ᠡᠬᠢᠯᠡᠯ ᠬᠣᠷᠢᠨ ᠳᠣᠯᠣᠭ᠎ᠠ
ᠢᠷᠥᠭᠡᠯ ᠢ ᠶᠠᠺᠣᠪ ᠪᠤᠯᠢᠶᠠᠪᠠ
1 ᠢᠰᠠᠺ ᠬᠥᠭᠰᠢᠷᠡᠵᠦ᠂ ᠨᠢᠳᠦ ᠨᠢ ᠮᠠᠭᠤᠳᠠᠨ᠂ ᠬᠠᠷᠠᠵᠤ ᠴᠢᠳᠠᠬᠤ ᠪᠠᠨ ᠪᠣᠯᠢᠵᠠᠢ᠃ ᠨᠢᠭᠡᠨ ᠡᠳᠦᠷ ᠲᠡᠷᠡ ᠤᠤᠭᠠᠨ ᠬᠦᠦ ᠡᠰᠠᠦ᠋ ᠪᠠᠨ ᠳᠠᠭᠤᠳᠠᠨ᠄ 《ᠬᠦᠦ ᠮᠢᠨᠢ︕》 ᠭᠡᠰᠡᠨ ᠳᠦ᠂ ᠬᠦᠦ ᠨᠢ᠄ 《ᠪᠢ ᠡ᠊ᠨᠳᠡ ᠪᠠᠢᠨ᠎ᠠ》 ᠭᠡᠵᠦ ᠬᠠᠷᠢᠭᠤᠯᠪᠠ᠃ 2 ᠢᠰᠠᠺ᠄ 《ᠬᠠᠷ᠎ᠠ᠂ ᠪᠢ ᠬᠥᠭᠰᠢᠷᠡᠵᠦ᠂ ᠬᠡᠳᠦᠢ ᠳᠦ ᠦᠬᠦᠬᠦ ᠪᠡᠨ ᠴᠤ ᠮᠡᠳᠡᠬᠦ ᠦᠭᠡᠢ ᠪᠠᠢᠨ᠎ᠠ᠂ 3 ᠣᠳᠣ ᠴᠢ ᠵᠡᠪᠰᠡᠭ᠂ ᠨᠤᠮᠤ ᠰᠠᠭᠠᠳᠠᠭ ᠢᠶᠠᠨ ᠠᠪᠤᠨ᠂ ᠬᠡᠭᠡᠷ᠎ᠡ ᠲᠠᠯ᠎ᠠ ᠳᠤ ᠭᠠᠷᠴᠤ ᠠᠩ ᠠᠩᠨᠠᠭᠠᠳ 4 ᠮᠢᠨᠦ ᠳᠤᠷᠠᠲᠠᠢ ᠠᠮᠲᠠᠲᠤ ᠬᠣᠭᠣᠯᠠ ᠶᠢ ᠬᠢᠵᠦ ᠠᠪᠴᠢᠷᠠᠨ ᠨᠠᠳᠠ ᠳᠤ ᠢᠳᠡᠭᠦᠯᠦᠭᠲᠦᠨ᠃ ᠲᠡᠭᠡᠭᠡᠳ ᠪᠢ ᠦᠬᠦᠬᠦ ᠡᠴᠡ ᠪᠡᠨ ᠡᠮᠦᠨ᠎ᠡ ᠵᠢᠷᠦᠬᠡ ᠰᠡᠳᠬᠢᠯ ᠡᠴᠡ ᠪᠡᠨ ᠴᠢᠮᠠᠶᠢ ᠢᠷᠥᠭᠡᠵᠦ ᠥᠭᠭᠥᠨ᠎ᠡ》 ᠭᠡᠪᠡ᠃
5 ᠢᠰᠠᠺ ᠬᠦᠦ ᠡᠰᠠᠦ᠋ ᠳᠡᠭᠡᠨ ᠦᠭᠡ ᠬᠡᠯᠡᠬᠦ ᠳᠦ᠂ ᠷᠧᠪᠧᠺᠠ ᠲᠡᠭᠦᠨ ᠦ ᠬᠢ ᠶᠢ ᠰᠣᠨᠣᠰᠴᠤ ᠪᠠᠢᠵᠠᠢ᠃ ᠡᠰᠠᠦ᠋ ᠠᠩ ᠬᠢᠬᠦ ᠪᠡᠷ ᠬᠡᠭᠡᠷ᠎ᠡ ᠲᠠᠯ᠎ᠠ ᠤᠷᠤᠭᠤ ᠣᠴᠢᠭᠰᠠᠨ ᠳᠤ᠂ 6 ᠷᠧᠪᠧᠺᠠ ᠬᠦᠦ ᠶᠠᠺᠣᠪ ᠲᠠᠭᠠᠨ᠄ 《ᠬᠠᠷ᠎ᠠ᠂ ᠴᠢᠨᠦ ᠠᠬ᠎ᠠ ᠡᠰᠠᠦ᠋ ᠳᠤ ᠠᠪᠤ ᠶᠢᠨ ᠴᠢᠨᠢ ᠬᠡᠯᠡᠭᠰᠡᠨ ᠦᠭᠡ ᠶᠢ ᠪᠢ ᠰᠣᠨᠣᠰᠣᠯ᠎ᠠ᠃ 7 ᠲᠡᠷᠡ ᠨᠠᠳᠠ ᠳᠤ᠄ 〈ᠠᠩ ᠤᠨ ᠮᠢᠬ᠎ᠠ ᠠᠪᠴᠢᠷᠠᠵᠤ᠂ ᠠᠮᠲᠠᠲᠤ ᠬᠣᠭᠣᠯᠠ ᠬᠢᠵᠦ᠂ ᠨᠠᠳᠠ ᠳᠤ ᠢᠳᠡᠭᠦᠯ᠂ ᠲᠡᠭᠡᠭᠡᠳ ᠪᠢ ᠦᠬᠦᠬᠦ ᠡᠴᠡ ᠪᠡᠨ ᠤᠷᠢᠳᠠ ᠴᠢᠮᠠᠶᠢ ᠶᠣᠬᠣᠸᠠ ᠶᠢᠨ ᠡᠮᠦᠨ᠎ᠡ ᠢᠷᠥᠭᠡᠵᠦ ᠥᠭᠭᠥᠶ᠎ᠡ〉 ᠭᠡᠰᠡᠨ᠃ 8 ᠲᠡᠢᠮᠦ ᠡᠴᠡ ᠬᠦᠦ ᠮᠢᠨᠢ᠂ ᠣᠳᠣ ᠴᠢᠮ᠎ᠠ ᠳᠤ ᠬᠡᠯᠡᠬᠦ ᠦᠭᠡ ᠶᠢ ᠮᠢᠨᠢ ᠰᠣᠨᠣᠰᠴᠤ ᠳᠠᠭ᠎ᠠ︕ 9 ᠴᠢ ᠮᠠᠯ ᠳᠡᠭᠡᠷ᠎ᠡ ᠪᠡᠨ ᠣᠴᠢᠭᠠᠳ ᠨᠠᠳᠠ ᠳᠤ ᠬᠣᠶᠠᠷ ᠲᠠᠷᠭᠤᠨ ᠢᠰᠢᠭᠡ ᠠᠪᠴᠢᠷᠠ᠂ ᠪᠢ ᠲᠡᠭᠦᠪᠡᠷ ᠠᠪᠤ ᠶᠢᠨ ᠴᠢᠨᠢ ᠳᠤᠷᠠᠲᠠᠢ ᠠᠮᠲᠠᠲᠤ ᠬᠣᠭᠣᠯᠠ ᠶᠢ ᠬᠢᠵᠦ ᠥᠭᠭᠥᠶ᠎ᠡ᠃ 10 ᠴᠢ ᠲᠡᠭᠦᠨ ᠢ ᠠᠪᠤ ᠳᠠᠭᠠᠨ ᠠᠪᠠᠴᠢᠵᠤ ᠢᠳᠡᠭᠦᠯ᠂ ᠲᠡᠭᠡᠪᠡᠯ ᠲᠡᠷᠡ ᠥᠭᠡᠳᠡ ᠪᠣᠯᠬᠤ ᠶᠢᠨ ᠢᠶᠠᠨ ᠡᠮᠦᠨ᠎ᠡ ᠴᠢᠮᠠᠶᠢ ᠢᠷᠥᠭᠡᠬᠦ ᠪᠣᠯᠣᠨ᠎ᠠ》 ᠭᠡᠪᠡ᠃ 11 ᠶᠠᠺᠣᠪ ᠡᠬᠡ ᠷᠧᠪᠧᠺᠠ ᠳᠠᠭᠠᠨ᠄ 《ᠬᠠᠷ᠎ᠠ᠂ ᠮᠢᠨᠦ ᠠᠬ᠎ᠠ ᠡᠰᠠᠦ᠋ ᠦᠰᠬᠡᠢ ᠬᠥᠮᠦᠨ ᠪᠠᠢᠬᠤ ᠳᠤ᠂ ᠪᠢ ᠪᠣᠯ ᠭᠥᠯᠢᠭᠡᠷ ᠠᠷᠠᠰᠤ ᠲᠠᠢ ᠬᠥᠮᠦᠨ ᠰᠢᠦ᠃ 12 ᠠᠪᠤ ᠮᠢᠨᠢ ᠨᠠᠮᠠᠶᠢ ᠲᠡᠮᠲᠡᠷᠢᠪᠡᠯ ᠶᠠᠭᠠᠬᠢᠨ᠎ᠠ︕ ᠲᠡᠭᠡᠪᠡᠯ ᠪᠢ ᠲᠡᠭᠦᠨ ᠳᠦ ᠮᠡᠬᠡᠯᠡᠭᠴᠢ ᠲᠠᠢ ᠠᠳᠠᠯᠢ ᠲᠣᠭᠠᠴᠠᠭᠳᠠᠨ᠂ ᠨᠠᠳᠠ ᠳᠡᠭᠡᠷ᠎ᠡ ᠢᠷᠥᠭᠡᠯ ᠨᠢ ᠪᠠᠢᠲᠤᠭᠠᠢ ᠬᠠᠷᠢᠶᠠᠯ ᠢᠷᠡᠬᠦ ᠪᠣᠯᠣᠨ᠎ᠠ》 ᠭᠡᠪᠡ᠃ 13 ᠡᠬᠡ ᠨᠢ ᠲᠡᠭᠦᠨ ᠳᠦ᠄ 《ᠬᠠᠷᠢᠶᠠᠯ ᠨᠢ ᠨᠠᠳᠠ ᠳᠡᠭᠡᠷ᠎ᠡ ᠪᠠᠭᠤᠭ᠂ ᠬᠦᠦ ᠮᠢᠨᠢ︕ ᠴᠢ ᠵᠥᠪᠬᠡᠨ ᠮᠢᠨᠦ ᠦᠭᠡ ᠶᠢ ᠰᠣᠨᠣᠰ᠃ ᠴᠢ ᠡ᠊ᠨᠳᠡ ᠡᠴᠡ ᠭᠠᠷᠴᠤ ᠲᠡᠳᠡᠭᠡᠷ ᠢ ᠨᠠᠳᠠ ᠳᠤ ᠠᠪᠴᠢᠷᠠ》 ᠭᠡᠪᠡ᠃ 14 ᠲᠡᠷᠡ ᠶᠠᠪᠤᠵᠤ᠂ ᠡᠵᠢ ᠳᠡᠭᠡᠨ ᠠᠪᠴᠢᠷᠠᠵᠤ ᠥᠭᠭᠥᠭᠰᠡᠨ ᠳᠦ᠂ ᠡᠵᠢ ᠨᠢ ᠡᠴᠢᠭᠡ ᠶᠢᠨ ᠬᠢᠨᠢ ᠳᠤᠷᠠᠲᠠᠢ ᠠᠮᠲᠠᠲᠤ ᠬᠣᠭᠣᠯᠠ ᠶᠢ ᠬᠢᠵᠡᠢ᠃ 15 ᠷᠧᠪᠧᠺᠠ ᠭᠡᠷ ᠲᠡᠭᠡᠨ ᠬᠠᠳᠠᠭᠠᠯᠠᠵᠤ ᠪᠠᠢᠭᠰᠠᠨ ᠬᠤᠪᠴᠠᠰᠤ ᠪᠤᠶᠤ ᠤᠤᠭᠠᠨ ᠬᠦᠦ ᠡᠰᠡᠦ᠋ ᠶᠢᠨ ᠢᠶᠠᠨ ᠬᠠᠮᠤᠭ ᠤᠨ ᠰᠠᠢᠬᠠᠨ ᠬᠤᠪᠴᠠᠰᠤ ᠶᠢ ᠠᠪᠴᠢᠷᠠᠵᠤ᠂ ᠪᠠᠭ᠎ᠠ ᠬᠦᠦ ᠶᠠᠺᠣᠪ ᠲᠠᠭᠠᠨ ᠡᠮᠦᠰᠬᠡᠵᠦ᠂ 16 ᠭᠠᠷ ᠪᠣᠯᠣᠨ ᠬᠦᠵᠦᠭᠦᠨ ᠦ ᠬᠢᠨᠢ ᠭᠥᠯᠢᠭᠡᠷ ᠬᠡᠰᠡᠭ ᠢ ᠢᠰᠢᠭᠡᠨ ᠦ ᠠᠷᠠᠰᠤ ᠪᠠᠷ ᠣᠷᠢᠶᠠᠵᠤ᠂ 17 ᠥᠪᠡᠷ ᠦᠨ ᠬᠢᠭᠰᠡᠨ ᠠᠮᠲᠠᠲᠤ ᠬᠣᠭᠣᠯᠠ ᠪᠠ ᠪᠣᠣᠪᠣ ᠶᠢ ᠬᠦᠦ ᠶᠠᠺᠣᠪ ᠲᠠᠭᠠᠨ ᠭᠠᠷᠳᠠᠭᠤᠯᠪᠠ᠃
18 ᠶᠠᠺᠣᠪ ᠡᠴᠢᠭᠡ ᠳᠡᠭᠡᠷ᠎ᠡ ᠪᠡᠨ ᠣᠴᠢᠵᠤ᠄ 《ᠠᠪᠤ ᠮᠢᠨᠢ ᠡ︕》 ᠭᠡᠵᠦ ᠳᠠᠭᠤᠳᠠᠭᠰᠠᠨ ᠳᠤ᠂ ᠠᠪᠤ ᠨᠢ᠄ 《ᠪᠢ ᠡ᠊ᠨᠳᠡ ᠪᠠᠢᠨ᠎ᠠ᠃ ᠬᠠᠷᠢᠨ ᠴᠢ ᠠᠯᠢ ᠨᠢ ᠪᠤᠢ︖ ᠬᠦᠦ ᠮᠢᠨᠢ》 ᠭᠡᠪᠡ᠃ 19 ᠶᠠᠺᠣᠪ ᠡᠴᠢᠭᠡ ᠳᠡᠭᠡᠨ᠄ 《ᠪᠢ ᠲᠠᠨ ᠤ ᠤᠤᠭᠠᠨ ᠬᠦᠦ ᠡᠰᠠᠦ᠋ ᠪᠠᠢᠨ᠎ᠠ᠃ ᠲᠠᠨ ᠤ ᠨᠠᠳᠠ ᠳᠤ ᠬᠡᠯᠡᠭᠰᠡᠨ ᠶᠣᠰᠣᠭᠠᠷ ᠪᠢ ᠬᠢᠯ᠎ᠡ᠃ ᠲᠠ ᠣᠳᠣ ᠥᠨᠳᠡᠢᠵᠦ ᠰᠠᠭᠤᠭᠠᠳ᠂ ᠠᠩ ᠤᠨ ᠮᠢᠬᠠᠨ ᠠᠴᠠ ᠮᠢᠨᠢ ᠵᠣᠭᠣᠭᠯᠠᠭᠠᠷᠠᠢ᠃ ᠲᠡᠭᠡᠭᠡᠳ ᠴᠢᠩ ᠰᠡᠳᠬᠢᠯ ᠡᠴᠡ ᠪᠡᠨ ᠨᠠᠮᠠᠶᠢ ᠢᠷᠥᠭᠡᠨ᠎ᠡ ᠤᠤ︖》 ᠭᠡᠰᠡᠨ ᠳᠦ᠂ 20 ᠢᠰᠠᠺ ᠬᠦᠦ ᠳᠡᠭᠡᠨ᠄ 《ᠴᠢ ᠶᠠᠭᠠᠬᠢᠭᠰᠠᠨ ᠬᠤᠷᠳᠤᠨ ᠠᠩᠨᠠᠭᠰᠠᠨ ᠶᠤᠮ ᠪᠤᠢ︖ ᠬᠦᠦ ᠮᠢᠨᠢ》 ᠭᠡᠰᠡᠨ ᠳᠦ᠂ ᠲᠡᠷᠡ᠄ 《ᠲᠠᠨ ᠤ ᠪᠤᠷᠬᠠᠨ ᠶᠣᠬᠣᠸᠠ ᠲᠡᠭᠦᠨ ᠢ ᠮᠢᠨᠦ ᠡᠮᠦᠨ᠎ᠡ ᠲᠠᠯᠪᠢᠭᠰᠠᠨ ᠶᠤᠮ》 ᠭᠡᠪᠡ᠃ 21 ᠢᠰᠠᠺ ᠶᠠᠺᠣᠪ ᠲᠤ᠄ 《ᠨᠠᠰᠢ ᠢᠷ᠎ᠡ᠂ ᠬᠦᠦ ᠮᠢᠨᠢ᠂ ᠮᠢᠨᠦ ᠬᠦᠦ ᠡᠰᠠᠦ᠋ ᠮᠥᠨ ᠤᠤ᠂ ᠪᠢᠰᠢ ᠤᠤ ᠭᠡᠳᠡᠭ ᠢ ᠪᠢ ᠲᠡᠮᠲᠡᠷᠢᠵᠦ ᠦᠵᠡᠶ᠎ᠡ》 ᠭᠡᠵᠡᠢ᠃ 22 ᠶᠠᠺᠣᠪ ᠡᠴᠢᠭᠡ ᠢᠰᠠᠺ ᠲᠠᠭᠠᠨ ᠣᠢᠷᠠᠲᠤᠨ ᠣᠴᠢᠪᠠ᠃ ᠢᠰᠠᠺ ᠲᠡᠭᠦᠨ ᠢ ᠲᠡᠮᠲᠡᠷᠢᠵᠦ ᠦᠵᠡᠭᠡᠳ᠄ 《ᠳᠠᠭᠤ ᠴᠢᠨᠢ ᠶᠠᠺᠣᠪ ᠤᠨ ᠳᠠᠭᠤ ᠠᠲᠠᠯ᠎ᠠ᠂ ᠭᠠᠷ ᠴᠢᠨᠢ ᠡᠰᠠᠦ᠋ ᠶᠢᠨ ᠭᠠᠷ ᠪᠠᠢᠨ᠎ᠠ》 ᠭᠡᠵᠡᠢ᠃ 23 ᠭᠠᠷ ᠨᠢ ᠠᠬ᠎ᠠ ᠡᠰᠠᠦ᠋ ᠶᠢᠨ ᠬᠢ ᠰᠢᠭ ᠢᠶᠠᠨ ᠦᠰᠦᠬᠡᠢ ᠪᠣᠯᠬᠣᠷ ᠢᠰᠠᠺ ᠲᠡᠭᠦᠨ ᠢ ᠲᠠᠨᠢᠭᠰᠠᠨ ᠦᠭᠡᠢ᠂ ᠬᠠᠷᠢᠨ ᠲᠡᠭᠦᠨ ᠢ ᠢᠷᠥᠭᠡᠬᠦ ᠶᠢᠨ ᠡᠮᠦᠨ᠎ᠡ 24 ᠢᠰᠠᠺ᠄ 《ᠴᠢ ᠮᠢᠨᠦ ᠬᠦᠦ ᠡᠰᠠᠦ᠋ ᠮᠥᠨ ᠤᠤ︖》 ᠭᠡᠵᠦ ᠯᠠᠪᠯᠠᠭᠰᠠᠨ ᠳᠤ᠂ ᠶᠠᠺᠣᠪ᠄ 《ᠪᠢ ᠮᠥᠨ》 ᠭᠡᠪᠡ᠃ 25 ᠢᠰᠠᠺ᠄ 《ᠨᠠᠳᠠ ᠳᠤ ᠥᠨᠥᠬᠢ ᠶᠠᠭᠤᠮ᠎ᠠ ᠪᠠᠨ ᠠᠪᠴᠢᠷᠠ᠂ ᠪᠢ ᠬᠦᠦ ᠶᠢᠨ ᠢᠶᠠᠨ ᠠᠩ ᠤᠨ ᠮᠢᠬᠠᠨ ᠠᠴᠠ ᠢᠳᠡᠭᠰᠡᠨ ᠦ ᠳᠠᠷᠠᠭ᠎ᠠ᠂ ᠴᠢᠩ ᠰᠡᠳᠬᠢᠯ ᠡᠴᠡ ᠪᠡᠨ ᠴᠢᠮᠠᠶᠢ ᠢᠷᠥᠭᠡᠶ᠎ᠡ》 ᠭᠡᠳ ᠶᠠᠺᠣᠪ ᠤᠨ ᠠᠪᠴᠢᠷᠠᠭᠰᠠᠨ ᠶᠠᠭᠤᠮ᠎ᠠ ᠶᠢ ᠢᠳᠡᠵᠦ ᠲᠡᠭᠦᠨ ᠦ ᠠᠪᠴᠢᠷᠠᠭᠰᠠᠨ ᠳᠠᠷᠠᠰᠤ ᠶᠢ ᠤᠤᠭᠤᠵᠠᠢ᠃ 26 ᠲᠡᠭᠡᠭᠡᠳ ᠡᠴᠢᠭᠡ ᠢᠰᠠᠺ ᠨᠢ᠄ 《ᠬᠦᠦ ᠮᠢᠨᠢ᠂ ᠨᠠᠰᠢ ᠢᠷᠡᠭᠡᠳ᠂ ᠨᠠᠮᠠᠶᠢ ᠦᠨᠦᠰ》 ᠭᠡᠬᠦ ᠳᠦ᠂ 27 ᠶᠠᠺᠣᠪ ᠣᠢᠷᠠᠲᠤᠨ ᠣᠴᠢᠵᠤ᠂ ᠲᠡᠭᠦᠨ ᠢ ᠦᠨᠦᠰᠦᠭᠰᠡᠨ ᠳᠦ᠂ ᠡᠴᠢᠭᠡ ᠨᠢ ᠬᠤᠪᠴᠠᠰᠤᠨ ᠤ ᠬᠢᠨᠢ ᠦᠨᠦᠷ ᠢ ᠦᠨᠦᠷᠲᠦᠭᠡᠳ᠂ ᠲᠡᠭᠦᠨ ᠢ ᠢᠷᠥᠭᠡᠨ ᠠᠳᠢᠰᠯᠠᠵᠤ᠄ 《ᠬᠥᠶᠶ᠂ ᠬᠦᠦ ᠶᠢᠨ ᠮᠢᠨᠢ ᠦᠨᠦᠷ ᠶᠣᠬᠣᠸᠠ ᠶᠢᠨ ᠢᠷᠥᠭᠡᠭᠰᠡᠨ ᠬᠡᠭᠡᠷ᠎ᠡ ᠲᠠᠯ᠎ᠠ ᠶᠢᠨ ᠦᠨᠦᠷ᠂
28 ᠬᠥᠬᠡ ᠲᠩᠷᠢ ᠶᠢᠨ ᠰᠢᠭᠦᠳᠡᠷᠢ ᠭᠠᠵᠠᠷ ᠤᠨ ᠪᠠᠶᠠᠨ ᠲᠠᠷᠭᠤᠨ ᠢ ᠪᠤᠷᠬᠠᠨ ᠴᠢᠮ᠎ᠠ ᠳᠤ ᠡᠯᠪᠡᠭ ᠦᠷ᠎ᠡ ᠲᠠᠷᠢᠶ᠎ᠠ᠂ ᠡᠯᠪᠡᠭ ᠰᠢᠨ᠎ᠡ ᠳᠠᠷᠠᠰᠤ ᠲᠠᠢ ᠨᠢ ᠬᠠᠮᠲᠤ ᠬᠠᠢᠷᠠᠯᠠᠬᠤ ᠪᠣᠯᠲᠤᠭᠠᠢ︕
29 ᠴᠢᠮ᠎ᠠ ᠳᠤ ᠦᠨᠳᠦᠰᠦᠲᠡᠨ ᠨᠦᠭᠦᠳ ᠦᠢᠯᠡᠴᠢᠯᠡᠵᠦ ᠴᠢᠮ᠎ᠠ ᠳᠤ ᠤᠯᠤᠰ ᠭᠦᠷᠦᠨ ᠨᠦᠭᠦᠳ ᠰᠥᠬᠥᠷᠡᠬᠦ ᠪᠣᠯᠲᠤᠭᠠᠢ︕ ᠴᠢ ᠠᠬ᠎ᠠ ᠳᠡᠭᠦᠦ ᠨᠠᠷ ᠤᠨ ᠢᠶᠠᠨ ᠡᠵᠡᠨ ᠪᠣᠯᠵᠤ᠂ ᠴᠢᠮ᠎ᠠ ᠳᠤ ᠡᠬᠡ ᠶᠢᠨ ᠴᠢᠨᠢ ᠬᠥᠪᠡᠭᠦᠳ ᠰᠥᠬᠥᠷᠡᠬᠦ ᠪᠣᠯᠲᠤᠭᠠᠢ᠂ ᠴᠢᠮᠠᠶᠢ ᠬᠠᠷᠢᠶᠠᠭᠴᠢ ᠨᠢ ᠬᠠᠷᠢᠶᠠᠭᠳᠠᠵᠤ ᠴᠢᠮᠠᠶᠢ ᠢᠷᠥᠭᠡᠭᠴᠢ ᠨᠢ ᠢᠷᠥᠭᠡᠭᠳᠡᠬᠦ ᠪᠣᠯᠲᠤᠭᠠᠢ︕》 ᠬᠡᠮᠡᠪᠡ᠃
30 ᠢᠰᠠᠺ ᠶᠠᠺᠣᠪ ᠢ ᠢᠩᠭᠢᠵᠦ ᠢᠷᠥᠭᠡᠨ ᠠᠳᠢᠰᠯᠠᠪᠠ᠂ ᠶᠠᠺᠣᠪ ᠡᠴᠢᠭᠡ ᠢᠰᠠᠺ ᠤᠨ ᠢᠶᠠᠨ ᠡᠮᠦᠨ᠎ᠡ ᠡᠴᠡ ᠪᠣᠰᠣᠨ ᠭᠠᠷᠴᠤ ᠶᠠᠪᠤᠲᠠᠯ᠎ᠠ᠂ ᠲᠡᠭᠦᠨ ᠦ ᠠᠬ᠎ᠠ ᠡᠰᠠᠦ᠋ ᠠᠩ ᠠᠴᠠ ᠪᠠᠨ ᠪᠤᠴᠠᠵᠤ ᠢᠷᠡᠵᠡᠢ᠃ 31 ᠡᠰᠠᠦ᠋ ᠴᠤ ᠠᠮᠲᠠᠲᠤ ᠬᠣᠭᠣᠯᠠ ᠬᠢᠵᠦ᠂ ᠡᠴᠢᠭᠡ ᠳᠡᠭᠡᠨ ᠠᠪᠠᠴᠢᠪᠠ᠃ ᠲᠡᠷᠡ᠄ 《ᠠᠪᠤ ᠮᠢᠨᠢ ᠡ᠂ ᠥᠨᠳᠡᠢᠵᠦ ᠰᠠᠭᠤ᠂ ᠲᠠ ᠬᠦᠦ ᠶᠢᠨ ᠢᠶᠠᠨ ᠠᠩ ᠤᠨ ᠮᠢᠬᠠᠨ ᠠᠴᠠ ᠢᠳᠡᠭᠡᠳ ᠴᠢᠩ ᠰᠡᠳᠬᠢᠯ ᠡᠴᠡ ᠪᠡᠨ ᠨᠠᠮᠠᠶᠢ ᠢᠷᠥᠭᠡᠨ ᠠᠳᠢᠰᠯᠠᠨ᠎ᠠ ᠤᠤ︖》 ᠭᠡᠵᠦ ᠬᠡᠯᠡᠬᠦ ᠳᠦ᠂ 32 ᠡᠴᠢᠭᠡ ᠢᠰᠠᠺ ᠨᠢ᠄ 《ᠴᠢ ᠬᠡᠨ ᠪᠤᠢ︖》 ᠭᠡᠰᠡᠨ ᠳᠦ᠂ ᠲᠡᠷᠡ ᠪᠡᠷ᠄ 《ᠪᠢ ᠲᠠᠨ ᠤ ᠬᠦᠦ᠂ ᠲᠠᠨ ᠤ ᠤᠤᠭᠠᠨ ᠬᠦᠦ ᠡᠰᠠᠦ᠋ ᠪᠠᠢᠨ᠎ᠠ》 ᠭᠡᠵᠡᠢ᠃ 33 ᠶᠡᠬᠡ ᠰᠣᠴᠢᠭᠰᠠᠨ ᠢᠰᠠᠺ ᠭᠦᠨ ᠴᠣᠴᠢᠷᠳᠠᠯ ᠳᠤ ᠠᠪᠲᠠᠭᠰᠠᠨ ᠢᠶᠠᠷ᠄ 《ᠲᠡᠭᠡᠪᠡᠯ ᠠᠩ ᠠᠩᠨᠠᠭᠠᠳ ᠨᠠᠳᠠ ᠳᠤ ᠠᠪᠴᠢᠷᠠᠵᠤ ᠥᠭᠭᠥᠭᠰᠡᠨ ᠲᠡᠷᠡ ᠬᠥᠮᠦᠨ ᠬᠡᠨ ᠶᠤᠮ ᠪᠤᠢ︖ ᠴᠢᠮᠠᠶᠢ ᠢᠷᠡᠬᠦ ᠡᠴᠡ ᠡᠮᠦᠨ᠎ᠡ ᠪᠢ ᠪᠦᠭᠦᠳᠡ ᠶᠢ ᠨᠢ ᠢᠳᠡᠭᠡᠳ᠂ ᠲᠡᠭᠦᠨ ᠢ ᠢᠷᠥᠭᠡᠭᠰᠡᠨ᠂ ᠲᠡᠷᠡ ᠯᠠ ᠢᠷᠥᠭᠡᠭᠳᠡᠨᠡ︕》 ᠭᠡᠪᠡ᠃ 34 ᠡᠰᠠᠦ᠋ ᠡᠴᠢᠭᠡ ᠶᠢᠨ ᠢᠶᠠᠨ ᠦᠭᠡ ᠶᠢ ᠰᠣᠨᠣᠰᠣᠭᠠᠳ᠂ ᠴᠢᠩᠭ᠍᠎ᠠ ᠪᠠᠷ ᠪᠠᠷᠬᠢᠷᠠᠨ ᠭᠠᠰᠢᠭᠤᠨ ᠢᠶᠠᠷ ᠤᠬᠢᠯᠠᠵᠤ᠄ 《ᠨᠠᠮᠠᠶᠢ ᠴᠤ ᠪᠠᠰᠠ ᠢᠷᠥᠭᠡᠨ ᠠᠳᠢᠰᠯᠠᠭᠠᠴᠢ︕ ᠡᠴᠢᠭᠡ ᠮᠢᠨᠢ》 ᠭᠡᠵᠦ ᠬᠡᠯᠡᠭᠰᠡᠨ ᠳᠦ᠂ 35 ᠢᠰᠠᠺ᠄ 《ᠴᠢᠨᠦ ᠳᠡᠭᠦᠦ ᠵᠠᠯᠢᠯᠠᠨ ᠢᠷᠡᠵᠦ᠂ ᠴᠢᠨᠦ ᠢᠷᠥᠭᠡᠯ ᠢ ᠠᠪᠴᠢᠬᠠᠵᠠᠢ》 ᠭᠡᠪᠡ᠃ 36 ᠡᠰᠠᠦ᠋᠄ 《ᠲᠡᠭᠦᠨ ᠢ ᠶᠠᠺᠣᠪ ᠭᠡᠵᠦ ᠨᠡᠷᠡᠯᠡᠳᠡᠭ ᠨᠢ ᠣᠨᠣᠭᠰᠠᠨ ᠪᠤᠰᠤ ᠤᠤ︖ ᠲᠡᠷᠡ ᠣᠳᠣ ᠨᠠᠮᠠᠶᠢ ᠬᠣᠶᠠᠳᠠᠬᠢ ᠤᠳᠠᠭ᠎ᠠ ᠪᠠᠨ ᠮᠡᠬᠡᠯᠡᠯᠡ᠃ ᠤᠤᠭᠠᠨ ᠬᠦᠦ ᠶᠢᠨ ᠡᠷᠬᠡ ᠶᠢ ᠮᠢᠨᠢ ᠲᠡᠷᠡ ᠠᠪᠴᠢᠬᠠᠭᠠᠳ᠂ ᠣᠳᠣ ᠢᠷᠥᠭᠡᠯ ᠢ ᠮᠢᠨᠢ ᠪᠠᠰᠠ ᠠᠪᠴᠢᠬᠠᠯ᠎ᠠ》 ᠭᠡᠵᠦ ᠬᠡᠯᠡᠭᠡᠳ᠄ 《ᠲᠠ ᠮᠢᠨᠦ ᠲᠥᠯᠥᠭᠡ ᠢᠷᠥᠭᠡᠯ ᠦᠯᠡᠳᠡᠭᠡᠭᠡ ᠦᠭᠡᠢ ᠭᠡᠵᠢ ᠤᠤ︖》 ᠭᠡᠰᠡᠨ ᠳᠦ᠂ 37 ᠢᠰᠠᠺ ᠡᠰᠠᠦ᠋ ᠳᠤ ᠬᠠᠷᠢᠭᠤᠯᠤᠨ᠄ 《ᠬᠠᠷ᠎ᠠ᠂ ᠪᠢ ᠲᠡᠭᠦᠨ ᠢ ᠴᠢᠨᠦ ᠡᠵᠡᠨ ᠪᠣᠯᠭᠠᠭᠠᠳ ᠬᠠᠮᠢᠶᠠᠲᠠᠨ ᠪᠦᠷᠢ ᠶᠢ ᠨᠢ ᠴᠤ ᠲᠡᠭᠦᠨ ᠳᠦ ᠵᠠᠷᠤᠴᠠ ᠪᠠᠷ ᠥᠭᠴᠦ᠂ ᠪᠠᠰᠠ ᠦᠷ᠎ᠡ ᠲᠠᠷᠢᠶ᠎ᠠ᠂ ᠳᠠᠷᠠᠰᠤ ᠪᠠᠷ ᠲᠡᠭᠦᠨ ᠢ ᠬᠠᠩ᠋ᠭᠠᠭᠰᠠᠨ ᠪᠣᠯᠬᠣᠷ ᠣᠳᠣ ᠪᠢ ᠴᠢᠮ᠎ᠠ ᠳᠤ ᠶᠠᠭᠤ ᠬᠢᠵᠦ ᠥᠭᠬᠦ ᠪᠢᠯᠡ︖ ᠬᠦᠦ ᠮᠢᠨᠢ》 ᠭᠡᠪᠡ᠃ 38 ᠬᠠᠷᠢᠨ ᠡᠰᠠᠦ᠋ ᠡᠴᠢᠭᠡ ᠳᠡᠭᠡᠨ᠄ 《ᠲᠠᠨ ᠳᠤ ᠡᠢᠮᠦ ᠢᠷᠥᠭᠡᠯ ᠨᠢ ᠭᠠᠭᠴᠠᠬᠠᠨ ᠪᠠᠢᠳᠠᠭ ᠤᠤ︖ ᠡᠴᠢᠭᠡ ᠮᠢᠨᠢ ᠡ︕ ᠨᠠᠮᠠᠶᠢ ᠪᠠᠰᠠ ᠢᠷᠥᠭᠡᠨ ᠠᠳᠢᠰᠯᠠᠭᠠᠴᠢ︕》 ᠭᠡᠵᠦ ᠬᠡᠯᠡᠭᠡᠳ ᠳᠠᠭᠤ ᠲᠠᠯᠪᠢᠨ ᠤᠬᠢᠯᠠᠪᠠ᠃
39 ᠡᠴᠢᠭᠡ ᠢᠰᠠᠺ ᠨᠢ ᠲᠡᠭᠦᠨ ᠳᠦ᠄ 《ᠬᠠᠷ᠎ᠠ᠂ ᠰᠠᠭᠤᠷᠢᠰᠢᠬᠤ ᠭᠠᠵᠠᠷ ᠴᠢᠨᠢ ᠪᠠᠶᠠᠨ ᠲᠠᠷᠭᠤᠨ ᠠᠴᠠ ᠠᠯᠤᠰ ᠳᠡᠭᠡᠷ᠎ᠡ ᠲᠩᠷᠢ ᠶᠢᠨ ᠰᠢᠭᠦᠳᠡᠷᠢ ᠡᠴᠡ ᠴᠤ ᠬᠣᠯᠠ ᠪᠠᠢᠬᠤ ᠪᠣᠯᠣᠨ᠎ᠠ᠃
40 ᠴᠢ ᠢᠯᠳᠦ ᠪᠡᠷ ᠢᠶᠠᠨ ᠠᠮᠢ ᠵᠢᠭᠤᠵᠤ ᠳᠡᠭᠦᠦ ᠳᠡᠭᠡᠨ ᠵᠠᠷᠤᠭᠳᠠᠬᠤ ᠪᠣᠯᠪᠠᠴᠤ ᠲᠡᠰᠪᠦᠷᠢᠯᠡᠵᠦ ᠶᠠᠳᠠᠬᠤ ᠴᠠᠭ ᠲᠠᠭᠠᠨ ᠴᠢ ᠪᠤᠭᠤᠯᠠᠭ᠎ᠠ ᠶᠢ ᠨᠢ ᠬᠦᠵᠦᠭᠦᠨ ᠡᠴᠡ ᠪᠡᠨ ᠠᠪᠴᠤ ᠬᠠᠶᠠᠨ᠎ᠠ》 ᠭᠡᠵᠡᠢ᠃
41 ᠶᠠᠺᠣᠪ ᠢ ᠢᠷᠥᠭᠡᠭᠰᠡᠨ ᠡᠴᠢᠭᠡ ᠶᠢᠨ ᠢᠶᠠᠨ ᠢᠷᠥᠭᠡᠯ ᠡᠴᠡ ᠪᠣᠯᠵᠤ᠂ ᠡᠰᠠᠦ᠋ ᠶᠠᠺᠣᠪ ᠢ ᠵᠠᠨᠤᠪᠠ᠃ 《ᠡᠴᠢᠭᠡ ᠶᠢᠨ ᠢᠶᠠᠨ ᠲᠥᠯᠥᠭᠡ ᠡᠮᠭᠡᠨᠢᠬᠦ ᠡᠳᠦᠷ ᠣᠢᠷᠠᠬᠠᠨ᠂ ᠡᠭᠦᠨ ᠦ ᠳᠠᠷᠠᠭ᠎ᠠ ᠪᠢ ᠳᠡᠭᠦᠦ ᠶᠠᠺᠣᠪ ᠢᠶᠠᠨ ᠠᠯᠠᠨ᠎ᠠ》 ᠭᠡᠵᠦ ᠲᠡᠷᠡ ᠬᠡᠯᠡᠵᠡᠢ᠃ 42 ᠤᠤᠭᠠᠨ ᠬᠦᠦ ᠡᠰᠠᠦ᠋ ᠶᠢᠨ ᠬᠢᠨᠢ ᠡᠨᠡ ᠦᠭᠡ ᠷᠧᠪᠧᠺᠠ ᠳᠤ ᠬᠦᠷᠬᠦ ᠳᠦ᠂ ᠲᠡᠷᠡ ᠪᠠᠭ᠎ᠠ ᠬᠦᠦ ᠶᠠᠺᠣᠪ ᠲᠠᠭᠠᠨ ᠬᠡᠯᠡ ᠶᠠᠪᠤᠭᠤᠯᠤᠨ ᠳᠠᠭᠤᠳᠠᠵᠤ᠄ 《ᠡᠰᠠᠦ᠋ ᠠᠬ᠎ᠠ ᠴᠢᠨᠢ ᠴᠢᠮᠠᠶᠢ ᠠᠯᠠᠵᠤ ᠥᠰᠢᠶ᠎ᠡ ᠠᠪᠬᠤ ᠭᠡᠵᠦ ᠪᠠᠢᠨ᠎ᠠ᠃ 43 ᠲᠡᠢᠮᠦ ᠡᠴᠡ ᠬᠦᠦ ᠮᠢᠨᠢ᠂ ᠮᠢᠨᠦ ᠬᠡᠯᠡᠬᠦ ᠶᠢ ᠰᠣᠨᠣᠰ᠂ ᠴᠢ ᠳᠠᠷᠤᠢᠬᠠᠨ ᠾᠠᠷᠠᠨ ᠳᠤ ᠪᠠᠢᠭ᠎ᠠ ᠮᠢᠨᠦ ᠠᠬ᠎ᠠ ᠯᠠᠪᠠᠨ ᠤᠷᠤᠭᠤ ᠵᠢᠭᠤᠲᠠᠨ ᠣᠴᠢᠵᠤ᠂ 44 ᠠᠬ᠎ᠠ ᠶᠢᠨ ᠢᠶᠠᠨ ᠠᠭᠤᠷ ᠢ ᠭᠠᠷᠲᠠᠯ᠎ᠠ᠂ ᠲᠦᠷ ᠵᠠᠭᠤᠷ᠎ᠠ ᠲᠡᠭᠦᠨ ᠲᠡᠢ ᠬᠠᠮᠲᠤ ᠪᠠᠢ᠃ 45 ᠠᠬ᠎ᠠ ᠶᠢᠨ ᠴᠢᠨᠢ ᠠᠭᠤᠷ ᠭᠠᠷᠴᠤ᠂ ᠥᠪᠡᠷ ᠲᠤᠨᠢ ᠬᠢᠭᠰᠡᠨ ᠵᠦᠢᠯ ᠢ ᠴᠢᠨᠢ ᠮᠠᠷᠲᠠᠬᠤ ᠳᠤ ᠪᠢ ᠴᠢᠮ᠎ᠠ ᠳᠤ ᠬᠡᠯᠡ ᠶᠠᠪᠤᠭᠤᠯᠵᠤ᠂ ᠴᠢᠮᠠᠶᠢ ᠲᠡᠨᠳᠡ ᠡᠴᠡ ᠠᠪᠴᠢᠷᠠᠨ᠎ᠠ᠃ ᠶᠠᠭᠠᠬᠢᠭᠠᠳ ᠪᠢ ᠲᠠᠨ ᠤ ᠬᠣᠶᠠᠭᠤᠯᠠ ᠶᠢ ᠨᠢᠭᠡ ᠡᠳᠦᠷ ᠠᠯᠳᠠᠬᠤ ᠶᠣᠰᠣᠲᠠᠢ ᠪᠢᠯᠡ》 ᠭᠡᠪᠡ᠃
46 ᠷᠧᠪᠧᠺᠠ ᠢᠰᠠᠺ ᠲᠤ᠄ 《ᠾᠢᠲ ᠤᠨ ᠥᠬᠢᠳ ᠡᠴᠡ ᠪᠣᠯᠵᠤ ᠪᠢ ᠠᠮᠢᠳᠤᠷᠠᠯ ᠠᠴᠠ ᠵᠠᠯᠬᠠᠵᠤ ᠭᠦᠢᠴᠡᠯ᠎ᠡ᠃ ᠬᠡᠷᠪᠡ ᠶᠠᠺᠣᠪ ᠲᠡᠳᠡ ᠨᠠᠷ ᠰᠢᠭ ᠾᠢᠲ᠋ᠴᠦᠳ ᠦᠨ ᠥᠬᠢᠳ᠂ ᠡᠨᠡ ᠨᠤᠲᠤᠭ ᠤᠨ ᠥᠬᠢᠳ ᠡᠴᠡ ᠡᠬᠡᠨᠡᠷ ᠠᠪᠤᠪᠠᠯ ᠠᠮᠢᠳᠤ ᠶᠠᠪᠤᠬᠤ ᠶᠢᠨ ᠮᠢᠨᠢ ᠬᠡᠷᠡᠭ ᠶᠠᠭᠤᠨ ᠪᠢᠯᠡ︖》 ᠭᠡᠪᠡ᠃