᠎ᠠ
ᠶᠣᠰᠧᠹ ᠤᠨ ᠵᠡᠭᠦᠳᠦ
1 ᠶᠠᠺᠣᠪ ᠡᠴᠢᠭᠡ ᠶᠢᠨ ᠢᠶᠠᠨ ᠰᠠᠭᠤᠵᠤ ᠪᠠᠢᠭᠰᠠᠨ ᠬᠠᠷᠢ ᠭᠠᠵᠠᠷ ᠺᠠᠨᠠᠨ ᠤ ᠨᠤᠲᠤᠭ ᠲᠤ ᠰᠠᠭᠤᠷᠢᠰᠢᠪᠠ᠃ 2 ᠶᠠᠺᠣᠪ ᠤᠨ ᠭᠡᠷ ᠦᠨ ᠲᠡᠦᠬᠡ ᠡᠢᠮᠦ ᠪᠢᠯᠡ᠄ ᠶᠣᠰᠧᠹ ᠠᠷᠪᠠᠨ ᠳᠣᠯᠣᠭᠠᠨ ᠨᠠᠰᠤ ᠲᠠᠢ ᠪᠠᠢᠬᠤ ᠳᠠᠭᠠᠨ ᠠᠬ᠎ᠠ ᠨᠠᠷ ᠲᠠᠢ ᠪᠠᠨ ᠬᠣᠨᠢ ᠬᠠᠷᠢᠭᠤᠯᠳᠠᠭ ᠪᠠᠢᠵᠠᠢ᠃ ᠡᠨᠡ ᠵᠠᠯᠠᠭᠤ ᠡᠴᠢᠭᠡ ᠶᠢᠨ ᠢᠶᠠᠨ ᠲᠠᠲᠠᠪᠤᠷᠢ ᠡᠬᠡᠨᠡᠷ ᠪᠢᠯᠾᠠ᠂ ᠽᠢᠯᠫᠠ ᠬᠣᠶᠠᠷ ᠤᠨ ᠬᠥᠪᠡᠭᠦᠳ ᠲᠡᠢ ᠬᠠᠮᠲᠤ ᠪᠠᠢᠭᠰᠠᠨ ᠪᠥᠭᠡᠳ ᠡᠴᠢᠭᠡ ᠳᠡᠭᠡᠨ ᠲᠡᠳᠡᠨ ᠦ ᠮᠠᠭᠤ ᠶᠠᠪᠤᠳᠠᠯ ᠢ ᠳᠤᠭᠤᠯᠭᠠᠳᠠᠭ ᠪᠠᠢᠵᠠᠢ᠃ 3 ᠬᠠᠷᠢᠨ ᠢᠰᠷᠧᠯ ᠥᠨᠳᠥᠷ ᠨᠠᠰᠤᠨ ᠳᠠᠭᠠᠨ ᠣᠯᠣᠭᠰᠠᠨ ᠶᠣᠰᠧᠹ ᠢ ᠠᠯᠢ ᠬᠥᠪᠡᠭᠦᠨ ᠡᠴᠡ ᠪᠡᠨ ᠴᠤ ᠢᠯᠡᠭᠦᠦ ᠬᠠᠢᠷᠠᠯᠠᠵᠤ᠂ ᠲᠡᠭᠦᠨ ᠳᠦ ᠮᠠᠩᠨᠤᠭ ᠳᠡᠪᠡᠯ ᠬᠢᠵᠦ ᠥᠭᠴᠡᠢ᠃ 4 ᠡᠴᠢᠭᠡ ᠨᠢ ᠲᠡᠭᠦᠨ ᠢ ᠠᠯᠢ ᠬᠦᠦ ᠡᠴᠡ ᠪᠡᠨ ᠴᠤ ᠢᠯᠡᠭᠦᠦ ᠬᠠᠢᠷᠠᠯᠠᠳᠠᠭ ᠢ ᠠᠬ᠎ᠠ ᠨᠠᠷ ᠨᠢ ᠬᠠᠷᠠᠭᠠᠳ᠂ ᠶᠣᠰᠧᠹ ᠢ ᠦᠵᠡᠨ ᠶᠠᠳᠠᠵᠤ᠂ ᠲᠡᠭᠦᠨ ᠲᠡᠢ ᠡᠪ ᠨᠠᠢᠷ ᠲᠠᠢ ᠶᠠᠷᠢᠯᠴᠠᠵᠤ ᠴᠢᠳᠠᠳᠠᠭ ᠦᠭᠡᠢ ᠪᠠᠢᠵᠠᠢ᠃
5 ᠶᠣᠰᠧᠹ ᠨᠢᠭᠡᠨ ᠵᠡᠭᠦᠳᠦ ᠵᠡᠭᠦᠳᠦᠯᠡᠭᠡᠳ ᠲᠡᠭᠦᠨ ᠢ ᠪᠠᠨ ᠠᠬ᠎ᠠ ᠨᠠᠷ ᠲᠠᠭᠠᠨ ᠶᠠᠷᠢᠭᠰᠠᠨ ᠳᠤ᠂ ᠲᠡᠳᠡ ᠲᠡᠭᠦᠨ ᠢ ᠤᠯᠠᠮ ᠦᠵᠡᠨ ᠶᠠᠳᠠᠬᠤ ᠪᠣᠯᠣᠭᠰᠠᠨ ᠪᠠᠢᠨ᠎ᠠ᠃ 6 ᠶᠣᠰᠧᠹ ᠲᠡᠳᠡᠨ ᠳᠦ᠄ 《ᠮᠢᠨᠦ ᠵᠡᠭᠦᠳᠦᠯᠡᠭᠰᠡᠨ ᠵᠡᠭᠦᠳᠦ ᠶᠢ ᠰᠣᠨᠣᠰᠴᠠᠭᠠᠨᠠ ᠤᠤ︖ 7 ᠪᠢᠳᠡ ᠲᠠᠷᠢᠶᠠᠯᠠᠩ ᠤᠨ ᠲᠠᠯᠠᠪᠠᠢ ᠳᠤ ᠰᠦᠷᠡᠯ ᠪᠣᠭᠣᠵᠤ ᠪᠠᠢᠲᠠᠯ᠎ᠠ ᠮᠢᠨᠦ ᠪᠣᠭᠣᠭᠰᠠᠨ ᠰᠦᠷᠡᠯ ᠪᠣᠰᠣᠭᠠᠳ ᠵᠣᠭᠰᠣᠴᠢᠬᠠᠭᠰᠠᠨ ᠰᠢᠦ︕ ᠲᠠ ᠨᠠᠷ ᠤᠨ ᠰᠦᠷᠡᠯ ᠬᠠᠷᠢᠨ ᠮᠢᠨᠦ ᠰᠦᠷᠡᠯ ᠢ ᠲᠣᠭᠣᠷᠢᠵᠤ᠂ ᠲᠡᠭᠦᠨ ᠳᠦ ᠮᠥᠷᠭᠥᠵᠡᠭᠡᠵᠦ ᠪᠠᠢᠨ᠎ᠠ︕》 ᠭᠡᠵᠡᠢ᠃ 8 ᠠᠬ᠎ᠠ ᠨᠠᠷ ᠨᠢ ᠲᠡᠭᠦᠨ ᠳᠦ᠄ 《ᠴᠢ ᠦᠨᠡᠬᠡᠷ ᠪᠢᠳᠡᠨ ᠦ ᠬᠠᠭᠠᠨ ᠪᠣᠯᠣᠨ᠎ᠠ ᠭᠡᠵᠢ ᠤᠤ︖ ᠴᠢ ᠦᠨᠡᠬᠡᠷ ᠪᠢᠳᠡᠨ ᠢ ᠵᠠᠬᠢᠷᠬᠤ ᠪᠣᠯᠣᠨ᠎ᠠ ᠭᠡᠵᠢ ᠤᠤ︖》 ᠭᠡᠯᠴᠡᠵᠦ ᠲᠡᠭᠦᠨ ᠦ ᠵᠡᠭᠦᠳᠦ᠂ ᠶᠠᠷᠢᠶᠠᠨ ᠠᠴᠠ ᠨᠢ ᠪᠣᠯᠣᠭᠠᠳ ᠲᠡᠭᠦᠨ ᠢ ᠤᠯᠠᠮ ᠢᠯᠡᠭᠦᠦ ᠦᠵᠡᠨ ᠶᠠᠳᠠᠬᠤ ᠪᠣᠯᠵᠠᠢ᠃
9 ᠶᠣᠰᠧᠹ ᠥᠭᠡᠷ᠎ᠡ ᠨᠢᠭᠡ ᠵᠡᠭᠦᠳᠦ ᠵᠡᠭᠦᠳᠦᠯᠡᠭᠡᠳ᠂ ᠲᠡᠭᠦᠨ ᠢ ᠪᠠᠨ ᠠᠬ᠎ᠠ ᠨᠠᠷ ᠲᠠᠭᠠᠨ ᠥᠭᠦᠯᠡᠨ᠄ 《ᠪᠢ ᠪᠠᠰᠠ ᠨᠢᠭᠡ ᠵᠡᠭᠦᠳᠦ ᠵᠡᠭᠦᠳᠦᠯᠡᠭᠰᠡᠨ ᠰᠢᠦ︕ ᠨᠠᠷᠠ᠂ ᠰᠠᠷ᠎ᠠ᠂ ᠪᠠᠰᠠ ᠠᠷᠪᠠᠨ ᠨᠢᠭᠡᠨ ᠣᠳᠣ ᠨᠠᠳᠠ ᠳᠤ ᠮᠥᠷᠭᠥᠵᠡᠭᠡᠵᠦ ᠪᠠᠢᠨ᠎ᠠ︕》 ᠭᠡᠵᠡᠢ᠃ 10 ᠲᠡᠷᠡ ᠪᠡᠷ ᠡᠨᠡ ᠵᠡᠭᠦᠳᠦ ᠪᠡᠨ ᠡᠴᠢᠭᠡ ᠳᠡᠭᠡᠨ᠂ ᠪᠠᠰᠠ ᠠᠬ᠎ᠠ ᠨᠠᠷ ᠲᠠᠭᠠᠨ ᠥᠭᠦᠯᠡᠭᠰᠡᠨ ᠳᠦ᠂ ᠡᠴᠢᠭᠡ ᠨᠢ ᠲᠡᠭᠦᠨ ᠢ ᠵᠢᠮᠡᠯᠡᠵᠦ᠄ 《ᠴᠢ ᠶᠠᠮᠠᠷ ᠵᠡᠭᠦᠳᠦ ᠵᠡᠭᠦᠳᠦᠯᠡᠭᠡᠳ ᠪᠠᠢᠨ᠎ᠠ ᠪᠤᠢ︖ ᠪᠢ᠂ ᠪᠠᠰᠠ ᠡᠵᠢ ᠴᠢᠨᠢ᠂ ᠠᠬ᠎ᠠ ᠨᠠᠷ ᠴᠢᠨᠢ ᠦᠨᠡᠬᠡᠷ ᠴᠢᠮ᠎ᠠ ᠳᠡᠭᠡᠷ᠎ᠡ ᠣᠴᠢᠵᠤ᠂ ᠴᠢᠨᠦ ᠡᠮᠦᠨ᠎ᠡ ᠭᠠᠵᠠᠷ ᠲᠤ ᠰᠥᠭᠥᠳᠥᠨ ᠮᠥᠷᠭᠥᠬᠦ ᠭᠡᠵᠢ ᠤᠤ︖》 ᠭᠡᠪᠡ᠃ 11 ᠠᠬ᠎ᠠ ᠨᠠᠷ ᠨᠢ ᠲᠡᠭᠦᠨ ᠲᠡᠢ ᠠᠲᠠᠭᠠᠷᠬᠠᠭᠰᠠᠨ ᠪᠣᠯ᠂ ᠡᠴᠢᠭᠡ ᠨᠢ ᠲᠡᠭᠦᠨ ᠦ ᠦᠭᠡ ᠶᠢ ᠰᠡᠳᠬᠢᠯ ᠳᠡᠭᠡᠨ ᠬᠠᠳᠠᠭᠠᠯᠠᠭᠰᠠᠨ ᠪᠠᠢᠯ᠎ᠠ᠃
ᠶᠣᠰᠧᠹ ᠶᠧᠵᠢᠫᠲ ᠲᠤ ᠬᠤᠳᠠᠯᠳᠤᠭᠳᠠᠪᠠ
12 ᠠᠬ᠎ᠠ ᠨᠠᠷ ᠨᠢ ᠱᠧᠺᠧᠮ ᠳᠤ ᠣᠴᠢᠵᠤ᠂ ᠡᠴᠢᠭᠡ ᠶᠢᠨ ᠢᠶᠠᠨ ᠬᠣᠨᠢ ᠶᠢ ᠬᠠᠷᠢᠭᠤᠯᠵᠤ ᠪᠠᠢᠬᠤ ᠳᠤ᠂ 13 ᠢᠰᠷᠧᠯ ᠶᠣᠰᠧᠹ ᠲᠤ᠄ 《ᠠᠬ᠎ᠠ ᠨᠠᠷ ᠴᠢᠨᠢ ᠱᠧᠺᠧᠮ ᠳᠤ ᠬᠣᠨᠢ ᠪᠠᠨ ᠬᠠᠷᠢᠭᠤᠯᠵᠤ ᠪᠠᠢᠭ᠎ᠠ ᠪᠢᠰᠢ ᠤᠤ︖ ᠨᠠᠰᠢ ᠢᠷ᠎ᠡ︕ ᠪᠢ ᠴᠢᠮᠠᠶᠢ ᠲᠡᠳᠡᠨ ᠤᠷᠤᠭᠤ ᠶᠠᠪᠤᠭᠤᠯᠤᠶ᠎ᠠ》 ᠭᠡᠰᠡᠨ ᠳᠦ᠂ ᠶᠣᠰᠧᠹ ᠡᠴᠢᠭᠡ ᠳᠡᠭᠡᠨ᠄ 《ᠲᠡᠭᠡᠶ᠎ᠡ》 ᠭᠡᠵᠡᠢ᠃ 14 ᠢᠰᠷᠧᠯ᠄ 《ᠴᠢ ᠲᠡᠨᠳᠡ ᠣᠴᠢᠵᠤ᠂ ᠠᠬ᠎ᠠ ᠨᠠᠷ᠂ ᠪᠠᠰᠠ ᠬᠣᠨᠢᠨ ᠰᠦᠷᠦᠭ ᠦᠨ ᠢᠶᠠᠨ ᠮᠡᠨᠳᠦ ᠰᠠᠢᠨ ᠪᠠᠢᠭ᠎ᠠ ᠡᠰᠡᠬᠦ ᠶᠢ ᠦᠵᠡᠭᠡᠳ᠂ ᠨᠠᠳᠠ ᠳᠤ ᠡᠷᠭᠢᠵᠦ ᠬᠡᠯᠡ ᠠᠪᠴᠢᠷᠠ》 ᠭᠡᠳ ᠲᠡᠭᠦᠨ ᠢ ᠾᠧᠪᠷᠣᠨ ᠤ ᠬᠥᠨᠳᠡᠢ ᠡᠴᠡ ᠢᠯᠡᠭᠡᠭᠰᠡᠨ ᠳᠦ᠂ ᠲᠡᠷᠡ ᠪᠡᠷ ᠱᠧᠺᠧᠮ ᠤᠷᠤᠭᠤ ᠶᠠᠪᠤᠵᠠᠢ᠃
15 ᠨᠢᠭᠡ ᠬᠥᠮᠦᠨ ᠲᠡᠭᠦᠨ ᠦ ᠬᠡᠭᠡᠷ᠎ᠡ ᠲᠠᠯ᠎ᠠ ᠳᠤ ᠲᠥᠭᠡᠷᠢᠨ ᠶᠠᠪᠤᠭ᠎ᠠ ᠶᠢ ᠬᠠᠷᠠᠵᠠᠢ︕ ᠲᠡᠷᠡ ᠬᠥᠮᠦᠨ᠄ 《ᠴᠢ ᠶᠠᠭᠤ ᠡᠷᠢᠵᠦ ᠶᠠᠪᠤᠭ᠎ᠠ ᠶᠤᠮ ᠪᠤᠢ︖》 ᠭᠡᠵᠦ ᠠᠰᠠᠭᠤᠭᠰᠠᠨ ᠳᠤ᠂ 16 ᠲᠡᠷᠡ᠄ 《ᠪᠢ ᠠᠬ᠎ᠠ ᠨᠠᠷ ᠢᠶᠠᠨ ᠡᠷᠢᠵᠦ ᠪᠠᠢᠨ᠎ᠠ᠃ ᠲᠡᠳᠡᠨ ᠦ ᠬᠣᠨᠢ ᠪᠠᠨ ᠬᠠᠮᠢᠭᠠᠭᠤᠷ ᠪᠡᠯᠴᠢᠭᠡᠵᠦ ᠶᠠᠪᠤᠭ᠎ᠠ ᠶᠢ ᠨᠠᠳᠠ ᠳᠤ ᠬᠡᠯᠡᠵᠦ ᠥᠭᠭᠥᠨ᠎ᠡ ᠤᠤ︖》 ᠭᠡᠰᠡᠨ ᠳᠦ᠂ 17 ᠲᠡᠷᠡ ᠬᠥᠮᠦᠨ᠄ 《ᠲᠡᠳᠡ ᠡ᠊ᠨᠳᠡ ᠡᠴᠡ ᠶᠠᠪᠤᠵᠠᠭᠠᠭᠰᠠᠨ᠂ 〈ᠳ᠋ᠣᠲ᠋ᠠᠨ ᠤᠷᠤᠭᠤ ᠶᠠᠪᠤᠵᠠᠭᠠᠶ᠎ᠠ〉 ᠭᠡᠵᠦ ᠶᠠᠷᠢᠯᠴᠠᠬᠤ ᠶᠢ ᠨᠢ ᠪᠢ ᠰᠣᠨᠣᠰᠣᠭᠰᠠᠨ》 ᠭᠡᠪᠡ᠃ ᠲᠡᠭᠡᠭᠡᠳ ᠶᠣᠰᠧᠹ ᠠᠬ᠎ᠠ ᠨᠠᠷ ᠤᠨ ᠢᠶᠠᠨ ᠬᠣᠢᠨ᠎ᠠ ᠠᠴᠠ ᠶᠠᠪᠤᠵᠤ᠂ ᠲᠡᠳᠡᠨ ᠢ ᠳ᠋ᠣᠲ᠋ᠠᠨ ᠠᠴᠠ ᠣᠯᠵᠠᠢ᠃ 18 ᠲᠡᠳᠡ ᠶᠣᠰᠧᠹ ᠢ ᠣᠢᠷᠠᠲᠤᠵᠤ ᠢᠷᠡᠬᠦ ᠡᠴᠡ ᠨᠢ ᠡᠮᠦᠨ᠎ᠡ ᠬᠣᠯᠠ ᠠᠴᠠ ᠬᠠᠷᠠᠭᠠᠳ ᠲᠡᠭᠦᠨ ᠢ ᠠᠯᠠᠬᠤ ᠪᠠᠷ ᠬᠤᠤᠪᠢᠯᠳᠤᠵᠠᠢ᠃ 19 ᠲᠡᠳᠡ ᠪᠡᠶ᠎ᠡ ᠪᠡᠶ᠎ᠡ ᠳᠡᠭᠡᠨ ᠬᠠᠨᠳᠤᠨ᠄ 《ᠬᠠᠷ᠎ᠠ᠂ ᠨᠥᠭᠥᠭᠡ ᠵᠡᠭᠦᠳᠦᠯᠡᠭᠴᠢ ᠢᠷᠡᠵᠦ ᠪᠠᠢᠨ᠎ᠠ︕ 20 ᠵᠠ᠂ ᠣᠳᠣ ᠨᠠᠰᠢ ᠢᠷᠡᠵᠡᠭᠡ︕ ᠲᠡᠭᠦᠨ ᠢ ᠠᠯᠠᠭᠠᠳ ᠨᠦᠬᠡᠨ ᠳᠦ ᠬᠠᠶᠠᠵᠤ᠂ 〈ᠵᠡᠷᠯᠢᠭ ᠠᠷᠢᠶᠠᠲᠠᠨ ᠲᠡᠭᠦᠨ ᠢ ᠢᠳᠡᠭᠰᠡᠨ〉 ᠭᠡᠳ ᠬᠡᠯᠡᠴᠢᠬᠡᠶ᠎ᠡ᠃ ᠲᠡᠭᠡᠭᠡᠳ ᠲᠡᠭᠦᠨ ᠦ ᠵᠡᠭᠦᠳᠦ ᠶᠠᠭᠤ ᠪᠣᠯᠬᠤ ᠶᠢ ᠪᠢᠳᠡ ᠬᠠᠷᠠᠶ᠎ᠠ》 ᠭᠡᠵᠡᠢ᠃ 21 ᠷᠧᠣᠪᠧᠨ ᠡᠭᠦᠨ ᠢ ᠰᠣᠨᠣᠰᠣᠭᠠᠳ ᠶᠣᠰᠧᠹ ᠢ ᠲᠡᠳᠡᠨ ᠦ ᠭᠠᠷ ᠠᠴᠠ ᠠᠪᠤᠷᠠᠬᠤ ᠪᠠᠷ᠄ 《ᠠᠮᠢ ᠬᠣᠷᠣᠭᠠᠬᠤ ᠬᠡᠷᠡᠭ ᠦᠭᠡᠢ》 ᠭᠡᠪᠡ᠃ 22 ᠷᠧᠣᠪᠧᠨ ᠪᠠᠰᠠ ᠲᠡᠳᠡᠨ ᠳᠦ᠄ 《ᠴᠢᠰᠤ ᠪᠦᠦ ᠤᠷᠤᠰᠬ᠎ᠠ᠃ ᠲᠡᠭᠦᠨ ᠢ ᠴᠥᠯ ᠦᠨ ᠡᠨᠡ ᠨᠦᠬᠡᠨ ᠳᠦ ᠬᠠᠶᠠ᠃ ᠬᠠᠷᠢᠨ ᠲᠡᠭᠦᠨ ᠳᠦ ᠪᠦᠦ ᠭᠠᠷ ᠬᠦᠷ︕》 ᠭᠡᠵᠡᠢ᠃ ᠡᠢᠨ ᠬᠦ ᠲᠡᠷᠡ ᠲᠡᠭᠦᠨ ᠢ ᠠᠪᠤᠷᠠᠵᠤ᠂ ᠡᠴᠢᠭᠡ ᠤᠷᠤᠭᠤ ᠨᠢ ᠪᠤᠴᠠᠭᠠᠬᠤ ᠭᠡᠰᠡᠨ ᠪᠠᠢᠵᠠᠢ᠃ 23 ᠢᠩᠭᠢᠭᠡᠳ ᠠᠬ᠎ᠠ ᠨᠠᠷ ᠨᠢ ᠶᠣᠰᠧᠹ ᠢ ᠢᠷᠡᠮᠡᠭᠴᠡ ᠲᠡᠭᠦᠨ ᠦ ᠳᠡᠪᠡᠯ ᠢ᠂ ᠡᠮᠦᠰᠴᠦ ᠪᠠᠢᠭ᠎ᠠ ᠨᠥᠭᠥᠭᠡ ᠮᠠᠩᠨᠤᠭ ᠳᠡᠪᠡᠯ ᠢ ᠨᠢ ᠲᠠᠢᠯᠵᠤ᠂ 24 ᠲᠡᠭᠦᠨ ᠢ ᠪᠠᠷᠢᠵᠤ ᠠᠪᠤᠭᠠᠳ ᠨᠦᠬᠡᠨ ᠳᠦ ᠰᠢᠳᠡᠪᠡ᠃ ᠬᠠᠷᠢᠨ ᠲᠡᠷᠡ ᠨᠦᠬᠡ ᠨᠢ ᠤᠰᠤ ᠦᠭᠡᠢ ᠬᠠᠭᠤᠷᠠᠢ ᠪᠠᠢᠯ᠎ᠠ᠃
25 ᠲᠡᠳᠡ ᠬᠣᠭᠣᠯᠠ ᠢᠳᠡᠵᠦ ᠰᠠᠭᠤᠵᠤ ᠪᠠᠢᠬᠤ ᠳᠠᠭᠠᠨ᠂ ᠨᠢᠳᠦ ᠡᠷᠭᠦᠨ ᠬᠠᠷᠠᠲᠠᠯ᠎ᠠ ᠢᠱᠮᠠᠶᠧᠯᠴᠤᠳ ᠤᠨ ᠵᠢᠩ ᠤᠨ ᠴᠤᠪᠤᠭ᠎ᠠ ᠭᠢᠯᠧᠶᠠᠳ᠋ ᠡᠴᠡ ᠢᠷᠡᠵᠦ ᠪᠠᠢᠨ᠎ᠠ︕ ᠢᠱᠮᠠᠶᠧᠯᠴᠤᠳ ᠲᠡᠮᠡᠭᠡᠳ ᠲᠡᠭᠡᠨ ᠠᠩᠬᠢᠯᠤᠭᠤᠨ ᠦᠨᠦᠷᠲᠦ ᠪᠠᠷᠠᠭ᠎ᠠ᠂ ᠦᠨᠦᠷᠲᠦ ᠳᠠᠪᠠᠷᠬᠠᠢ᠂ ᠭᠦᠭᠦᠯ ᠠᠴᠢᠭᠠᠳ ᠶᠧᠵᠢᠫᠲ ᠤᠷᠤᠭᠤ ᠶᠠᠪᠤᠵᠤ ᠪᠠᠢᠵᠠᠢ᠃ 26 ᠶᠦᠳᠠ ᠠᠬ᠎ᠠ ᠳᠡᠭᠦᠦ ᠨᠠᠷ ᠲᠡᠭᠡᠨ᠄ 《ᠪᠢᠳᠡ ᠳᠡᠭᠦᠦ ᠪᠡᠨ ᠠᠯᠠᠵᠤ᠂ ᠴᠢᠰᠤ ᠶᠢ ᠨᠢ ᠨᠢᠭᠤᠭᠰᠠᠨ ᠢᠶᠠᠷ ᠶᠠᠭᠤ ᠬᠣᠨᠵᠢᠬᠤ ᠶᠤᠮ ᠪᠤᠢ︖ 27 ᠵᠠ᠂ ᠨᠠᠰᠢ ᠢᠷᠡᠵᠡᠭᠡ︕ ᠲᠡᠭᠦᠨ ᠢ ᠢᠱᠮᠠᠶᠧᠯᠴᠤᠳ ᠲᠤ ᠬᠤᠳᠠᠯᠳᠤᠶ᠎ᠠ᠂ ᠲᠡᠭᠦᠨ ᠳᠦ ᠭᠠᠷ ᠬᠦᠷᠬᠦ ᠬᠡᠷᠡᠭ ᠦᠭᠡᠢ︕ ᠲᠡᠷᠡ ᠴᠤ ᠪᠢᠳᠡᠨ ᠦ ᠳᠡᠭᠦᠦ᠂ ᠪᠢᠳᠡᠨ ᠦ ᠮᠢᠬ᠎ᠠ ᠴᠢᠰᠤᠨ ᠤ ᠲᠠᠰᠤᠷᠬᠠᠢ ᠰᠢᠦ》 ᠭᠡᠰᠡᠨ ᠳᠦ᠂ ᠠᠬ᠎ᠠ ᠳᠡᠭᠦᠦ ᠨᠠᠷ ᠨᠢ ᠲᠡᠭᠦᠨ ᠦ ᠦᠭᠡ ᠶᠢ ᠳᠠᠭᠠᠵᠠᠢ᠃ 28 ᠮᠢᠳᠢᠶᠠᠨ ᠤ ᠬᠤᠳᠠᠯᠳᠤᠭᠠᠴᠢᠳ ᠥᠩᠭᠡᠷᠡᠵᠦ ᠪᠠᠢᠯ᠎ᠠ᠃ ᠠᠬ᠎ᠠ ᠨᠠᠷ ᠨᠢ ᠶᠣᠰᠧᠹ ᠢ ᠨᠦᠬᠡᠨ ᠡᠴᠡ ᠲᠠᠲᠠᠨ ᠭᠠᠷᠭᠠᠭᠠᠳ᠂ ᠲᠡᠭᠦᠨ ᠢ ᠢᠱᠮᠠᠶᠧᠯᠴᠤᠳ ᠲᠤ ᠬᠣᠷᠢᠨ ᠱᠧᠺᠧᠯ 70 ᠮᠥᠩᠭᠥ ᠪᠡᠷ ᠬᠤᠳᠠᠯᠳᠤᠭᠰᠠᠨ ᠪᠠᠢᠨ᠎ᠠ᠃ ᠵᠢᠩᠴᠢᠳ ᠶᠣᠰᠧᠹ ᠢ ᠠᠪᠴᠤ ᠶᠧᠵᠢᠫᠲ ᠤᠷᠤᠭᠤ ᠣᠳᠴᠠᠢ᠃
29 ᠷᠧᠣᠪᠧᠨ ᠲᠡᠷᠡ ᠨᠦᠬᠡ ᠤᠷᠤᠭᠤ ᠪᠤᠴᠠᠵᠤ ᠢᠷᠡᠭᠡᠳ ᠬᠠᠷᠠᠬᠤ ᠳᠤ᠂ ᠶᠣᠰᠧᠹ ᠨᠦᠬᠡᠨ ᠳᠦ ᠠᠯᠠᠭ᠎ᠠ ᠪᠠᠢᠯ᠎ᠠ᠃ ᠲᠡᠷᠡ ᠪᠡᠷ ᠬᠤᠪᠴᠠᠰᠤ ᠪᠠᠨ ᠤᠷᠠᠨ᠂ 30 ᠳᠡᠭᠦᠦ ᠨᠠᠷ ᠲᠡᠭᠡᠨ ᠡᠷᠭᠢᠵᠦ ᠢᠷᠡᠭᠡᠳ᠄ 《ᠲᠡᠷᠡ ᠬᠦᠦ ᠠᠯᠠᠭ᠎ᠠ ᠪᠣᠯᠴᠢᠬᠠᠯ᠎ᠠ᠃ ᠪᠢ ᠶᠠᠭᠠᠬᠢᠨ᠎ᠠ︖ ᠪᠢ ᠬᠠᠮᠢᠭ᠎ᠠ ᠣᠴᠢᠬᠤ ᠶᠤᠮ ᠪᠤᠢ︖》 ᠭᠡᠪᠡ᠃ 31 ᠲᠡᠳᠡ ᠶᠣᠰᠧᠹ ᠤᠨ ᠳᠡᠪᠡᠯ ᠢ ᠠᠪᠴᠢᠷᠠᠪᠠ᠃ ᠲᠡᠳᠡ ᠡᠷ᠎ᠡ ᠢᠮᠠᠭ᠎ᠠ ᠨᠢᠳᠤᠯᠤᠭᠠᠳ ᠴᠢᠰᠤᠨ ᠳᠤᠨᠢ ᠲᠡᠭᠦᠨ ᠦ ᠳᠡᠪᠡᠯ ᠢ ᠳᠦᠷᠦᠭᠰᠡᠨ ᠦ ᠳᠠᠷᠠᠭ᠎ᠠ᠂ 32 ᠲᠡᠷᠡ ᠮᠠᠩᠨᠤᠭ ᠳᠡᠪᠡᠯ ᠢ ᠡᠴᠢᠭᠡ ᠳᠡᠭᠡᠨ ᠢᠯᠡᠭᠡᠭᠡᠳ᠄ 《ᠪᠢᠳᠡ ᠡᠭᠦᠨ ᠢ ᠣᠯᠣᠯ᠎ᠠ᠃ ᠬᠦᠦ ᠶᠢᠨ ᠴᠢᠨᠢ ᠳᠡᠪᠡᠯ ᠮᠥᠨ ᠡᠰᠡᠬᠦ ᠶᠢ ᠯᠠᠪᠯᠠᠭᠠᠷᠠᠢ》 ᠭᠡᠵᠦ ᠬᠡᠯᠡᠭᠦᠯᠪᠡ᠃ 33 ᠡᠴᠢᠭᠡ ᠨᠢ ᠳᠡᠪᠡᠯ ᠢ ᠲᠠᠨᠢᠭᠠᠳ᠄ 《ᠮᠢᠨᠦ ᠬᠦᠦ ᠶᠢᠨ ᠳᠡᠪᠡᠯ ᠮᠥᠨ ᠪᠠᠢᠨ᠎ᠠ︕ ᠵᠡᠷᠯᠢᠭ ᠠᠷᠢᠶᠠᠲᠠᠨ ᠲᠡᠭᠦᠨ ᠢ ᠪᠠᠷᠢᠵᠤ ᠢᠳᠡᠵᠡᠢ ᠁ ᠶᠣᠰᠧᠹ ᠲᠠᠰᠤᠳᠠᠴᠢᠭᠤᠯᠤᠭᠰᠠᠨ ᠨᠢ ᠭᠠᠷᠴᠠᠭ᠎ᠠ ᠦᠭᠡᠢ︕》 ᠭᠡᠳ 34 ᠬᠤᠪᠴᠠᠰᠤ ᠪᠠᠨ ᠤᠷᠠᠵᠤ᠂ ᠪᠡᠯᠬᠡᠭᠦᠰᠦᠨ ᠳᠡᠭᠡᠨ ᠲᠠᠭᠠᠷ ᠤᠭᠯᠠᠨ ᠬᠦᠦ ᠶᠢᠨ ᠢᠶᠠᠨ ᠲᠥᠯᠥᠭᠡ ᠣᠯᠠᠨ ᠬᠣᠨᠣᠭ ᠭᠠᠰᠢᠭᠤᠳᠠᠭᠰᠠᠭᠠᠷ ᠪᠠᠢᠯ᠎ᠠ᠃ 35 ᠬᠥᠪᠡᠭᠦᠳ ᠥᠬᠢᠳ ᠨᠢ ᠪᠦᠭᠦᠳᠡᠭᠡᠷ ᠢᠶᠡᠨ ᠲᠡᠭᠦᠨ ᠳᠦ ᠢᠷᠡᠭᠡᠳ ᠲᠠᠢᠪᠤᠰᠢᠷᠠᠭᠤᠯᠬᠤ ᠭᠡᠰᠡᠨ ᠪᠣᠯᠪᠠᠴᠤ ᠲᠡᠷᠡ ᠬᠦᠯᠢᠶᠡᠵᠦ ᠠᠪᠤᠯ ᠦᠭᠡᠢ᠄ 《ᠪᠢ ᠬᠦᠦ ᠶᠢᠨ ᠢᠶᠠᠨ ᠲᠥᠯᠥᠭᠡ ᠭᠠᠰᠢᠭᠤᠳᠠᠭᠰᠠᠭᠠᠷ᠂ ᠥᠭᠡᠷ᠎ᠡ ᠶᠢᠷᠲᠢᠨᠴᠦ ᠳᠦ ᠣᠳᠣᠭᠰᠠᠨ ᠬᠦᠦ ᠳᠡᠭᠡᠨ ᠬᠦᠷᠴᠦ ᠣᠴᠢᠶ᠎ᠠ》 ᠭᠡᠪᠡ᠃ ᠡᠢᠨ ᠬᠦ ᠡᠴᠢᠭᠡ ᠨᠢ ᠲᠡᠭᠦᠨ ᠦ ᠲᠥᠯᠥᠭᠡ ᠭᠠᠰᠢᠭᠤᠳᠠᠨ ᠤᠬᠢᠯᠠᠵᠠᠢ᠃ 36 ᠮᠢᠳᠢᠶᠠᠨᠴᠤᠳ ᠶᠧᠵᠢᠫᠲ ᠲᠤ ᠬᠦᠷᠦᠭᠡᠳ ᠶᠣᠰᠧᠹ ᠢ ᠹᠠᠷᠠᠣ᠋ ᠶᠢᠨ ᠲᠦᠰᠢᠮᠡᠯ ᠪᠤᠶᠤ ᠰᠢᠳᠠᠷ ᠬᠠᠮᠠᠭᠠᠯᠠᠭᠴᠢᠳ ᠤᠨ ᠠᠬᠠᠯᠠᠭᠴᠢ ᠫᠣᠲ᠋ᠢᠹᠠᠷ ᠲᠤ ᠬᠤᠳᠠᠯᠳᠤᠵᠠᠢ᠃