ᠡᠬᠢᠯᠡᠯ ᠬᠣᠷᠢ ᠶᠢᠰᠦ
ᠶᠠᠺᠣᠪ ᠤᠨ ᠠᠵᠢᠯ ᠪᠠ ᠭᠡᠷᠯᠡᠯᠲᠡ
1 ᠶᠠᠺᠣᠪ ᠬᠥᠯ ᠬᠥᠩᠭᠡᠷᠡᠨ ᠶᠠᠪᠤᠵᠤ᠂ ᠳᠣᠷᠣᠨ᠎ᠠ ᠵᠦᠭ ᠦᠨ ᠬᠥᠮᠦᠰ ᠦᠨ ᠨᠤᠲᠤᠭ ᠲᠤ ᠬᠦᠷᠴᠡᠢ᠃ 2 ᠲᠡᠷᠡ ᠬᠠᠷᠠᠬᠤ ᠳᠤ᠂ ᠬᠡᠭᠡᠷ᠎ᠡ ᠲᠠᠯ᠎ᠠ ᠳᠤ ᠨᠢᠭᠡᠨ ᠬᠤᠳᠳᠤᠭ ᠪᠠᠢᠵᠠᠢ︕ ᠳᠡᠷᠭᠡᠳᠡ ᠨᠢ ᠭᠤᠷᠪᠠᠨ ᠰᠦᠷᠦᠭ ᠬᠣᠨᠢ ᠬᠡᠪᠲᠡᠵᠦ ᠪᠠᠢᠪᠠ︕ ᠬᠣᠨᠢᠴᠢᠳ ᠲᠡᠷᠡ ᠬᠤᠳᠳᠤᠭ ᠠᠴᠠ ᠬᠣᠨᠢ ᠪᠠᠨ ᠤᠰᠤᠯᠠᠳᠠᠭ ᠪᠠᠢᠪᠠ᠃ ᠬᠤᠳᠳᠤᠭ ᠤᠨ ᠠᠮᠠ ᠶᠢ ᠲᠣᠮᠣ ᠴᠢᠯᠠᠭᠤ ᠪᠠᠷ ᠳᠠᠷᠤᠳᠠᠭ ᠪᠥᠭᠡᠳ 3 ᠪᠦᠬᠦ ᠰᠦᠷᠦᠭ ᠴᠤᠭᠯᠠᠬᠤ ᠦᠶ᠎ᠡ ᠳᠦ ᠬᠣᠨᠢᠴᠢᠳ ᠬᠤᠳᠳᠤᠭ ᠤᠨ ᠠᠮᠠᠨ ᠠᠴᠠ ᠴᠢᠯᠠᠭᠤ ᠶᠢ ᠥᠩᠬᠥᠷᠢᠭᠦᠯᠦᠨ ᠵᠠᠢᠯᠠᠭᠤᠯᠵᠤ᠂ ᠬᠣᠨᠢ ᠪᠠᠨ ᠤᠰᠤᠯᠠᠭᠠᠳ᠂ ᠳᠠᠷᠠᠭ᠎ᠠ ᠨᠢ ᠤᠭ ᠴᠢᠯᠠᠭᠤ ᠪᠠᠨ ᠬᠤᠳᠳᠤᠭ ᠤᠨ ᠠᠮᠠᠰᠠᠷ ᠳᠡᠭᠡᠷ᠎ᠡ ᠪᠤᠴᠠᠭᠠᠨ ᠲᠠᠯᠪᠢᠳᠠᠭ ᠪᠠᠢᠵᠠᠢ᠃
4 ᠶᠠᠺᠣᠪ ᠲᠡᠳᠡᠨ ᠡᠴᠡ᠄ 《ᠠᠬ᠎ᠠ ᠳᠡᠭᠦᠦ ᠨᠠᠷ ᠮᠢᠨᠢ᠂ ᠲᠠ ᠨᠠᠷ ᠬᠠᠮᠢᠭ᠎ᠠ ᠠᠴᠠ ᠢᠷᠡᠪᠡ︖》 ᠭᠡᠵᠦ ᠠᠰᠠᠭᠤᠭᠰᠠᠨ ᠳᠤ᠂ ᠲᠡᠳᠡ᠄ 《ᠾᠠᠷᠠᠨ ᠠᠴᠠ ᠢᠷᠡᠭᠰᠡᠨ》 ᠭᠡᠵᠡᠢ᠃ 5 ᠶᠠᠺᠣᠪ ᠲᠡᠳᠡᠨ ᠳᠦ᠄ 《ᠨᠠᠬᠣᠷ ᠤᠨ ᠠᠴᠢ ᠬᠦᠦ ᠯᠠᠪᠠᠨ ᠢ ᠲᠠᠨᠢᠬᠤ ᠤᠤ︖》 ᠭᠡᠬᠦ ᠳᠦ᠂ ᠲᠡᠳᠡ᠄ 《ᠲᠠᠨᠢᠨ᠎ᠠ》 ᠭᠡᠪᠡ᠃ 6 ᠶᠠᠺᠣᠪ ᠲᠡᠳᠡᠨ ᠳᠦ᠄ 《ᠲᠡᠷᠡ ᠠᠮᠤᠷ ᠤᠤ︖》 ᠭᠡᠰᠡᠨ ᠳᠦ᠂ ᠲᠡᠳᠡ᠄ 《ᠠᠮᠤᠷ᠂ ᠬᠠᠷ᠎ᠠ᠂ ᠲᠡᠭᠦᠨ ᠦ ᠥᠬᠢᠨ ᠷᠠᠾᠢᠯ ᠬᠣᠨᠢ ᠪᠠᠨ ᠲᠠᠭᠤᠭᠠᠳ ᠢᠷᠡᠵᠦ ᠪᠠᠢᠨ᠎ᠠ》 ᠭᠡᠵᠡᠢ᠃ 7 ᠶᠠᠺᠣᠪ᠄ 《ᠬᠠᠷ᠎ᠠ᠂ ᠡᠳᠦᠷ ᠶᠠᠭᠠᠬᠢᠭ᠎ᠠ ᠴᠤ ᠦᠭᠡᠢ ᠪᠠᠢᠨ᠎ᠠ᠃ ᠮᠠᠯ ᠰᠦᠷᠦᠭ ᠪᠤᠴᠠᠬᠤ ᠴᠠᠭ ᠪᠣᠯᠣᠭ᠎ᠠ ᠦᠭᠡᠢ ᠪᠠᠢᠨ᠎ᠠ᠂ ᠲᠠ ᠨᠠᠷ ᠬᠣᠨᠢ ᠪᠠᠨ ᠤᠰᠤᠯᠠᠭᠠᠳ᠂ ᠪᠡᠯᠴᠢᠭᠡᠷ ᠲᠦ ᠭᠠᠷᠭᠠᠬᠤ ᠦᠭᠡᠢ ᠤᠤ︖》 ᠭᠡᠪᠡ᠃ 8 ᠬᠠᠷᠢᠨ ᠲᠡᠳᠡ᠄ 《ᠪᠢᠳᠡ ᠲᠡᠭᠡᠬᠦ ᠦᠭᠡᠢ᠃ ᠪᠢᠳᠡ ᠡ᠊ᠨᠳᠡ ᠪᠠᠢᠵᠤ ᠪᠦᠬᠦ ᠰᠦᠷᠦᠭ ᠴᠤᠭᠯᠠᠭᠰᠠᠨ ᠤ ᠳᠠᠷᠠᠭ᠎ᠠ ᠯᠠ ᠴᠢᠯᠠᠭᠤ ᠶᠢ ᠬᠤᠳᠳᠤᠭ ᠤᠨ ᠠᠮᠠᠨ ᠠᠴᠠ ᠵᠠᠢᠯᠠᠭᠤᠯᠵᠤ ᠬᠣᠨᠢ ᠪᠠᠨ ᠤᠰᠤᠯᠠᠨ᠎ᠠ》 ᠭᠡᠪᠡ᠃
9 ᠶᠠᠺᠣᠪ ᠲᠡᠳᠡᠨ ᠲᠡᠢ ᠶᠠᠷᠢᠵᠤ ᠪᠠᠢᠬᠤ ᠳᠤ᠂ ᠷᠠᠾᠢᠯ ᠡᠴᠢᠭᠡ ᠶᠢᠨ ᠢᠶᠠᠨ ᠬᠣᠨᠢᠨ ᠰᠦᠷᠦᠭ ᠢ ᠲᠠᠭᠤᠵᠤ ᠢᠷᠡᠯ᠎ᠡ᠃ ᠲᠡᠷᠡ ᠪᠡᠷ ᠬᠣᠨᠢᠴᠢᠨ ᠪᠠᠢᠵᠠᠢ᠃ 10 ᠶᠠᠺᠣᠪ ᠨᠠᠭᠠᠴᠤ ᠠᠪᠤ ᠯᠠᠪᠠᠨ ᠤ ᠥᠬᠢᠨ ᠷᠠᠾᠢᠯ ᠪᠣᠯᠣᠨ ᠨᠠᠭᠠᠴᠤ ᠠᠪᠤ ᠯᠠᠪᠠᠨ ᠤ ᠪᠠᠨ ᠬᠣᠨᠢ ᠶᠢ ᠬᠠᠷᠠᠭᠠᠳ ᠬᠤᠳᠳᠤᠭ ᠤᠨ ᠠᠮᠠᠨ ᠳᠤ ᠳᠥᠭᠥᠨ ᠣᠴᠢᠵᠤ ᠴᠢᠯᠠᠭᠤ ᠶᠢ ᠥᠩᠬᠥᠷᠢᠭᠦᠯᠦᠨ ᠵᠠᠢᠯᠠᠭᠤᠯᠤᠭᠠᠳ ᠨᠠᠭᠠᠴᠤ ᠠᠪᠤ ᠯᠠᠪᠠᠨ ᠤ ᠪᠠᠨ ᠬᠣᠨᠢᠨ ᠰᠦᠷᠦᠭ ᠢ ᠤᠰᠤᠯᠠᠪᠠ᠃ 11 ᠲᠡᠭᠡᠭᠡᠳ ᠶᠠᠺᠣᠪ ᠷᠠᠾᠢᠯ ᠢ ᠦᠨᠦᠰᠦᠭᠡᠳ᠂ ᠴᠢᠩᠭ᠍᠎ᠠ ᠳᠠᠭᠤ ᠪᠠᠷ ᠤᠬᠢᠯᠠᠨ᠂ 12 ᠷᠠᠾᠢᠯ ᠳᠤ ᠥᠪᠡᠷ ᠢ ᠪᠠᠨ ᠡᠴᠢᠭᠡ ᠶᠢᠨ ᠬᠢᠨᠢ ᠳᠡᠭᠦᠦ ᠷᠧᠪᠧᠺᠠ ᠶᠢᠨ ᠬᠦᠦ ᠪᠣᠯᠬᠤ ᠪᠠᠨ ᠬᠡᠯᠡᠭᠰᠡᠨ ᠳᠦ᠂ ᠲᠡᠷᠡ ᠪᠡᠷ ᠭᠦᠶᠦᠨ ᠶᠠᠪᠤᠵᠤ ᠡᠴᠢᠭᠡ ᠳᠡᠭᠡᠨ ᠳᠤᠭᠤᠯᠭᠠᠪᠠ᠃
13 ᠲᠡᠭᠡᠬᠦ ᠳᠦ᠂ ᠯᠠᠪᠠᠨ ᠥᠬᠢᠨ ᠳᠡᠭᠦᠦ ᠶᠢᠨ ᠢᠶᠠᠨ ᠬᠦᠦ ᠶᠠᠺᠣᠪ ᠤᠨ ᠲᠤᠬᠠᠢ ᠮᠡᠳᠡᠭᠡ ᠶᠢ ᠰᠣᠨᠣᠰᠣᠮᠠᠭᠴᠠ ᠲᠡᠭᠦᠨ ᠲᠡᠢ ᠠᠭᠤᠯᠵᠠᠬᠤ ᠪᠠᠷ ᠭᠦᠶᠦᠨ ᠣᠴᠢᠵᠤ᠂ ᠲᠡᠪᠡᠷᠢᠨ ᠦᠨᠦᠰᠦᠭᠡᠳ᠂ ᠭᠡᠷ ᠲᠡᠭᠡᠨ ᠳᠠᠭᠠᠭᠤᠯᠤᠨ ᠣᠷᠣᠪᠠ᠃ ᠶᠠᠺᠣᠪ ᠪᠦᠬᠦ ᠵᠦᠢᠯ ᠢᠶᠠᠨ ᠯᠠᠪᠠᠨ ᠳᠤ ᠥᠭᠦᠯᠡᠭᠰᠡᠨ ᠳᠦ᠂ 14 ᠯᠠᠪᠠᠨ ᠲᠡᠭᠦᠨ ᠳᠦ᠄ 《ᠴᠢ ᠦᠨᠡᠬᠡᠷ ᠮᠢᠨᠦ ᠶᠠᠰᠤ ᠮᠢᠬᠠᠨ ᠤ ᠲᠠᠰᠤᠷᠬᠠᠢ ᠮᠥᠨ》 ᠭᠡᠪᠡ᠃ ᠡᠢᠨ ᠬᠦ ᠶᠠᠺᠣᠪ ᠲᠡᠭᠦᠨ ᠲᠡᠢ ᠨᠢᠭᠡ ᠰᠠᠷ᠎ᠠ ᠬᠠᠮᠲᠤ ᠰᠠᠭᠤᠵᠠᠢ᠃
15 ᠯᠠᠪᠠᠨ ᠶᠠᠺᠣᠪ ᠲᠤ᠄ 《ᠴᠢ ᠮᠢᠨᠦ ᠬᠠᠮᠢᠶᠠᠲᠠᠨ ᠮᠥᠨ᠃ ᠭᠡᠪᠡᠴᠦ ᠴᠢ ᠢᠩᠭᠢᠵᠦ ᠬᠥᠯᠥᠰᠥ ᠬᠠᠷᠠᠮᠵᠢ ᠠᠪᠬᠤ ᠦᠭᠡᠢ ᠪᠠᠷ ᠨᠠᠳᠠ ᠳᠤ ᠠᠵᠢᠯ ᠬᠢᠵᠦ ᠥᠭᠭᠥᠭᠡᠳ ᠪᠠᠢᠵᠤ ᠪᠣᠯᠣᠨ᠎ᠠ ᠤᠤ︖ ᠴᠢᠮ᠎ᠠ ᠳᠤ ᠶᠠᠮᠠᠷ ᠬᠥᠯᠥᠰᠥ ᠬᠠᠷᠠᠮᠵᠢ ᠥᠭᠪᠡᠯ ᠵᠣᠬᠢᠬᠤ ᠶᠢ ᠨᠠᠳᠠ ᠳᠤ ᠬᠡᠯᠡᠭᠡᠴᠢ︕》 ᠭᠡᠪᠡ᠃ 16 ᠯᠠᠪᠠᠨ ᠬᠣᠶᠠᠷ ᠥᠬᠢᠨ ᠲᠠᠢ ᠪᠥᠭᠡᠳ ᠲᠣᠮᠣ ᠶᠢᠨ ᠬᠢᠨᠢ ᠨᠡᠷ᠎ᠡ ᠯᠧᠶ᠎ᠠ᠂ ᠪᠠᠭ᠎ᠠ ᠶᠢᠨ ᠬᠢᠨᠢ ᠨᠡᠷ᠎ᠡ ᠷᠠᠾᠢᠯ ᠪᠢᠯᠡ᠃ 17 ᠯᠧᠶ᠎ᠠ ᠶᠢᠨ ᠨᠢᠳᠦ ᠭᠠᠯ ᠦᠭᠡᠢ᠂ ᠬᠠᠷᠢᠨ ᠷᠠᠾᠢᠯ ᠨᠢ ᠪᠡᠶ᠎ᠡ ᠪᠢᠯᠳᠠᠷ ᠭᠤᠸᠠᠯᠢᠭ᠂ ᠴᠢᠷᠠᠢ ᠦᠵᠡᠰᠬᠦᠯᠡᠩ ᠠᠵᠢ᠃ 18 ᠶᠠᠺᠣᠪ ᠷᠠᠾᠢᠯ ᠢ ᠬᠠᠢᠷᠠᠯᠠᠭᠰᠠᠨ ᠲᠤᠯᠠ᠄ 《ᠪᠢ ᠲᠠᠨ ᠤ ᠪᠠᠭ᠎ᠠ ᠥᠬᠢᠨ ᠷᠠᠾᠢᠯ ᠤᠨ ᠲᠥᠯᠥᠭᠡ ᠲᠠᠨ ᠳᠤ ᠳᠣᠯᠣᠭᠠᠨ ᠵᠢᠯ ᠠᠵᠢᠯ ᠬᠢᠵᠦ ᠥᠭᠭᠥᠶ᠎ᠡ》 ᠭᠡᠰᠡᠨ ᠳᠦ᠂ 19 ᠯᠠᠪᠠᠨ᠄ 《ᠲᠡᠭᠦᠨ ᠢ ᠴᠢᠮ᠎ᠠ ᠳᠤ ᠥᠭᠬᠦ ᠨᠢ ᠥᠭᠡᠷ᠎ᠡ ᠬᠥᠮᠦᠨ ᠳᠦ ᠥᠭᠭᠥᠭᠰᠡᠨ ᠡᠴᠡ ᠳᠡᠭᠡᠷ᠎ᠡ᠃ ᠴᠢ ᠨᠠᠳᠠ ᠲᠠᠢ ᠬᠠᠮᠲᠤ ᠪᠠᠢ》 ᠭᠡᠵᠡᠢ᠃ 20 ᠶᠠᠺᠣᠪ ᠷᠠᠾᠢᠯ ᠤᠨ ᠲᠥᠯᠥᠭᠡ ᠯᠠᠪᠠᠨ ᠳᠤ ᠳᠣᠯᠣᠭᠠᠨ ᠵᠢᠯ ᠠᠵᠢᠯ ᠬᠢᠵᠦ ᠥᠭᠭᠥᠭᠰᠡᠨ ᠪᠠᠢᠨ᠎ᠠ᠃ ᠶᠠᠺᠣᠪ ᠲᠡᠭᠦᠨ ᠳᠦ ᠬᠠᠢᠷᠠᠲᠠᠢ ᠪᠣᠯᠬᠣᠷ ᠳᠣᠯᠣᠭᠠᠨ ᠵᠢᠯ ᠨᠢ ᠥᠪᠡᠷ ᠲᠤᠨᠢ ᠬᠡᠳᠦᠬᠡᠨ ᠬᠣᠨᠣᠭ ᠮᠡᠲᠦ ᠪᠠᠢᠭᠰᠠᠨ᠃
21 ᠶᠠᠺᠣᠪ ᠯᠠᠪᠠᠨ ᠳᠤ᠄ 《ᠬᠤᠭᠤᠴᠠᠭ᠎ᠠ ᠳᠠᠭᠤᠰᠤᠯ᠎ᠠ᠂ ᠨᠠᠳᠠ ᠳᠤ ᠡᠬᠡᠨᠡᠷ ᠢ ᠮᠢᠨᠢ ᠥᠭᠭᠥᠭᠡᠴᠢ᠃ ᠪᠢ ᠲᠡᠭᠦᠨ ᠲᠡᠢ ᠬᠠᠮᠲᠤ ᠰᠠᠭᠤᠶ᠎ᠠ》 ᠭᠡᠵᠡᠢ᠃ 22 ᠯᠠᠪᠠᠨ ᠲᠡᠷᠡ ᠨᠤᠲᠤᠭ ᠤᠨ ᠬᠠᠮᠤᠭ ᠬᠥᠮᠦᠨ ᠢ ᠴᠤᠭᠯᠠᠭᠤᠯᠤᠨ ᠨᠠᠢᠷ ᠬᠢᠭᠰᠡᠨ ᠪᠠᠢᠯ᠎ᠠ᠃ 23 ᠦᠳᠡᠰᠢ ᠨᠢ ᠯᠠᠪᠠᠨ ᠥᠬᠢᠨ ᠯᠧᠶ᠎ᠠ ᠪᠠᠨ ᠠᠪᠴᠢᠷᠠᠵᠤ ᠥᠭᠭᠥᠭᠰᠡᠨ ᠳᠦ᠂ ᠶᠠᠺᠣᠪ ᠲᠡᠭᠦᠨ ᠲᠡᠢ ᠳᠡᠷᠡ ᠨᠡᠢᠯᠡᠭᠦᠯᠵᠡᠢ᠃ 24 ᠯᠠᠪᠠᠨ ᠥᠪᠡᠷ ᠦᠨ ᠵᠠᠷᠤᠴᠠ ᠪᠦᠰᠡᠭᠦᠢ ᠽᠢᠯᠫᠠ ᠶᠢ ᠥᠬᠢᠨ ᠯᠧᠶ᠎ᠠ ᠳᠡᠭᠡᠨ ᠰᠢᠪᠡᠭᠴᠢᠨ ᠪᠣᠯᠭᠠᠨ ᠥᠭᠪᠡ᠃ 25 ᠶᠠᠺᠣᠪ ᠥᠷᠯᠥᠭᠡ ᠨᠢ ᠬᠠᠷᠠᠬᠤ ᠳᠤ᠂ ᠲᠡᠨᠳᠡ ᠯᠧᠶ᠎ᠠ ᠪᠠᠢᠪᠠ︕ ᠲᠡᠷᠡ ᠯᠠᠪᠠᠨ ᠳᠤ᠄ 《ᠲᠠ ᠨᠠᠳᠠ ᠳᠤ ᠶᠠᠭᠤ ᠬᠢᠴᠢᠬᠡᠬᠦ ᠨᠢ ᠡᠨᠡ ᠪᠤᠢ︖ ᠪᠢ ᠷᠠᠾᠢᠯ ᠤᠨ ᠲᠥᠯᠥᠭᠡ ᠲᠠᠨ ᠳᠤ ᠠᠵᠢᠯ ᠬᠢᠵᠦ ᠥᠭᠭᠥᠭᠰᠡᠨ ᠪᠢᠰᠢ ᠤᠤ︖ ᠲᠠ ᠶᠠᠭᠤᠨ ᠳᠤ ᠨᠠᠮᠠᠶᠢ ᠮᠡᠬᠡᠯᠡᠪᠡ︖》 ᠭᠡᠬᠦ ᠳᠦ᠂ 26 ᠯᠠᠪᠠᠨ᠄ 《ᠮᠠᠨ ᠤ ᠨᠤᠲᠤᠭ ᠲᠤ ᠡᠭᠡᠴᠢ ᠡᠴᠡ ᠨᠢ ᠲᠦᠷᠦᠭᠦᠯᠡᠵᠦ ᠳᠡᠭᠦᠦ ᠶᠢ ᠨᠢ ᠮᠣᠷᠳᠠᠭᠤᠯᠬᠤ ᠵᠠᠩᠰᠢᠯ ᠪᠠᠢᠳᠠᠭ ᠦᠭᠡᠢ᠃ 27 ᠬᠤᠷᠢᠮ ᠤᠨ ᠳᠣᠯᠣᠭ᠎ᠠ ᠬᠣᠨᠣᠭ ᠢ ᠭᠦᠢᠴᠡᠭᠡ᠃ ᠲᠡᠭᠡᠪᠡᠯ ᠪᠢᠳᠡ ᠴᠢᠮ᠎ᠠ ᠳᠤ ᠪᠠᠭ᠎ᠠ ᠥᠬᠢᠨ ᠢᠶᠠᠨ ᠴᠤ ᠥᠭᠭᠥᠨ᠎ᠡ᠃ ᠣᠷᠣᠨ ᠳᠤᠨᠢ ᠴᠢ ᠨᠠᠳᠠ ᠳᠤ ᠳᠠᠬᠢᠨ ᠳᠣᠯᠣᠭᠠᠨ ᠵᠢᠯ ᠠᠵᠢᠯ ᠬᠢᠵᠦ ᠥᠭᠬᠦ ᠶᠣᠰᠣᠲᠠᠢ》 ᠭᠡᠵᠡᠢ᠃ 28 ᠶᠠᠺᠣᠪ ᠡᠭᠦᠨ ᠢ ᠵᠥᠪᠰᠢᠶᠡᠷᠡᠪᠡ᠃ ᠶᠠᠺᠣᠪ ᠲᠡᠷᠡ ᠳᠣᠯᠣᠭ᠎ᠠ ᠬᠣᠨᠣᠭ ᠢ ᠭᠦᠢᠴᠡᠭᠡᠭᠰᠡᠨ ᠳᠦ᠂ ᠯᠠᠪᠠᠨ ᠲᠡᠭᠦᠨ ᠳᠦ ᠥᠬᠢᠨ ᠷᠠᠾᠢᠯ ᠢᠶᠠᠨ ᠡᠬᠡᠨᠡᠷ ᠪᠣᠯᠭᠠᠨ ᠥᠭᠴᠡᠢ᠃ 29 ᠯᠠᠪᠠᠨ ᠵᠠᠷᠤᠴᠠ ᠪᠦᠰᠡᠭᠦᠢ ᠪᠢᠯᠾᠠ ᠪᠠᠨ ᠥᠬᠢᠨ ᠷᠠᠾᠢᠯ ᠳᠠᠭᠠᠨ ᠰᠢᠪᠡᠭᠴᠢᠨ ᠪᠣᠯᠭᠠᠨ ᠥᠭᠴᠡᠢ᠃ 30 ᠶᠠᠺᠣᠪ ᠪᠠᠰᠠ ᠷᠠᠾᠢᠯ ᠲᠠᠢ ᠳᠡᠷᠡ ᠨᠡᠢᠯᠡᠭᠦᠯᠦᠭᠰᠡᠨ ᠪᠥᠭᠡᠳ ᠲᠡᠭᠦᠨ ᠢ ᠯᠧᠶ᠎ᠠ ᠠᠴᠠ ᠢᠯᠡᠭᠦᠦ ᠬᠠᠢᠷᠠᠯᠠᠪᠠ᠃ ᠲᠡᠭᠡᠭᠡᠳ ᠲᠡᠷᠡ ᠯᠠᠪᠠᠨ ᠳᠤ ᠳᠠᠬᠢᠨ ᠳᠣᠯᠣᠭᠠᠨ ᠵᠢᠯ ᠠᠵᠢᠯ ᠬᠢᠵᠦ ᠥᠭᠭᠥᠭᠰᠡᠨ ᠪᠠᠢᠨ᠎ᠠ᠃
ᠶᠠᠺᠣᠪ ᠤᠨ ᠬᠡᠦᠬᠡᠳ ᠤᠳ
31 ᠶᠣᠬᠣᠸᠠ ᠯᠧᠶ᠎ᠠ ᠶᠢᠨ ᠬᠠᠢᠷ᠎ᠠ ᠬᠦᠷᠲᠡᠭᠡ ᠦᠭᠡᠢ ᠶᠢ ᠦᠵᠡᠭᠡᠳ ᠯᠧᠶ᠎ᠠ ᠶᠢᠨ ᠤᠮᠠᠢ ᠶᠢ ᠨᠡᠭᠡᠭᠡᠪᠡ᠂ ᠬᠠᠷᠢᠨ ᠷᠠᠾᠢᠯ ᠬᠡᠭᠦᠰᠡᠷ ᠪᠠᠢᠵᠠᠢ᠃ 32 ᠯᠧᠶ᠎ᠠ ᠵᠢᠷᠮᠦᠰᠦᠯᠡᠵᠦ᠂ ᠬᠦᠦ ᠲᠥᠷᠥᠭᠦᠯᠦᠭᠡᠳ ᠲᠡᠭᠦᠨ ᠢ ᠪᠠᠨ ᠷᠧᠣᠪᠧᠨ 47 ᠭᠡᠵᠦ ᠨᠡᠷᠡᠯᠡᠪᠡ᠃ ᠤᠴᠢᠷ ᠨᠢ ᠲᠡᠷᠡ᠄ 《ᠶᠣᠬᠣᠸᠠ ᠮᠢᠨᠦ ᠵᠣᠪᠠᠯᠠᠩ ᠢ ᠬᠠᠷᠠᠵᠠᠢ᠂ ᠣᠳᠣ ᠮᠢᠨᠦ ᠨᠥᠬᠥᠷ ᠨᠠᠮᠠᠶᠢ ᠬᠠᠢᠷᠠᠯᠠᠬᠤ ᠪᠣᠯᠣᠨ᠎ᠠ︕》 ᠭᠡᠵᠦ ᠬᠡᠯᠡᠪᠡ᠃ 33 ᠲᠡᠷᠡ ᠳᠠᠬᠢᠨ ᠵᠢᠷᠮᠦᠰᠦᠯᠡᠵᠦ᠂ ᠬᠦᠦ ᠲᠥᠷᠥᠭᠦᠯᠦᠭᠡᠳ᠄ 《ᠶᠣᠬᠣᠸᠠ ᠬᠠᠢᠷ᠎ᠠ ᠬᠦᠷᠲᠡᠭᠡ ᠦᠭᠡᠢ ᠶᠢ ᠮᠢᠨᠢ ᠰᠣᠨᠣᠰᠣᠭᠠᠳ᠂ ᠡᠨᠡ ᠬᠦᠦ ᠶᠢ ᠪᠠᠰᠠ ᠨᠠᠳᠠ ᠳᠤ ᠥᠭᠴᠡᠢ》 ᠭᠡᠳ ᠲᠡᠭᠦᠨ ᠢ ᠪᠠᠨ ᠰᠢᠮᠧᠶᠣᠨ 48 ᠭᠡᠵᠦ ᠨᠡᠷᠡᠯᠡᠪᠡ᠃ 34 ᠲᠡᠷᠡ ᠳᠠᠬᠢᠨ ᠵᠢᠷᠮᠦᠰᠦᠯᠡᠵᠦ᠂ ᠬᠦᠦ ᠲᠥᠷᠥᠭᠦᠯᠦᠭᠡᠳ᠄ 《ᠪᠢ ᠲᠡᠭᠦᠨ ᠳᠦ ᠭᠤᠷᠪᠠᠨ ᠬᠦᠦ ᠲᠥᠷᠥᠭᠦᠯᠵᠦ ᠥᠭᠭᠥᠭᠰᠡᠨ ᠲᠤᠯᠠ ᠨᠥᠬᠥᠷ ᠮᠢᠨᠢ ᠣᠳᠣ ᠯᠠ ᠨᠠᠳᠠ ᠲᠠᠢ ᠬᠣᠯᠪᠣᠭᠳᠠᠬᠤ ᠪᠣᠯᠣᠨ᠎ᠠ》 ᠭᠡᠳ ᠲᠡᠭᠦᠨ ᠢ ᠪᠠᠨ ᠯᠧᠸᠢ 49 ᠭᠡᠵᠦ ᠨᠡᠷᠡᠯᠡᠪᠡ᠃ 35 ᠲᠡᠷᠡ ᠪᠠᠰᠠ ᠵᠢᠷᠮᠦᠰᠦᠯᠡᠵᠦ᠂ ᠬᠦᠦ ᠲᠥᠷᠥᠭᠦᠯᠦᠭᠡᠳ᠄ 《ᠡᠨᠡ ᠤᠳᠠᠭ᠎ᠠ ᠪᠢ ᠶᠣᠬᠣᠸᠠ ᠶᠢ ᠮᠠᠭᠲᠠᠨ᠎ᠠ》 ᠭᠡᠳ ᠲᠡᠭᠦᠨ ᠢ ᠪᠠᠨ ᠶᠦᠳᠠ 50 ᠭᠡᠵᠦ ᠨᠡᠷᠡᠯᠡᠪᠡ᠃ ᠲᠡᠭᠡᠭᠡᠳ ᠲᠡᠭᠦᠨ ᠦ ᠬᠡᠦᠬᠡᠳ ᠲᠥᠷᠥᠭᠦᠯᠬᠦ ᠨᠢ ᠵᠣᠭᠰᠣᠵᠠᠢ᠃