1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠷᠢᠨ ᠨᠠᠢ᠌ᠮᠠ
 ᠶᠠᠺᠣᠪ ᠵᠢᠭᠤᠲᠠᠪᠠ

1 ᠢᠰᠠᠺ ᠶᠠᠺᠣᠪ ᠢ ᠳᠠᠭᠤᠳᠠᠭᠠᠳ᠂ ᠲᠡᠭᠦᠨ ᠢ ᠢᠷᠥᠭᠡᠨ᠂ ᠵᠠᠬᠢᠵᠤ᠄ 《ᠴᠢ ᠺᠠᠨᠠᠨᠴᠤᠳ ᠤᠨ ᠥᠬᠢᠳ ᠡᠴᠡ ᠡᠬᠡᠨᠡᠷ ᠪᠦᠦ ᠠᠪ᠃ 2 ᠬᠠᠷᠢᠨ ᠴᠢ ᠫᠠᠳᠠᠨ ᠠᠷᠠᠮ ᠳᠠᠬᠢ ᠡᠬᠡ ᠶᠢᠨ ᠢᠶᠠᠨ ᠡᠴᠢᠭᠡ ᠪᠧᠲ᠋ᠦ᠋ᠶᠧᠯ ᠤᠨ ᠭᠡᠷ ᠤᠷᠤᠭᠤ ᠶᠠᠪᠤᠵᠤ᠂ ᠲᠡᠨᠳᠡ ᠨᠠᠭᠠᠴᠤ ᠠᠪᠤ ᠯᠠᠪᠠᠨ ᠤ ᠪᠠᠨ ᠥᠬᠢᠳ ᠡᠴᠡ ᠡᠬᠡᠨᠡᠷ ᠠᠪ᠃ 3 ᠲᠡᠭᠦᠰ ᠬᠦᠴᠦᠲᠦ ᠪᠤᠷᠬᠠᠨ ᠴᠢᠮᠠᠶᠢ ᠢᠪᠡᠭᠡᠵᠦ᠂ ᠴᠢ ᠦᠷᠡᠵᠢᠨ ᠣᠯᠠᠰᠢᠷᠠᠵᠤ ᠦᠨᠳᠦᠰᠦᠲᠡᠨ ᠨᠦᠭᠦᠳ ᠦᠨ ᠴᠢᠭᠤᠯᠭᠠᠨ ᠪᠣᠯᠬᠤ ᠪᠣᠯᠲᠤᠭᠠᠢ᠃ 4 ᠪᠠᠰᠠ ᠠᠪᠷᠠᠬᠠᠮ ᠳᠤ ᠰᠣᠶᠣᠷᠬᠠᠭᠰᠠᠨ ᠢᠷᠥᠭᠡᠯ ᠢᠶᠡᠨ ᠲᠡᠷᠡ ᠴᠢᠮ᠎ᠠ ᠳᠤ ᠪᠣᠯᠣᠨ ᠦᠷ᠎ᠡ ᠤᠳᠤᠮ ᠳᠤ ᠴᠢᠨᠢ ᠴᠤ ᠰᠣᠶᠣᠷᠬᠠᠬᠤ ᠲᠤᠯᠠ ᠴᠢ ᠠᠪᠷᠠᠬᠠᠮ ᠳᠤ ᠰᠣᠶᠣᠷᠬᠠᠭᠰᠠᠨ ᠭᠠᠵᠠᠷ ᠪᠤᠶᠤ ᠴᠠᠭᠠᠴᠢᠨ ᠪᠣᠯᠣᠭᠠᠳ ᠰᠠᠭᠤᠵᠤ ᠪᠠᠢᠭ᠎ᠠ ᠡᠨᠡ ᠭᠠᠵᠠᠷ ᠢᠶᠠᠨ ᠡᠵᠡᠮᠰᠢᠬᠦ ᠪᠣᠯᠲᠤᠭᠠᠢ︕》 ᠭᠡᠪᠡ᠃ 5 ᠢᠰᠠᠺ ᠶᠠᠺᠣᠪ ᠢ ᠶᠠᠪᠤᠭᠤᠯᠤᠭᠰᠠᠨ ᠳᠤ᠂ ᠲᠡᠷᠡ ᠪᠡᠷ ᠫᠠᠳᠠᠨ ᠠᠷᠠᠮ ᠳᠠᠬᠢ ᠯᠠᠪᠠᠨ ᠤᠷᠤᠭᠤ ᠣᠳᠴᠠᠢ᠃ ᠯᠠᠪᠠᠨ ᠪᠣᠯ ᠠᠷᠠᠮ ᠬᠥᠮᠦᠨ ᠪᠧᠲ᠋ᠦ᠋ᠶᠧᠯ ᠤᠨ ᠬᠦᠦ ᠪᠥᠭᠡᠳ ᠶᠠᠺᠣᠪ᠂ ᠡᠰᠠᠦ᠋ ᠬᠣᠶᠠᠷ ᠤᠨ ᠡᠬᠡ ᠷᠧᠪᠧᠺᠠ ᠶᠢᠨ ᠠᠬ᠎ᠠ ᠶᠤᠮ᠃

6 ᠢᠰᠠᠺ ᠶᠠᠺᠣᠪ ᠢ ᠢᠷᠥᠭᠡᠨ᠂ ᠲᠡᠭᠦᠨ ᠢ ᠫᠠᠳᠠᠨ ᠠᠷᠠᠮ ᠤᠷᠤᠭᠤ ᠶᠠᠪᠤᠭᠤᠯᠵᠤ ᠲᠡᠨᠳᠡ ᠡᠴᠡ ᠡᠬᠡᠨᠡᠷ ᠰᠣᠩ᠋ᠭᠣᠭᠤᠯᠬᠤ ᠪᠠᠷ ᠪᠠᠢᠭ᠎ᠠ ᠶᠢ ᠡᠰᠡᠦ᠋ ᠮᠡᠳᠡᠵᠡᠢ᠃ ᠪᠠᠰᠠ ᠶᠠᠺᠣᠪ ᠤᠨ ᠢᠷᠥᠭᠡᠭᠳᠡᠭᠰᠡᠨ ᠪᠠ 《ᠺᠠᠨᠠᠨ ᠤ ᠥᠬᠢᠳ ᠡᠴᠡ ᠡᠬᠡᠨᠡᠷ ᠪᠦᠦ ᠠᠪ》 ᠭᠡᠵᠦ ᠵᠠᠬᠢᠭᠰᠠᠨ ᠢᠶᠠᠷ ᠨᠢ 7 ᠶᠠᠺᠣᠪ ᠡᠬᠡ ᠡᠴᠢᠭᠡ ᠬᠣᠶᠠᠷ ᠤᠨ ᠢᠶᠠᠨ ᠦᠭᠡ ᠶᠢ ᠳᠠᠭᠠᠵᠤ᠂ ᠫᠠᠳᠠᠨ ᠠᠷᠠᠮ ᠤᠷᠤᠭᠤ ᠶᠠᠪᠤᠭᠰᠠᠨ ᠪᠠ 8 ᠡᠴᠢᠭᠡ ᠢᠰᠠᠺ ᠤᠨ ᠬᠢᠨᠢ ᠨᠢᠳᠦᠨ ᠳᠦ ᠺᠠᠨᠠᠨ ᠤ ᠥᠬᠢᠳ ᠲᠠᠭᠠᠯᠠᠭᠳᠠᠬᠤ ᠦᠭᠡᠢ ᠪᠠᠢᠭ᠎ᠠ ᠶᠢ ᠡᠰᠠᠦ᠋ ᠮᠡᠳᠡᠵᠡᠢ᠃ 9 ᠲᠡᠢᠮᠦ ᠳᠦ ᠡᠰᠠᠦ᠋ ᠬᠡᠳᠦᠢᠨ ᠡᠬᠡᠨᠡᠷ ᠤᠳ ᠲᠠᠢ ᠪᠠᠢᠭᠰᠠᠨ ᠪᠣᠯᠪᠠᠴᠤ ᠠᠪᠷᠠᠬᠠᠮ ᠤᠨ ᠬᠦᠦ ᠢᠱᠮᠠᠶᠧᠯ ᠤᠷᠤᠭᠤ ᠶᠠᠪᠤᠵᠤ᠂ ᠲᠡᠭᠦᠨ ᠦ ᠥᠬᠢᠨ ᠪᠤᠶᠤ ᠨᠧᠪᠠᠢᠶᠣᠲ ᠤᠨ ᠥᠬᠢᠨ ᠳᠡᠭᠦᠦ ᠮᠠᠬᠠᠯᠠᠲ ᠢ ᠴᠤ ᠡᠬᠡᠨᠡᠷ ᠢᠶᠡᠨ ᠪᠣᠯᠭᠠᠨ ᠠᠪᠴᠠᠢ᠃
 ᠶᠠᠺᠣᠪ ᠤᠨ ᠪᠧᠲ᠋ᠧᠯ ᠳᠠᠬᠢ ᠵᠡᠭᠦᠳᠦ

10 ᠶᠠᠺᠣᠪ ᠪᠧᠷ ᠱᠧᠪᠠ ᠠᠴᠠ ᠭᠠᠷᠤᠭᠠᠳ᠂ ᠾᠠᠷᠠᠨ ᠤᠷᠤᠭᠤ ᠶᠠᠪᠤᠪᠠ᠃ 11 ᠨᠢᠭᠡᠨ ᠭᠠᠵᠠᠷ ᠢᠷᠡᠬᠦ ᠳᠦ ᠨᠠᠷᠠ ᠰᠢᠩᠭᠡᠭᠰᠡᠨ ᠲᠤᠯᠠ ᠲᠡᠷᠡ ᠪᠡᠷ ᠲᠡᠨᠳᠡ ᠪᠡᠨ ᠬᠣᠨᠣᠬᠤ ᠪᠠᠷ ᠲᠡᠨᠳᠡᠬᠢ ᠶᠢᠨ ᠨᠢᠭᠡ ᠴᠢᠯᠠᠭᠤ ᠶᠢ ᠠᠪᠴᠤ᠂ ᠲᠣᠯᠣᠭᠠᠢ ᠳᠣᠣᠷ᠎ᠠ ᠪᠠᠨ ᠲᠠᠯᠪᠢᠭᠠᠳ ᠤᠨᠲᠠᠵᠠᠢ᠃ 12 ᠲᠡᠷᠡ ᠪᠡᠷ ᠵᠡᠭᠦᠳᠦᠨ ᠳᠣᠲᠣᠷ᠎ᠠ ᠪᠠᠨ ᠬᠠᠷᠠᠬᠤ ᠳᠤ ᠭᠠᠵᠠᠷ ᠳᠡᠭᠡᠷ᠎ᠡ ᠨᠢᠭᠡᠨ ᠱᠠᠲᠤ ᠵᠣᠭᠰᠣᠵᠤ ᠪᠠᠢᠯ᠎ᠠ︕ ᠣᠷᠣᠢ ᠨᠢ ᠲᠩᠷᠢ ᠳᠤ ᠲᠤᠯᠤᠭᠰᠠᠨ ᠪᠥᠭᠡᠳ ᠲᠡᠭᠦᠨ ᠢᠶᠡᠷ ᠪᠤᠷᠬᠠᠨ ᠤ ᠲᠩᠷᠢ ᠡᠯᠴᠢ ᠨᠠᠷ ᠥᠭᠰᠥᠨ ᠤᠷᠤᠭᠤᠳᠠᠨ ᠪᠠᠢᠯ᠎ᠠ︕ 13 ᠳᠡᠭᠡᠷ᠎ᠡ ᠨᠢ ᠶᠣᠬᠣᠸᠠ ᠵᠣᠭᠰᠣᠵᠤ ᠪᠠᠢᠪᠠ︕ ᠲᠡᠷᠡ᠄ 《ᠪᠢ ᠪᠣᠯ ᠶᠣᠬᠣᠸᠠ᠂ ᠴᠢᠨᠦ ᠡᠪᠦᠭᠡ ᠠᠪᠷᠠᠬᠠᠮ ᠤᠨ ᠪᠤᠷᠬᠠᠨ᠂ ᠮᠥᠨ ᠢᠰᠠᠺ ᠤᠨ ᠪᠤᠷᠬᠠᠨ ᠪᠠᠢᠨ᠎ᠠ᠃ ᠴᠢᠨᠦ ᠬᠡᠪᠲᠡᠵᠦ ᠪᠠᠢᠭ᠎ᠠ ᠡᠨᠡ ᠭᠠᠵᠠᠷ ᠢ ᠪᠢ ᠴᠢᠮ᠎ᠠ ᠳᠤ ᠪᠣᠯᠣᠨ ᠴᠢᠨᠦ ᠦᠷ᠎ᠡ ᠤᠳᠤᠮ ᠳᠤ ᠥᠭᠭᠥᠨ᠎ᠡ᠃ 14 ᠴᠢᠨᠦ ᠦᠷ᠎ᠡ ᠤᠳᠤᠮ ᠭᠠᠵᠠᠷ ᠤᠨ ᠲᠣᠭᠣᠰᠣ ᠰᠢᠭ᠋ ᠣᠯᠠᠰᠢᠷᠠᠵᠤ᠂ ᠪᠠᠷᠠᠭᠤᠨ᠂ ᠵᠡᠭᠦᠨ᠂ ᠬᠣᠢᠲᠤ᠂ ᠤᠷᠳᠤ ᠵᠦᠭ ᠲᠦ ᠲᠠᠷᠬᠠᠨ᠂ ᠴᠢ ᠪᠣᠯᠣᠨ ᠴᠢᠨᠦ ᠦᠷ᠎ᠡ ᠤᠳᠤᠮ ᠤᠨ ᠠᠴᠢ ᠪᠠᠷ ᠳᠡᠯᠡᠬᠡᠢ ᠶᠢᠨ ᠪᠦᠬᠦ ᠣᠪᠣᠭ ᠢᠪᠡᠭᠡᠭᠳᠡᠬᠦ ᠪᠣᠯᠣᠨ᠎ᠠ᠃ 15 ᠬᠠᠷᠠ᠂ ᠪᠢ ᠴᠢᠮ᠎ᠠ ᠲᠠᠢ ᠬᠠᠮᠲᠤ ᠪᠠᠢᠭᠰᠠᠭᠠᠷ ᠴᠢᠮᠠᠶᠢ ᠬᠠᠮᠢᠭ᠎ᠠ ᠶᠠᠪᠤᠭᠰᠠᠨ ᠴᠤ ᠬᠠᠮᠠᠭᠠᠯᠠᠨ᠂ ᠴᠢᠮᠠᠶᠢ ᠡᠨᠡ ᠨᠤᠲᠤᠭ ᠤᠷᠤᠭᠤ ᠪᠤᠴᠠᠭᠠᠵᠤ ᠠᠪᠴᠢᠷᠠᠨ᠎ᠠ᠃ ᠪᠢ ᠴᠢᠮ᠎ᠠ ᠳᠤ ᠠᠮᠠᠯᠠᠭᠰᠠᠨ ᠢᠶᠠᠨ ᠪᠡᠶᠡᠯᠡᠭᠦᠯᠬᠦ ᠬᠦᠷᠲᠡᠯ᠎ᠡ ᠴᠢᠮᠠᠶᠢ ᠣᠷᠬᠢᠬᠤ ᠦᠭᠡᠢ》 ᠭᠡᠵᠦ ᠠᠢᠯᠠᠳᠴᠠᠢ᠃ 16 ᠶᠠᠺᠣᠪ ᠨᠣᠢᠷ ᠠᠴᠠ ᠪᠠᠨ ᠰᠡᠷᠢᠭᠡᠳ᠄ 《ᠶᠣᠬᠣᠸᠠ ᠦᠨᠡᠬᠡᠷ ᠡ᠊ᠨᠳᠡ ᠪᠠᠢᠨ᠎ᠠ᠂ ᠬᠠᠷᠢᠨ ᠪᠢ ᠮᠡᠳᠡᠭᠰᠡᠨ ᠦᠭᠡᠢ》 ᠭᠡᠳ 17 ᠠᠶᠤᠨ ᠰᠦᠷᠳᠡᠵᠦ᠄ 《ᠡᠨᠡ ᠴᠢᠨᠢ ᠶᠠᠭᠤᠲᠠᠢ ᠠᠶᠤᠮᠰᠢᠭᠲᠠᠢ ᠭᠠᠵᠠᠷ ᠪᠤᠢ︖ ᠡᠨᠡ ᠪᠣᠯ ᠯᠠᠪ ᠪᠤᠷᠬᠠᠨ ᠤ ᠥᠷᠭᠥᠭᠡ᠂ ᠡᠨᠡ ᠪᠣᠯ ᠲᠩᠷᠢ ᠶᠢᠨ ᠬᠠᠭᠠᠯᠭ᠎ᠠ ᠮᠥᠨ ᠪᠠᠢᠨ᠎ᠠ》 ᠭᠡᠪᠡ᠃

18 ᠥᠷᠯᠥᠭᠡ ᠡᠷᠲᠡ ᠶᠠᠺᠣᠪ ᠳᠡᠷᠡᠯᠡᠭᠰᠡᠨ ᠴᠢᠯᠠᠭᠤ ᠪᠠᠨ ᠠᠪᠴᠤ ᠪᠠᠭᠠᠨ᠎ᠠ ᠪᠣᠯᠭᠠᠨ ᠪᠣᠰᠬᠠᠵᠤ᠂ ᠳᠡᠭᠡᠷ᠎ᠡ ᠨᠢ ᠲᠣᠰᠣ ᠴᠢᠳᠬᠤᠪᠠ᠃ 19 ᠲᠡᠷᠡ ᠡᠨᠡ ᠭᠠᠵᠠᠷ ᠢ ᠪᠧᠲ᠋ᠧᠯ 46 ᠭᠡᠵᠦ ᠨᠡᠷᠡᠯᠡᠵᠡᠢ᠃ ᠲᠡᠷᠡ ᠬᠣᠲᠠ ᠶᠢ ᠤᠤᠯ ᠨᠢ ᠯᠦᠽ ᠭᠡᠳᠡᠭ᠃ 20 ᠶᠠᠺᠣᠪ ᠲᠠᠩ᠋ᠭᠠᠷᠢᠭᠯᠠᠵᠤ᠄ 《ᠬᠡᠷᠪᠡ ᠪᠤᠷᠬᠠᠨ ᠨᠠᠳᠠ ᠲᠠᠢ ᠬᠠᠮᠲᠤ ᠪᠠᠢᠭᠰᠠᠭᠠᠷ ᠮᠢᠨᠦ ᠶᠠᠪᠤᠵᠤ ᠪᠤᠢ ᠡᠨᠡ ᠵᠠᠮ ᠳᠤ ᠨᠠᠮᠠᠶᠢ ᠬᠠᠮᠠᠭᠠᠯᠠᠨ᠂ ᠪᠠᠰᠠ ᠨᠠᠳᠠ ᠳᠤ ᠢᠳᠡᠬᠦ ᠬᠣᠭᠣᠯᠠ᠂ ᠡᠮᠦᠰᠬᠦ ᠬᠤᠪᠴᠠᠰᠤ ᠥᠭᠴᠦ᠂ 21 ᠨᠠᠮᠠᠶᠢ ᠡᠴᠢᠭᠡ ᠶᠢᠨ ᠮᠢᠨᠢ ᠭᠡᠷ ᠲᠦ ᠠᠮᠤᠷ ᠲᠠᠢᠪᠤᠩ ᠪᠤᠴᠠᠭᠠᠪᠠᠯ ᠶᠣᠬᠣᠸᠠ ᠲᠠ ᠮᠢᠨᠦ ᠪᠤᠷᠬᠠᠨ ᠪᠣᠯᠣᠨ᠎ᠠ᠂ 22 ᠪᠠᠭᠠᠨ᠎ᠠ ᠪᠣᠯᠭᠠᠨ ᠪᠣᠰᠬᠠᠭᠰᠠᠨ ᠡᠨᠡ ᠴᠢᠯᠠᠭᠤ ᠮᠢᠨᠢ ᠪᠤᠷᠬᠠᠨ ᠤ ᠥᠷᠭᠥᠭᠡ ᠪᠣᠯᠬᠤ ᠪᠥᠭᠡᠳ ᠲᠠᠨ ᠤ ᠨᠠᠳᠠ ᠳᠤ ᠥᠭᠬᠦ ᠪᠦᠬᠦᠨ ᠦ ᠠᠷᠪᠠᠨ ᠤ ᠨᠢᠭᠡ ᠶᠢ ᠪᠢ ᠦᠨᠡᠬᠡᠷ ᠲᠠᠨ ᠳᠤ ᠡᠷᠭᠦᠶ᠎ᠡ》 ᠭᠡᠯ᠎ᠡ᠃