ᠡᠬᠢᠯᠡᠯ ᠨᠠᠢ᠌ᠮᠠ
ᠶᠡᠬᠡ ᠦᠶᠡᠷ ᠨᠠᠮᠵᠢᠪᠠ
1 ᠪᠤᠷᠬᠠᠨ ᠨᠣᠶᠠ ᠪᠣᠯᠣᠨ ᠲᠡᠭᠦᠨ ᠲᠡᠢ ᠬᠠᠮᠲᠤ ᠣᠩ᠋ᠭᠣᠴᠠᠨ ᠳᠤ ᠪᠠᠢᠭ᠎ᠠ ᠪᠦᠬᠦ ᠠᠮᠢᠲᠠᠨ ᠪᠠ ᠮᠠᠯ ᠠᠳᠤᠭᠤᠰᠤ ᠶᠢ ᠰᠠᠨᠠᠵᠤ᠂ ᠭᠠᠵᠠᠷ ᠳᠡᠯᠡᠬᠡᠢ ᠳᠡᠭᠡᠷ᠎ᠡ ᠰᠠᠯᠬᠢ ᠰᠠᠯᠬᠢᠯᠠᠭᠤᠯᠤᠭᠰᠠᠨ ᠳᠤ᠂ ᠤᠰᠤ ᠲᠠᠲᠠᠷᠠᠭᠰᠠᠨ ᠪᠠᠢᠨ᠎ᠠ᠃ 2 ᠭᠦᠨ ᠦ ᠪᠤᠯᠠᠭ ᠤᠳ ᠬᠢᠭᠡᠳ ᠲᠩᠷᠢ ᠶᠢᠨ ᠴᠣᠩ᠋ᠬᠣ ᠨᠤᠭᠤᠳ ᠬᠠᠭᠠᠭᠳᠠᠵᠤ ᠲᠩᠷᠢ ᠡᠴᠡ ᠣᠷᠣᠵᠤ ᠪᠠᠢᠭᠰᠠᠨ ᠪᠣᠷᠣᠭᠠᠨ ᠵᠣᠭᠰᠣᠯ᠎ᠠ᠃ 3 ᠤᠰᠤ ᠭᠠᠵᠠᠷ ᠳᠡᠯᠡᠬᠡᠢ ᠡᠴᠡ ᠲᠠᠲᠠᠷᠠᠨ ᠲᠠᠲᠠᠷᠠᠭᠰᠠᠭᠠᠷ ᠪᠠᠭᠠᠰᠤᠭᠰᠠᠨ ᠳᠤ᠂ ᠵᠠᠭᠤ ᠲᠠᠪᠢᠨ ᠬᠣᠨᠣᠭ ᠥᠩᠭᠡᠷᠡᠵᠦ 4 ᠳᠣᠯᠣᠳᠤᠭᠠᠷ ᠰᠠᠷ᠎ᠠ ᠶᠢᠨ ᠠᠷᠪᠠᠨ ᠳᠣᠯᠣᠭᠠᠨ ᠤ ᠡᠳᠦᠷ ᠣᠩ᠋ᠭᠣᠴᠠ ᠠᠷᠠᠷᠠᠲ ᠠᠭᠤᠯᠠᠨ ᠳᠡᠭᠡᠷ᠎ᠡ ᠲᠣᠭᠲᠠᠪᠠ᠃ 5 ᠤᠰᠤ ᠠᠷᠪᠠᠳᠤᠭᠠᠷ ᠰᠠᠷ᠎ᠠ ᠪᠣᠯᠲᠠᠯ᠎ᠠ ᠲᠠᠲᠠᠷᠠᠨ ᠲᠠᠲᠠᠷᠠᠭᠰᠠᠭᠠᠷ ᠠᠷᠪᠠᠳᠤᠭᠠᠷ ᠰᠠᠷ᠎ᠠ ᠶᠢᠨ ᠨᠢᠭᠡᠨ ᠦ ᠡᠳᠦᠷ ᠠᠭᠤᠯᠠᠰ ᠤᠨ ᠣᠷᠭᠢᠯ ᠬᠠᠷᠠᠭᠳᠠᠵᠠᠢ᠃
6 ᠳᠥᠴᠢ ᠬᠣᠨᠣᠭ ᠤᠨ ᠳᠠᠷᠠᠭ᠎ᠠ᠂ ᠨᠣᠶᠠ ᠥᠪᠡᠷ ᠦᠨ ᠢᠶᠠᠨ ᠬᠢᠭᠰᠡᠨ ᠣᠩ᠋ᠭᠣᠴᠠᠨ ᠤ ᠭᠡᠭᠡᠪᠴᠢ ᠶᠢ ᠨᠡᠭᠡᠭᠡᠵᠦ 7 ᠨᠢᠭᠡᠨ ᠬᠡᠷᠢᠶ᠎ᠡ ᠶᠢ ᠶᠠᠪᠤᠭᠤᠯᠪᠠ᠃ ᠲᠡᠷᠡ ᠬᠡᠷᠢᠶ᠎ᠡ ᠭᠠᠵᠠᠷ ᠳᠡᠭᠡᠷ᠎ᠡ ᠡᠴᠡ ᠤᠰᠤ ᠰᠢᠷᠭᠢᠲᠡᠯ᠎ᠡ ᠨᠠᠰᠢ ᠴᠠᠰᠢ ᠨᠢᠰᠦᠭᠰᠡᠭᠡᠷ ᠪᠠᠢᠵᠠᠢ᠃ 8 ᠲᠡᠷᠡ ᠪᠡᠷ ᠭᠠᠵᠠᠷ ᠤᠨ ᠬᠥᠷᠥᠰᠥᠨ ᠡᠴᠡ ᠤᠰᠤ ᠲᠠᠲᠠᠷᠠᠭᠰᠠᠨ ᠡᠰᠡᠬᠦ ᠶᠢ ᠮᠡᠳᠡᠬᠦ ᠶᠢᠨ ᠲᠤᠯᠠᠳᠠ ᠪᠠᠰᠠ ᠨᠢᠭᠡᠨ ᠲᠠᠭᠲᠠᠭ᠎ᠠ ᠶᠢ ᠶᠠᠪᠤᠭᠤᠯᠤᠭᠰᠠᠨ ᠪᠣᠯᠪᠠᠴᠤ 9 ᠲᠡᠷᠡ ᠲᠠᠭᠲᠠᠭ᠎ᠠ ᠬᠥᠯ ᠲᠠᠯᠪᠢᠵᠤ ᠠᠮᠠᠷᠠᠬᠤ ᠭᠠᠵᠠᠷ ᠣᠯᠣᠭ᠎ᠠ ᠦᠭᠡᠢ ᠪᠣᠯᠬᠣᠷ ᠣᠩ᠋ᠭᠣᠴᠠᠨ ᠳᠠᠭᠠᠨ ᠪᠤᠴᠠᠵᠤ ᠢᠷᠡᠪᠡ᠃ ᠭᠠᠵᠠᠷ ᠤᠨ ᠭᠠᠳᠠᠷᠭᠤ ᠪᠦᠬᠦᠯᠢ ᠪᠠᠷ ᠢᠶᠠᠨ ᠤᠰᠤ ᠲᠠᠢ ᠠᠵᠢ᠃ ᠨᠣᠶᠠ ᠭᠠᠷ ᠢᠶᠠᠨ ᠰᠤᠩ᠋ᠭᠠᠨ ᠲᠡᠭᠦᠨ ᠢ ᠲᠤᠰᠴᠤ ᠠᠪᠤᠭᠠᠳ ᠣᠩ᠋ᠭᠣᠴᠠᠨ ᠳᠠᠭᠠᠨ ᠣᠷᠣᠭᠤᠯᠵᠠᠢ᠃ 10 ᠲᠡᠷᠡ ᠪᠠᠰᠠ ᠳᠣᠯᠣᠭ᠎ᠠ ᠬᠣᠨᠣᠭ ᠬᠦᠯᠢᠶᠡᠭᠡᠳ ᠨᠥᠭᠥᠭᠡ ᠲᠠᠭᠲᠠᠭ᠎ᠠ ᠶᠢ ᠣᠩ᠋ᠭᠣᠴᠠ ᠠᠴᠠ ᠳᠠᠬᠢᠨ ᠶᠠᠪᠤᠭᠤᠯᠤᠭᠰᠠᠨ ᠳᠤ᠂ 11 ᠦᠳᠡᠰᠢ ᠨᠢ ᠲᠠᠭᠲᠠᠭ᠎ᠠ ᠲᠡᠭᠦᠨ ᠳᠡᠭᠡᠷ᠎ᠡ ᠪᠤᠴᠠᠵᠤ ᠢᠷᠡᠪᠡ᠃ ᠠᠮᠠᠨ ᠳᠠᠭᠠᠨ ᠴᠢᠳᠦᠨ ᠮᠣᠳᠣᠨ ᠤ ᠰᠢᠨᠡᠬᠡᠨ ᠨᠠᠬᠢᠶ᠎ᠠ ᠵᠠᠭᠤᠭᠰᠠᠨ ᠪᠠᠢᠵᠠᠢ︕ ᠡᠢᠨ ᠬᠦ ᠨᠣᠶᠠ ᠭᠠᠵᠠᠷ ᠤᠨ ᠤᠰᠤ ᠲᠠᠲᠠᠷᠠᠭᠰᠠᠨ ᠢ ᠮᠡᠳᠡᠪᠡ᠃ 12 ᠨᠣᠶᠠ ᠳᠠᠬᠢᠨ ᠳᠣᠯᠣᠭ᠎ᠠ ᠬᠣᠨᠣᠭ ᠬᠦᠯᠢᠶᠡᠭᠡᠳ ᠨᠥᠭᠥᠭᠡ ᠲᠠᠭᠲᠠᠭ᠎ᠠ ᠶᠢ ᠶᠠᠪᠤᠭᠤᠯᠤᠭᠰᠠᠨ ᠳᠤ᠂ ᠠᠬᠢᠭᠠᠳ ᠪᠤᠴᠠᠵᠤ ᠢᠷᠡᠭᠰᠡᠨ ᠦᠭᠡᠢ᠃
13 ᠨᠣᠶᠠ ᠵᠢᠷᠭᠤᠭᠠᠨ ᠵᠠᠭᠤ ᠨᠢᠭᠡ ᠨᠠᠰᠤᠲᠠᠢ ᠪᠣᠯᠵᠠᠢ᠃ ᠲᠡᠷᠡ ᠵᠢᠯ ᠤᠨ ᠡᠬᠢ᠂ ᠲᠤᠬᠠᠢᠯᠠᠪᠠᠯ ᠨᠢᠭᠡᠳᠦᠭᠡᠷ ᠰᠠᠷ᠎ᠠ ᠶᠢᠨ ᠨᠢᠭᠡᠨ ᠳᠦ ᠭᠠᠵᠠᠷ ᠤᠨ ᠭᠠᠳᠠᠷᠭᠤ ᠳᠡᠭᠡᠷᠡᠬᠢ ᠤᠰᠤ ᠰᠢᠷᠭᠢᠭᠰᠡᠨ ᠪᠠᠢᠪᠠ᠃ ᠨᠣᠶᠠ ᠣᠩ᠋ᠭᠣᠴᠠᠨ ᠤ ᠪᠠᠨ ᠣᠷᠣᠢ ᠶᠢ ᠰᠡᠬᠦᠭᠡᠳ ᠬᠠᠷᠠᠬᠤ ᠳᠤ᠂ ᠭᠠᠵᠠᠷ ᠤᠨ ᠭᠠᠳᠠᠷᠭᠤ ᠦᠨᠡᠬᠡᠷ ᠬᠠᠭᠤᠷᠠᠢ ᠪᠣᠯᠣᠭᠰᠠᠨ ᠪᠠᠢᠯ᠎ᠠ᠃ 14 ᠬᠣᠶᠠᠳᠤᠭᠠᠷ ᠰᠠᠷ᠎ᠠ ᠶᠢᠨ ᠬᠣᠷᠢᠨ ᠳᠣᠯᠣᠭᠠᠨ ᠳᠤ ᠭᠠᠵᠠᠷ ᠪᠦᠷᠢᠮᠦᠰᠦᠨ ᠬᠠᠲᠠᠭᠰᠠᠨ ᠪᠠᠢᠪᠠ᠃ 15 ᠪᠤᠷᠬᠠᠨ ᠨᠣᠶᠠ ᠳᠤ᠄ 16 《ᠴᠢ ᠣᠳᠣ ᠡᠬᠡᠨᠡᠷ᠂ ᠬᠥᠪᠡᠭᠦᠳ᠂ ᠪᠡᠷᠢᠶᠡᠳ ᠲᠡᠢ ᠪᠡᠨ ᠬᠠᠮᠲᠤ ᠣᠩ᠋ᠭᠣᠴᠠᠨ ᠠᠴᠠ ᠪᠠᠨ ᠭᠠᠷ᠃ 17 ᠮᠥᠨ ᠵᠢᠭᠦᠷᠲᠡᠨ ᠰᠢᠪᠠᠭᠤᠳ᠂ ᠮᠠᠯ ᠠᠳᠤᠭᠤᠰᠤ᠂ ᠭᠠᠵᠠᠷ ᠢᠶᠠᠷ ᠮᠥᠯᠬᠥᠭᠴᠢᠳ ᠪᠦᠭᠦᠳᠡ᠂ ᠲᠤᠬᠠᠢᠯᠠᠪᠠᠯ ᠥᠪᠡᠷ ᠲᠡᠢ ᠪᠡᠨ ᠬᠠᠮᠲᠤ ᠪᠠᠢᠭ᠎ᠠ ᠮᠢᠬᠠᠨ ᠪᠡᠶᠡᠲᠦ ᠪᠦᠬᠦ ᠠᠮᠢᠲᠠᠨ ᠢ ᠭᠠᠷᠭᠠᠭᠲᠤᠨ᠃ ᠲᠡᠳᠡ ᠦᠷᠡᠵᠢᠨ ᠣᠯᠠᠰᠢᠷᠠᠵᠤ ᠭᠠᠵᠠᠷ ᠳᠡᠯᠡᠬᠡᠢ ᠶᠢ ᠪᠢᠯᠬᠠᠭᠤᠯᠬᠤ ᠪᠣᠯᠣᠨ᠎ᠠ︕》 ᠭᠡᠪᠡ᠃ 18 ᠡᠢᠨ ᠬᠦ ᠨᠣᠶᠠ ᠬᠥᠪᠡᠭᠦᠳ᠂ ᠡᠬᠡᠨᠡᠷ᠂ ᠪᠡᠷᠢᠶᠡᠳ ᠲᠡᠢ ᠪᠡᠨ ᠬᠠᠮᠲᠤ ᠭᠠᠷᠴᠤ ᠢᠷᠡᠵᠡᠢ᠃ 19 ᠮᠥᠨ ᠪᠦᠬᠦ ᠠᠮᠢᠲᠠᠨ᠂ ᠪᠦᠬᠦ ᠮᠥᠯᠬᠥᠭᠴᠢ᠂ ᠪᠦᠬᠦ ᠵᠢᠭᠦᠷᠲᠡᠨ ᠬᠢᠭᠡᠳ ᠭᠠᠵᠠᠷ ᠳᠡᠭᠡᠷ᠎ᠡ ᠬᠥᠳᠡᠯᠦᠭᠴᠢ ᠪᠦᠭᠦᠳᠡ ᠲᠥᠷᠥᠯ ᠲᠥᠷᠥᠯ ᠢᠶᠡᠷ ᠢᠶᠠᠨ ᠣᠩ᠋ᠭᠣᠴᠠᠨ ᠠᠴᠠ ᠭᠠᠷᠴᠠᠢ᠃
20 ᠨᠣᠶᠠ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ ᠪᠦᠬᠦ ᠴᠡᠪᠡᠷ ᠠᠮᠢᠲᠠᠨ᠂ ᠪᠦᠬᠦ ᠴᠡᠪᠡᠷ ᠵᠢᠭᠦᠷᠲᠡᠨ ᠡᠴᠡ ᠰᠢᠯᠢᠵᠦ ᠠᠪᠤᠭᠠᠳ ᠲᠠᠬᠢᠯ ᠤᠨ ᠰᠢᠷᠡᠭᠡᠨ ᠳᠡᠭᠡᠷ᠎ᠡ ᠰᠢᠲᠠᠭᠠᠯᠭᠠᠲᠤ ᠲᠠᠬᠢᠯ ᠡᠷᠭᠦᠪᠡ᠃ 21 ᠶᠣᠬᠣᠸᠠ ᠲᠠᠭᠠᠯᠠᠮᠵᠢᠲᠤ ᠦᠨᠦᠷ ᠢ ᠲᠠᠭᠠᠰᠢᠶᠠᠨ ᠰᠣᠶᠣᠷᠬᠠᠵᠤ᠂ ᠵᠢᠷᠦᠬᠡᠨ ᠳᠡᠭᠡᠨ᠄ 《ᠬᠥᠮᠦᠨ ᠦ ᠪᠣᠳᠣᠯ ᠰᠠᠨᠠᠭ᠎ᠠ ᠬᠠᠷ᠎ᠠ ᠪᠠᠭ᠎ᠠ ᠠᠴᠠ ᠪᠠᠨ ᠬᠣᠷᠣᠨ ᠮᠠᠭᠤ ᠪᠣᠯᠪᠠᠴᠤ ᠬᠥᠮᠦᠨ ᠦ ᠤᠯᠠᠮ ᠢᠶᠠᠷ ᠭᠠᠵᠠᠷ ᠢ ᠪᠢ ᠳᠠᠬᠢᠵᠤ ᠬᠠᠷᠢᠶᠠᠬᠤ ᠦᠭᠡᠢ᠃ ᠪᠢ ᠤᠷᠢᠳᠤ ᠶᠢᠨ ᠬᠢ ᠰᠢᠭ᠋ ᠢᠶᠠᠨ ᠬᠠᠮᠤᠭ ᠠᠮᠢᠲᠠᠨ ᠢ ᠳᠠᠬᠢᠵᠤ ᠰᠥᠨᠥᠭᠡᠬᠦ ᠦᠭᠡᠢ᠃
22 ᠭᠠᠵᠠᠷ ᠳᠡᠯᠡᠬᠡᠢ ᠣᠷᠣᠰᠢᠨ ᠪᠠᠢᠬᠤ ᠶᠤᠮ ᠪᠣᠯ ᠲᠠᠷᠢᠬᠤ ᠪᠠ ᠬᠤᠷᠢᠶᠠᠬᠤ ᠬᠦᠢᠲᠡᠨ ᠪᠠ ᠬᠠᠯᠠᠭᠤᠨ ᠵᠤᠨ ᠪᠠ ᠡᠪᠦᠯ ᠡᠳᠦᠷ ᠪᠠ ᠰᠥᠨᠢ ᠵᠣᠭᠰᠣᠬᠤ ᠦᠭᠡᠢ ᠪᠠᠢᠬᠤ ᠪᠣᠯᠣᠨ᠎ᠠ》 ᠭᠡᠵᠦ ᠠᠢᠯᠠᠳᠴᠠᠢ᠃