1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠭᠤᠴᠢᠨ ᠨᠢᠭᠡ
 ᠶᠠᠺᠣᠪ ᠯᠠᠪᠠᠨ ᠠᠴᠠ ᠵᠢᠭᠤᠲᠠᠪᠠ

1 《ᠶᠠᠺᠣᠪ ᠮᠠᠨ ᠤ ᠠᠪᠤ ᠶᠢᠨ ᠪᠦᠬᠦ ᠬᠥᠷᠥᠩᠭᠡ ᠶᠢ ᠪᠤᠯᠢᠶᠠᠵᠤ ᠮᠠᠨ ᠤ ᠠᠪᠤ ᠶᠢᠨ ᠬᠥᠷᠥᠩᠭᠡ ᠪᠡᠷ ᠡᠢᠮᠦ ᠪᠠᠶᠠᠨ ᠲᠠᠩᠰᠤᠭ ᠪᠣᠯᠵᠠᠢ》 ᠭᠡᠵᠦ ᠯᠠᠪᠠᠨ ᠤ ᠬᠥᠪᠡᠭᠦᠳ ᠦᠨ ᠬᠡᠯᠡᠯᠴᠡᠬᠦ ᠨᠢ ᠶᠠᠺᠣᠪ ᠤᠨ ᠴᠢᠬᠢᠨ ᠳᠤ ᠬᠦᠷᠪᠡ᠃ 2 ᠶᠠᠺᠣᠪ ᠯᠠᠪᠠᠨ ᠤ ᠴᠢᠷᠠᠢ ᠶᠢ ᠠᠵᠢᠬᠤ ᠳᠤ ᠥᠪᠡᠷ ᠲᠤᠨᠢ ᠬᠠᠨᠳᠤᠬᠤ ᠨᠢ ᠤᠷᠢᠳᠤ ᠶᠢᠨ ᠬᠢ ᠲᠠᠢ ᠪᠠᠨ ᠠᠳᠠᠯᠢ ᠦᠭᠡᠢ ᠪᠣᠯᠵᠠᠢ︕ 3 ᠶᠣᠬᠣᠸᠠ ᠶᠠᠺᠣᠪ ᠲᠤ᠄ 《ᠴᠢ ᠡᠪᠦᠭᠡ ᠳᠡᠭᠡᠳᠦᠰ ᠦᠨ ᠢᠶᠠᠨ ᠨᠤᠲᠤᠭ᠂ ᠲᠤᠬᠠᠢᠯᠠᠪᠠᠯ ᠲᠥᠷᠥᠯ ᠰᠠᠳᠤᠨ ᠤᠷᠤᠭᠤ ᠪᠠᠨ ᠪᠤᠴᠠᠵᠤ ᠶᠠᠪᠤ᠃ ᠪᠢ ᠴᠢᠮ᠎ᠠ ᠲᠠᠢ ᠬᠠᠮᠲᠤ ᠪᠠᠢᠬᠤ ᠪᠣᠯᠣᠨ᠎ᠠ》 ᠭᠡᠯ᠎ᠡ᠃ 4 ᠶᠠᠺᠣᠪ ᠬᠡᠯᠡ ᠶᠠᠪᠤᠭᠤᠯᠵᠤ᠂ ᠷᠠᠾᠢᠯ ᠯᠧᠶ᠎ᠠ ᠬᠣᠶᠠᠷ ᠢ ᠰᠦᠷᠦᠭ ᠦᠨ ᠢᠶᠠᠨ ᠪᠡᠯᠴᠢᠭᠡᠷ ᠲᠦ ᠳᠠᠭᠤᠳᠠᠨ ᠠᠪᠴᠢᠷᠠᠭᠠᠳ 5 ᠲᠡᠳᠡᠨ ᠳᠦ ᠬᠡᠯᠡᠬᠦ ᠳᠡᠭᠡᠨ᠄ 《ᠡᠴᠢᠭᠡ ᠶᠢᠨ ᠲᠠᠨᠢ ᠴᠢᠷᠠᠢ ᠶᠢ ᠬᠠᠷᠠᠬᠤ ᠳᠤ ᠨᠠᠳᠠ ᠳᠤ ᠬᠠᠨᠳᠤᠬᠤ ᠨᠢ ᠤᠷᠢᠳᠤ ᠶᠢᠨ ᠬᠢ ᠲᠠᠢ ᠪᠠᠨ ᠠᠳᠠᠯᠢ ᠦᠭᠡᠢ ᠪᠣᠯᠵᠠᠢ᠃ ᠬᠠᠷᠢᠨ ᠮᠢᠨᠦ ᠡᠴᠢᠭᠡ ᠶᠢᠨ ᠪᠤᠷᠬᠠᠨ ᠨᠠᠳᠠ ᠲᠠᠢ ᠬᠠᠮᠲᠤ ᠪᠠᠢᠭᠰᠠᠨ᠃ 6 ᠡᠴᠢᠭᠡ ᠳᠦ ᠲᠠᠨᠢ ᠬᠠᠮᠤᠭ ᠬᠦᠴᠦ ᠪᠡᠷ ᠢᠶᠠᠨ ᠠᠵᠢᠯ ᠬᠢᠵᠦ ᠥᠭᠭᠥᠭᠰᠡᠨ ᠢ ᠲᠠ ᠨᠠᠷ ᠮᠡᠳᠡᠨ᠎ᠡ᠃ 7 ᠡᠴᠢᠭᠡ ᠲᠠᠨᠢ ᠨᠠᠮᠠᠶᠢ ᠮᠡᠬᠡᠯᠡᠵᠦ᠂ ᠠᠪᠬᠤ ᠬᠥᠯᠥᠰᠥ ᠶᠢ ᠮᠢᠨᠢ ᠠᠷᠪᠠ ᠤᠳᠠᠭ᠎ᠠ ᠥᠭᠡᠷᠡᠴᠢᠯᠡᠭᠰᠡᠨ ᠪᠣᠯᠪᠠᠴᠤ ᠨᠠᠳᠠ ᠳᠤ ᠮᠠᠭᠤ ᠶᠠᠭᠤᠮ᠎ᠠ ᠬᠢᠬᠦ ᠶᠢ ᠨᠢ ᠪᠤᠷᠬᠠᠨ ᠵᠥᠪᠰᠢᠶᠡᠷᠡᠭᠰᠡᠨ ᠦᠭᠡᠢ ᠪᠢᠯᠡ᠃ 8 ᠲᠡᠷᠡ᠄ 〈ᠠᠯᠠᠭ ᠨᠢ ᠴᠢᠨᠦ ᠬᠥᠯᠥᠰᠥ ᠪᠣᠯᠣᠨ᠎ᠠ〉 ᠭᠡᠪᠡᠯ᠂ ᠪᠦᠬᠦ ᠰᠦᠷᠦᠭ ᠠᠯᠠᠭ ᠲᠥᠯ ᠭᠠᠷᠭᠠᠭᠰᠠᠨ᠃ ᠲᠡᠷᠡ᠄ 〈ᠡᠷᠢᠶᠡᠨ ᠨᠢ ᠴᠢᠨᠦ ᠬᠥᠯᠥᠰᠥ ᠪᠣᠯᠣᠨ᠎ᠠ〉 ᠭᠡᠪᠡᠯ᠂ ᠪᠦᠬᠦ ᠰᠦᠷᠦᠭ ᠨᠢ ᠡᠷᠢᠶᠡᠨ ᠲᠥᠯ ᠭᠠᠷᠭᠠᠭᠰᠠᠨ᠃ 9 ᠡᠢᠨ ᠬᠦ ᠪᠤᠷᠬᠠᠨ ᠲᠠ ᠨᠠᠷ ᠤᠨ ᠡᠴᠢᠭᠡ ᠶᠢᠨ ᠮᠠᠯ ᠢ ᠪᠤᠯᠢᠶᠠᠵᠤ ᠨᠠᠳᠠ ᠳᠤ ᠥᠭᠴᠡᠢ᠃

10 ᠰᠦᠷᠦᠭ ᠬᠡᠭᠡᠯ ᠠᠪᠬᠤ ᠦᠶ᠎ᠡ ᠳᠦ ᠪᠢ ᠵᠡᠭᠦᠳᠦᠨ ᠳᠡᠭᠡᠨ ᠨᠢᠳᠦ ᠡᠷᠭᠦᠨ ᠬᠠᠷᠠᠲᠠᠯ᠎ᠠ ᠬᠡᠭᠡᠯᠲᠦᠭᠦᠯᠦᠭᠴᠢ ᠤᠬᠤᠨ᠎ᠠ ᠪᠣᠯᠭᠠᠨ ᠡᠷᠢᠶᠡᠨ᠂ ᠠᠯᠠᠭ᠂ ᠴᠣᠬᠣᠷ ᠵᠢᠰᠦᠮ ᠦᠨ ᠪᠠᠢᠪᠠ︕ 11 ᠪᠤᠷᠬᠠᠨ ᠤ ᠡᠯᠴᠢ ᠵᠡᠭᠦᠳᠦᠨ ᠳᠦ ᠮᠢᠨᠢ᠄ 〈ᠶᠠᠺᠣᠪ︕〉 ᠭᠡᠵᠦ ᠳᠠᠭᠤᠳᠠᠭᠰᠠᠨ ᠳᠤ᠄ 〈ᠡ᠊ᠨᠳᠡ ᠪᠠᠢᠨ᠎ᠠ〉 ᠭᠡᠵᠦ ᠪᠢ ᠬᠠᠷᠢᠭᠤᠯᠪᠠ᠃ 12 ᠲᠡᠷᠡ᠄ 〈ᠴᠢ ᠨᠢᠳᠦ ᠪᠡᠨ ᠡᠷᠭᠦᠨ ᠬᠠᠷᠠ᠂ ᠬᠡᠭᠡᠯᠲᠦᠭᠦᠯᠦᠭᠴᠢ ᠬᠤᠴᠠ ᠪᠣᠯᠭᠠᠨ ᠡᠷᠢᠶᠡᠨ᠂ ᠠᠯᠠᠭ᠂ ᠴᠣᠬᠣᠷ ᠵᠢᠰᠦᠮ ᠦᠨ ᠪᠠᠢᠨ᠎ᠠ᠃ ᠯᠠᠪᠠᠨ ᠤ ᠴᠢᠮ᠎ᠠ ᠳᠤ ᠬᠢᠵᠦ ᠪᠠᠢᠭ᠎ᠠ ᠪᠦᠬᠦ ᠵᠦᠢᠯ ᠢ ᠪᠢ ᠬᠠᠷᠠᠭᠰᠠᠨ᠃ 13 ᠪᠢ ᠪᠣᠯ ᠪᠧᠲ᠋ᠧᠯ ᠤᠨ ᠪᠤᠷᠬᠠᠨ ᠪᠠᠢᠨ᠎ᠠ᠃ ᠴᠢ ᠥᠨᠥᠬᠢ ᠪᠠᠭᠠᠨ᠎ᠠ ᠳᠤ ᠲᠣᠰᠣ ᠠᠰᠬᠠᠵᠤ᠂ ᠲᠡᠨᠳᠡ ᠨᠠᠳᠠ ᠳᠤ ᠲᠠᠩ᠋ᠭᠠᠷᠢᠭᠯᠠᠭᠰᠠᠨ ᠪᠢᠯᠡ᠃ ᠣᠳᠣ ᠴᠢ ᠳᠠᠷᠤᠢᠬᠠᠨ ᠡᠨᠡ ᠭᠠᠵᠠᠷ ᠢ ᠣᠷᠬᠢᠨ ᠲᠥᠷᠥᠭᠰᠡᠨ ᠨᠤᠲᠤᠭ ᠤᠷᠤᠭᠤ ᠪᠠᠨ ᠪᠤᠴᠠ︕〉 ᠭᠡᠰᠡᠨ ᠶᠤᠮ》 ᠭᠡᠪᠡ᠃ 14 ᠷᠠᠾᠢᠯ ᠯᠧᠶ᠎ᠠ ᠬᠣᠶᠠᠷ ᠲᠡᠭᠦᠨ ᠳᠦ᠄ 《ᠠᠪᠤ ᠶᠢᠨ ᠭᠡᠷ ᠲᠦ ᠪᠢᠳᠡᠨ ᠦ ᠣᠯᠬᠤ ᠥᠮᠴᠢ ᠪᠤᠶᠤ ᠬᠤᠪᠢ ᠭᠡᠵᠦ ᠪᠠᠢᠨ᠎ᠠ ᠤᠤ︖ 15 ᠲᠡᠷᠡ ᠪᠢᠳᠡᠨ ᠢ ᠭᠠᠳᠠᠨ᠎ᠠ ᠶᠢᠨ ᠬᠥᠮᠦᠰ ᠭᠡᠵᠦ ᠲᠣᠭᠠᠴᠠᠳᠠᠭ ᠪᠢᠰᠢ ᠤᠤ︖ ᠲᠡᠷᠡ ᠪᠡᠷ ᠪᠢᠳᠡᠨ ᠢ ᠬᠤᠳᠠᠯᠳᠤᠭᠰᠠᠨ ᠢᠶᠠᠷ ᠪᠠᠷᠠᠬᠤ ᠦᠭᠡᠢ᠂ ᠪᠢᠳᠡᠨ ᠦ ᠬᠤᠪᠢ ᠪᠣᠯᠬᠤ ᠮᠥᠩᠭᠥ ᠶᠢ ᠴᠤ ᠪᠦᠭᠦᠳᠡ ᠶᠢ ᠨᠢ ᠢᠳᠡᠭᠰᠡᠨ ᠶᠤᠮ᠃ 16 ᠪᠤᠷᠬᠠᠨ ᠤ ᠡᠴᠢᠭᠡ ᠡᠴᠡ ᠮᠠᠨᠢ ᠪᠤᠯᠢᠶᠠᠭᠰᠠᠨ ᠬᠥᠷᠥᠩᠭᠡ ᠴᠥᠮ ᠪᠢᠳᠡᠨ ᠦ ᠬᠢ᠂ ᠪᠢᠳᠡᠨ ᠦ ᠦᠷ᠎ᠡ ᠬᠡᠦᠬᠡᠳ ᠤᠳ ᠤᠨ ᠬᠢ ᠶᠤᠮ᠃ ᠲᠠ ᠣᠳᠣ ᠪᠤᠷᠬᠠᠨ ᠤ ᠬᠡᠯᠡᠭᠰᠡᠨ ᠪᠦᠬᠦᠨ ᠢ ᠪᠡᠶᠡᠯᠡᠭᠦᠯᠦᠭᠡᠷᠡᠢ》 ᠭᠡᠪᠡ᠃

17 ᠶᠠᠺᠣᠪ ᠳᠠᠷᠤᠢᠬᠠᠨ ᠬᠡᠦᠬᠡᠳ ᠤᠳ᠂ ᠡᠬᠡᠨᠡᠷ ᠤᠳ ᠢᠶᠠᠨ ᠲᠡᠮᠡᠭᠡ ᠤᠨᠤᠭᠤᠯᠵᠤ᠂ 18 ᠫᠠᠳᠠᠨ ᠠᠷᠠᠮ ᠠᠴᠠ ᠣᠯᠣᠭᠰᠠᠨ ᠡᠳ᠋ ᠬᠥᠷᠥᠩᠭᠡ ᠪᠡᠨ ᠠᠪᠴᠤ᠂ ᠪᠦᠬᠦ ᠮᠠᠯ ᠰᠦᠷᠦᠭ ᠢᠶᠡᠨ ᠲᠠᠭᠤᠨ ᠡᠴᠢᠭᠡ ᠢᠰᠠᠺ ᠤᠷᠤᠭᠤ ᠪᠠᠨ ᠺᠠᠨᠠᠨ ᠨᠤᠲᠤᠭ ᠢ ᠵᠣᠷᠢᠨ ᠬᠥᠳᠡᠯᠪᠡ᠃

19 ᠲᠡᠷᠡ ᠦᠶ᠎ᠡ ᠳᠦ ᠯᠠᠪᠠᠨ ᠢ ᠬᠣᠨᠢ ᠪᠠᠨ ᠬᠢᠷᠭᠠᠬᠤ ᠪᠠᠷ ᠶᠠᠪᠤᠭᠰᠠᠨ ᠳᠠᠯᠢᠮ ᠢᠶᠠᠷ ᠷᠠᠾᠢᠯ ᠠᠪᠤ ᠶᠢᠨ ᠢᠶᠠᠨ ᠭᠡᠷ ᠦᠨ ᠰᠢᠲᠦᠭᠡᠨ ᠨᠦᠭᠦᠳ ᠢ ᠬᠤᠯᠠᠭᠠᠢᠯᠠᠨ ᠠᠪᠴᠠᠢ᠃ 20 ᠶᠠᠺᠣᠪ ᠣᠷᠭᠣᠨ ᠶᠠᠪᠤᠬᠤ ᠪᠠᠨ ᠠᠷᠠᠮ ᠬᠥᠮᠦᠨ ᠯᠠᠪᠠᠨ ᠳᠤ ᠬᠡᠯᠡᠭᠰᠡᠨ ᠦᠭᠡᠢ᠂ ᠨᠢᠭᠤᠴᠠ ᠪᠠᠷ 21 ᠪᠠᠢᠭ᠎ᠠ ᠪᠦᠬᠦᠨ ᠢᠶᠡᠨ ᠠᠪᠤᠭᠠᠳ ᠵᠢᠭᠤᠲᠠᠵᠠᠢ᠃ ᠲᠡᠷᠡ ᠡᠶᠦ᠋ᠹᠷᠠᠲ᠋ᠧᠰ ᠮᠥᠷᠡᠨ ᠢ ᠭᠠᠲᠤᠯᠤᠨ᠂ ᠭᠢᠯᠧᠶᠠᠳ᠋ ᠤᠨ ᠠᠭᠤᠯᠠᠷᠬᠠᠭ ᠨᠤᠲᠤᠭ ᠢ ᠵᠣᠷᠢᠪᠠ᠃
 ᠯᠠᠪᠠᠨ ᠶᠠᠺᠣᠪ ᠢ ᠮᠥᠰᠬᠢᠨ ᠬᠥᠭᠡᠭᠡᠪᠡ

22 ᠶᠠᠺᠣᠪ ᠶᠠᠪᠤᠭᠠᠳ ᠭᠤᠷᠪᠠ ᠬᠣᠨᠣᠭᠰᠠᠨ ᠤ ᠳᠠᠷᠠᠭ᠎ᠠ ᠯᠠᠪᠠᠨ ᠡᠭᠦᠨ ᠦ ᠲᠤᠬᠠᠢ ᠰᠣᠨᠣᠰᠣᠭᠠᠳ 23 ᠬᠠᠮᠢᠶᠠᠲᠠᠳ ᠢᠶᠠᠨ ᠳᠠᠭᠠᠭᠤᠯᠤᠨ᠂ ᠲᠡᠭᠦᠨ ᠦ ᠬᠣᠢᠨ᠎ᠠ ᠠᠴᠠ ᠳᠣᠯᠣᠭ᠎ᠠ ᠬᠣᠨᠣᠭ ᠮᠥᠰᠬᠢᠨ ᠬᠥᠭᠡᠭᠡᠵᠦ᠂ ᠭᠢᠯᠧᠶᠠᠳ᠋ ᠤᠨ ᠠᠭᠤᠯᠠᠷᠬᠠᠭ ᠨᠤᠲᠤᠭ ᠲᠤ ᠭᠦᠢᠴᠡᠨ ᠢᠷᠡᠵᠡᠢ᠃ 24 ᠬᠠᠷᠢᠨ ᠲᠡᠷᠡ ᠰᠥᠨᠢ ᠪᠤᠷᠬᠠᠨ ᠬᠦᠷᠴᠦ ᠢᠷᠡᠭᠡᠳ ᠠᠷᠠᠮ ᠬᠥᠮᠦᠨ ᠯᠠᠪᠠᠨ ᠤ ᠵᠡᠭᠦᠳᠦᠨ ᠳᠦ᠄ 《ᠴᠢ ᠪᠣᠯᠭᠣᠮᠵᠢᠯᠠ᠂ ᠶᠠᠺᠣᠪ ᠲᠤ ᠰᠠᠢᠨ ᠮᠠᠭᠤ ᠶᠠᠭᠤ ᠴᠤ ᠪᠢᠲᠡᠭᠡᠢ ᠬᠡᠯᠡ》 ᠭᠡᠰᠡᠨ ᠪᠠᠢᠨ᠎ᠠ᠃

25 ᠯᠠᠪᠠᠨ ᠶᠠᠺᠣᠪ ᠢ ᠭᠦᠢᠴᠡᠨ ᠣᠴᠢᠬᠤ ᠳᠤ᠂ ᠶᠠᠺᠣᠪ ᠭᠢᠯᠧᠶᠠᠳ᠋ ᠤᠨ ᠠᠭᠤᠯᠠᠷᠬᠠᠭ ᠭᠠᠵᠠᠷ ᠲᠤ ᠮᠠᠢᠬᠠᠨ ᠢᠶᠠᠨ ᠪᠣᠰᠬᠠᠭᠰᠠᠨ ᠪᠠᠢᠪᠠ᠃ ᠯᠠᠪᠠᠨ ᠴᠤ ᠬᠠᠮᠢᠶᠠᠲᠠᠳ ᠤᠨ ᠢᠶᠠᠨ ᠬᠠᠮᠲᠤ ᠲᠡᠨᠳᠡ ᠪᠠᠭᠤᠳᠠᠯᠯᠠᠪᠠ᠃ 26 ᠯᠠᠪᠠᠨ ᠶᠠᠺᠣᠪ ᠲᠤ᠄ 《ᠴᠢ ᠶᠠᠭᠤ ᠬᠢᠴᠢᠬᠡᠬᠦ ᠨᠢ ᠡᠨᠡ ᠪᠤᠢ︖ ᠴᠢ ᠨᠠᠮᠠᠶᠢ ᠮᠡᠬᠡᠯᠡᠵᠦ᠂ ᠥᠬᠢᠳ ᠢ ᠮᠢᠨᠢ ᠢᠯᠳᠦ ᠪᠡᠷ ᠣᠯᠣᠭᠰᠠᠨ ᠣᠯᠵᠠᠯᠠᠬᠳᠠᠭᠰᠠᠳ ᠰᠢᠭ᠋ ᠠᠪᠴᠤ ᠶᠠᠪᠤᠬᠤ ᠭᠡᠵᠢ︕ 27 ᠴᠢ ᠶᠠᠭᠠᠬᠢᠭᠠᠳ ᠬᠡᠯᠡᠬᠦ ᠦᠭᠡᠢ ᠪᠠᠷ ᠰᠡᠮᠡᠭᠡᠷ ᠵᠢᠭᠤᠲᠠᠵᠤ᠂ ᠨᠠᠮᠠᠶᠢ ᠮᠡᠬᠡᠯᠡᠭᠰᠡᠨ ᠶᠤᠮ ᠪᠤᠢ︖ ᠪᠢ ᠴᠢᠮᠠᠶᠢ ᠪᠠᠶᠠᠷ ᠬᠥᠷ᠂ ᠠᠶ᠎ᠠ ᠳᠠᠭᠤᠤ᠂ ᠪᠥᠮᠪᠥᠷ ᠶᠠᠲᠤᠭ᠎ᠠ ᠶᠢᠨ ᠡᠭᠡᠰᠢᠭ ᠢᠶᠠᠷ ᠦᠳᠡᠬᠦ ᠪᠠᠢᠭᠰᠠᠨ︕ 28 ᠥᠬᠢᠳ ᠪᠣᠯᠣᠨ ᠵᠢᠭᠡ ᠨᠠᠷ ᠢᠶᠠᠨ ᠦᠨᠦᠰᠬᠦ ᠪᠣᠯᠣᠮᠵᠢ ᠶᠢ ᠴᠤ ᠴᠢ ᠨᠠᠳᠠ ᠳᠤ ᠥᠭᠭᠥᠭᠰᠡᠨ ᠦᠭᠡᠢ᠃ ᠬᠢᠭᠰᠡᠨ ᠵᠦᠢᠯ ᠴᠢᠨᠢ ᠦᠨᠡᠬᠡᠷ ᠮᠤᠩ᠋ᠬᠠᠭ ᠪᠠᠢᠨ᠎ᠠ᠃ 29 ᠴᠢᠮᠠᠶᠢ ᠬᠣᠣᠷᠯᠠᠬᠤ ᠴᠢᠳᠠᠯ ᠨᠠᠳᠠ ᠳᠤ ᠪᠤᠢ᠃ ᠬᠠᠷᠢᠨ ᠥᠩᠭᠡᠷᠡᠭᠰᠡᠨ ᠰᠥᠨᠢ ᠡᠴᠢᠭᠡ ᠶᠢᠨ ᠴᠢᠨᠢ ᠪᠤᠷᠬᠠᠨ ᠨᠠᠳᠠ ᠳᠤ᠄ 〈ᠪᠣᠯᠭᠣᠮᠵᠢᠯᠠ᠂ ᠶᠠᠺᠣᠪ ᠲᠤ ᠰᠠᠢᠨ ᠮᠠᠭᠤ ᠶᠠᠭᠤ ᠴᠤ ᠪᠢᠲᠡᠭᠡᠢ ᠬᠡᠯᠡ〉 ᠭᠡᠰᠡᠨ᠃ 30 ᠴᠢ ᠡᠴᠢᠭᠡ ᠶᠢᠨ ᠢᠶᠠᠨ ᠭᠡᠷ ᠢ ᠶᠡᠬᠡᠳᠡ ᠮᠥᠷᠥᠭᠡᠳᠦᠨ ᠰᠠᠨᠠᠭᠠᠯᠵᠠᠭᠰᠠᠨ ᠤᠴᠢᠷ ᠣᠳᠣ ᠶᠠᠪᠤᠬᠤ ᠴᠢᠨᠢ ᠵᠥᠪ᠃ ᠬᠠᠷᠢᠨ ᠴᠢ ᠶᠠᠭᠤᠨ ᠳᠤ ᠮᠢᠨᠦ ᠰᠢᠲᠦᠭᠡᠨ ᠨᠦᠭᠦᠳ ᠢ ᠬᠤᠯᠠᠭᠠᠢᠯᠠᠭᠰᠠᠨ ᠶᠤᠮ ᠪᠤᠢ︖》 ᠭᠡᠪᠡ᠃ 31 ᠶᠠᠺᠣᠪ ᠯᠠᠪᠠᠨ ᠳᠤ᠄ 《ᠲᠠᠨ ᠢ ᠥᠬᠢᠳ ᠢᠶᠠᠨ ᠨᠠᠳᠠ ᠠᠴᠠ ᠪᠤᠯᠢᠶᠠᠨ ᠠᠪᠬᠤ ᠪᠣᠯᠣᠭᠤᠵᠠᠢ ᠭᠡᠵᠦ ᠪᠣᠳᠣᠭᠠᠳ ᠪᠢ ᠲᠠᠨ ᠠᠴᠠ ᠠᠶᠤᠭᠰᠠᠨ ᠶᠤᠮ᠃ 32 ᠲᠠᠨ ᠤ ᠰᠢᠲᠦᠭᠡᠨ ᠨᠦᠭᠦᠳ ᠬᠡᠨ ᠡᠴᠡ ᠣᠯᠳᠠᠨ᠎ᠠ᠂ ᠲᠡᠷᠡ ᠬᠥᠮᠦᠨ ᠠᠮᠢᠳᠤ ᠪᠠᠢᠬᠤ ᠶᠣᠰᠣ ᠦᠭᠡᠢ᠃ ᠮᠠᠨ ᠤ ᠬᠠᠮᠢᠶᠠᠲᠠᠳ ᠤᠨ ᠡᠮᠦᠨ᠎ᠡ ᠮᠢᠨᠦ ᠵᠦᠢᠯᠡᠰ ᠡᠴᠡ ᠥᠪᠡᠷ ᠦᠨ ᠢᠶᠠᠨ ᠶᠠᠭᠤᠮ᠎ᠠ ᠶᠢ ᠣᠯᠵᠤ ᠲᠠᠨᠢᠪᠠᠯ᠂ ᠲᠠ ᠲᠡᠭᠦᠨ ᠢ ᠪᠠᠨ ᠠᠪᠤᠭᠠᠷᠠᠢ》 ᠭᠡᠵᠡᠢ᠃ ᠤᠴᠢᠷ ᠨᠢ ᠶᠠᠺᠣᠪ ᠷᠠᠾᠢᠯ ᠤᠨ ᠲᠡᠳᠡᠭᠡᠷ ᠢ ᠬᠤᠯᠠᠭᠠᠢᠯᠠᠭᠰᠠᠨ ᠢ ᠨᠢ ᠮᠡᠳᠡᠭᠡ ᠦᠭᠡᠢ ᠪᠠᠢᠵᠠᠢ᠃

33 ᠯᠠᠪᠠᠨ ᠶᠠᠺᠣᠪ ᠤᠨ ᠮᠠᠢᠬᠠᠨ᠂ ᠯᠧᠶ᠎ᠠ ᠶᠢᠨ ᠮᠠᠢᠬᠠᠨ᠂ ᠮᠥᠨ ᠬᠣᠶᠠᠷ ᠰᠢᠪᠡᠭᠴᠢᠨ ᠤ ᠮᠠᠢᠬᠠᠨ ᠳᠤ ᠣᠷᠣᠭᠰᠠᠨ ᠪᠣᠯᠪᠠᠴᠤ ᠣᠯᠣᠭᠰᠠᠨ ᠦᠭᠡᠢ᠃ ᠲᠡᠷᠡ ᠯᠧᠶ᠎ᠠ ᠶᠢᠨ ᠮᠠᠢᠬᠠᠨ ᠠᠴᠠ ᠭᠠᠷᠤᠭᠠᠳ᠂ ᠷᠠᠾᠢᠯ ᠤᠨ ᠮᠠᠢᠬᠠᠨ ᠳᠤ ᠣᠷᠣᠵᠠᠢ᠃ 34 ᠷᠠᠾᠢᠯ ᠲᠡᠳᠡᠭᠡᠷ ᠭᠡᠷ ᠦᠨ ᠰᠢᠲᠦᠭᠡᠨ ᠨᠦᠭᠦᠳ ᠢ ᠲᠡᠮᠡᠭᠡᠨ ᠦ ᠲᠣᠬᠣᠰᠢᠨ ᠳᠣᠣᠷ᠎ᠠ ᠬᠢᠭᠡᠳ ᠳᠡᠭᠡᠷ᠎ᠡ ᠨᠢ ᠰᠠᠭᠤᠵᠤ ᠪᠠᠢᠪᠠ᠃ ᠯᠠᠪᠠᠨ ᠪᠦᠬᠦ ᠮᠠᠢᠬᠠᠨ ᠢ ᠨᠡᠩᠵᠢᠭᠰᠡᠨ ᠪᠣᠯᠪᠠᠴᠤ ᠣᠯᠣᠭᠰᠠᠨ ᠦᠭᠡᠢ᠃ 35 ᠷᠠᠾᠢᠯ ᠡᠴᠢᠭᠡ ᠳᠡᠭᠡᠨ᠄ 《ᠠᠪᠤ ᠮᠢᠨᠢ᠂ ᠮᠢᠨᠦ ᠰᠠᠷ᠎ᠠ ᠶᠢᠨ ᠲᠡᠮᠳᠡᠭ ᠢᠷᠡᠭᠰᠡᠨ᠂ ᠲᠠᠨ ᠤ ᠡᠮᠦᠨ᠎ᠡ ᠪᠣᠰᠬᠤ ᠦᠭᠡᠢ ᠪᠠᠢᠬᠤ ᠳᠤ ᠮᠢᠨᠢ ᠪᠦᠦ ᠠᠭᠤᠷᠯᠠᠭᠠᠷᠠᠢ》 ᠭᠡᠵᠡᠢ᠃ ᠯᠠᠪᠠᠨ ᠭᠡᠷ ᠦᠨ ᠰᠢᠲᠦᠭᠡᠨ ᠨᠦᠭᠦᠳ ᠢᠶᠡᠨ ᠡᠷᠢᠭᠰᠡᠨ ᠪᠣᠯᠪᠠᠴᠤ ᠣᠯᠣᠭᠰᠠᠨ ᠦᠭᠡᠢ᠃

36 ᠶᠠᠺᠣᠪ ᠠᠭᠤᠷᠯᠠᠵᠤ᠂ ᠯᠠᠪᠠᠨ ᠢ ᠵᠢᠮᠡᠯᠡᠭᠰᠡᠨ ᠪᠠᠢᠨ᠎ᠠ᠃ ᠶᠠᠺᠣᠪ ᠯᠠᠪᠠᠨ ᠳᠤ ᠬᠠᠨᠳᠤᠨ᠄ 《ᠶᠠᠮᠠᠷ ᠪᠤᠷᠤᠭᠤ ᠶᠠᠭᠤᠮ᠎ᠠ ᠬᠢᠭᠰᠡᠨ ᠶᠤᠮ ᠪᠤᠢ ᠪᠢ︖ ᠨᠠᠮᠠᠶᠢ ᠶᠠᠮᠠᠷ ᠨᠢᠭᠦᠯ ᠲᠡᠢ ᠭᠡᠵᠦ ᠲᠠ ᠬᠠᠯᠠᠭᠤᠨ ᠮᠥᠷ ᠢᠶᠡᠷ ᠮᠢᠨᠢ ᠮᠥᠰᠬᠢᠭᠡᠳ ᠪᠠᠢᠭ᠎ᠠ ᠶᠤᠮ ᠪᠤᠢ︖ 37 ᠲᠠ ᠬᠠᠮᠤᠭ ᠶᠠᠭᠤᠮ᠎ᠠ ᠶᠢ ᠮᠢᠨᠢ ᠨᠡᠩᠵᠢᠭᠡᠳ ᠭᠡᠷ ᠦᠨ ᠢᠶᠠᠨ ᠶᠠᠮᠠᠷ ᠶᠠᠭᠤᠮ᠎ᠠ ᠶᠢ ᠣᠯᠪᠠ︖ ᠲᠡᠭᠦᠨ ᠢ ᠪᠠᠨ ᠡ᠊ᠨᠳᠡ ᠮᠢᠨᠦ ᠪᠣᠯᠣᠨ ᠥᠪᠡᠷ ᠦᠨ ᠢᠶᠠᠨ ᠬᠠᠮᠢᠶᠠᠲᠠᠳ ᠤᠨ ᠡᠮᠦᠨ᠎ᠡ ᠭᠠᠷᠭᠠᠵᠤ ᠲᠠᠯᠪᠢ᠃ ᠲᠡᠭᠡᠭᠡᠳ ᠡᠨᠡ ᠬᠥᠮᠦᠰ ᠪᠢᠳᠡ ᠬᠣᠶᠠᠷ ᠤᠨ ᠬᠡᠷᠡᠭ ᠢ ᠰᠢᠭᠦᠭ᠃ 38 ᠪᠢ ᠬᠣᠷᠢᠨ ᠵᠢᠯ ᠲᠠᠨ ᠲᠠᠢ ᠬᠠᠮᠲᠤ ᠪᠠᠢᠯ᠎ᠠ᠃ ᠲᠠᠨ ᠤ ᠡᠮ᠎ᠡ ᠬᠣᠨᠢ᠂ ᠡᠮ᠎ᠡ ᠢᠮᠠᠭ᠎ᠠ ᠬᠡᠭᠡᠯ ᠬᠠᠶᠠᠭ᠎ᠠ ᠦᠭᠡᠢ᠂ ᠲᠠᠨ ᠤ ᠰᠦᠷᠦᠭ ᠦᠨ ᠡᠷ᠎ᠡ ᠬᠣᠨᠢᠨ ᠠᠴᠠ ᠪᠢ ᠢᠳᠡᠭᠡ ᠦᠭᠡᠢ᠃ 39 ᠠᠷᠢᠶᠠᠲᠠᠨ ᠳᠤ ᠲᠠᠰᠤᠳᠠᠭᠤᠯᠤᠭᠰᠠᠨ ᠢ ᠨᠢ ᠪᠢ ᠲᠠᠨ ᠳᠤ ᠠᠪᠴᠢᠷᠠᠭ᠎ᠠ ᠦᠭᠡᠢ᠂ ᠬᠠᠷᠢᠨ ᠥᠪᠡᠷ ᠦᠨ ᠬᠢ ᠪᠠᠷ ᠢᠶᠠᠨ ᠲᠡᠭᠦᠨ ᠢ ᠨᠢ ᠨᠥᠬᠥᠭᠰᠡᠨ᠃ ᠡᠳᠦᠷ ᠰᠥᠨᠢ ᠶᠢᠨ ᠠᠯᠢ ᠴᠤ ᠴᠠᠭ ᠲᠤ ᠬᠤᠯᠠᠭᠠᠢᠯᠠᠭᠳᠠᠭᠰᠠᠨ ᠮᠠᠯ ᠢ ᠲᠠ ᠨᠠᠳᠠ ᠪᠠᠷ ᠲᠥᠯᠥᠭᠦᠯᠳᠡᠭ ᠪᠠᠢᠭᠰᠠᠨ᠃ 40 ᠪᠢ ᠡᠳᠦᠷ ᠦᠨ ᠬᠠᠯᠠᠭᠤᠨ ᠳᠤ ᠬᠠᠯᠠᠵᠤ᠂ ᠰᠥᠨᠢ ᠶᠢᠨ ᠬᠦᠢᠲᠡᠨ ᠳᠦ ᠬᠥᠷᠥᠵᠦ᠂ ᠨᠢᠳᠦ ᠪᠡᠨ ᠴᠠᠪᠴᠢᠯ ᠦᠭᠡᠢ ᠥᠩᠭᠡᠷᠡᠭᠡᠭᠰᠡᠭᠡᠷ ᠪᠠᠢᠭᠰᠠᠨ᠃ 41 ᠪᠢ ᠢᠩᠭᠢᠵᠦ ᠲᠠᠨ ᠤ ᠳᠤ ᠬᠣᠷᠢᠨ ᠵᠢᠯ ᠰᠠᠭᠤᠯ᠎ᠠ᠃ ᠲᠠᠨ ᠤ ᠬᠣᠶᠠᠷ ᠥᠬᠢᠨ ᠤ ᠲᠥᠯᠥᠭᠡ ᠠᠷᠪᠠᠨ ᠳᠥᠷᠪᠡᠨ ᠵᠢᠯ᠂ ᠲᠠᠨ ᠤ ᠮᠠᠯ ᠰᠦᠷᠦᠭ ᠦᠨ ᠲᠥᠯᠥᠭᠡ ᠵᠢᠷᠭᠤᠭᠠᠨ ᠵᠢᠯ ᠲᠠᠨ ᠳᠤ ᠠᠵᠢᠯ ᠬᠢᠵᠦ ᠥᠭᠭᠥᠭᠰᠡᠨ᠃ ᠡᠨᠡ ᠵᠠᠪᠰᠠᠷ ᠲᠤ ᠲᠠ ᠮᠢᠨᠦ ᠬᠥᠯᠥᠰᠥ ᠶᠢ ᠠᠷᠪᠠ ᠤᠳᠠᠭ᠎ᠠ ᠥᠭᠡᠷᠡᠴᠢᠯᠡᠭᠰᠡᠨ᠃ 42 ᠬᠡᠷᠪᠡ ᠮᠢᠨᠦ ᠡᠴᠢᠭᠡ ᠡᠪᠦᠭᠡᠳ ᠦᠨ ᠪᠤᠷᠬᠠᠨ᠂ ᠠᠪᠷᠠᠬᠠᠮ ᠤᠨ ᠪᠤᠷᠬᠠᠨ᠂ ᠢᠰᠠᠺ ᠤᠨ ᠡᠮᠢᠶᠡᠭᠴᠢ ᠨᠢ ᠨᠠᠳᠠ ᠲᠠᠢ ᠬᠠᠮᠲᠤ ᠪᠠᠢᠭ᠎ᠠ ᠦᠭᠡᠢ ᠰᠠᠨ ᠪᠣᠯ ᠡᠳᠦᠢ ᠳᠦ ᠲᠠ ᠨᠠᠮᠠᠶᠢ ᠭᠠᠷ ᠬᠣᠭᠣᠰᠣᠨ ᠪᠤᠴᠠᠭᠠᠬᠤ ᠪᠠᠢᠵᠠᠢ ᠳᠠ᠃ ᠬᠠᠷᠢᠨ ᠪᠤᠷᠬᠠᠨ ᠭᠠᠷ ᠤᠨ ᠮᠢᠨᠢ ᠵᠣᠪᠠᠯᠠᠩ ᠵᠦᠳᠡᠭᠦᠷᠢ ᠶᠢ ᠦᠵᠡᠭᠡᠳ᠂ ᠥᠴᠥᠭᠡᠳᠦᠷ ᠰᠥᠨᠢ ᠲᠠᠨ ᠢ ᠵᠢᠮᠡᠯᠡᠵᠡᠢ》 ᠭᠡᠪᠡ᠃

43 ᠯᠠᠪᠠᠨ ᠶᠠᠺᠣᠪ ᠲᠤ ᠬᠠᠨᠳᠤᠵᠤ᠄ 《ᠡᠨᠡ ᠥᠬᠢᠳ ᠪᠣᠯ ᠮᠢᠨᠦ ᠥᠬᠢᠳ᠂ ᠡᠨᠡ ᠬᠡᠦᠬᠡᠳ ᠤᠳ ᠪᠣᠯ ᠮᠢᠨᠦ ᠬᠡᠦᠬᠡᠳ ᠤᠳ᠂ ᠡᠨᠡ ᠬᠣᠨᠢᠨ ᠰᠦᠷᠦᠭ ᠪᠣᠯ ᠮᠢᠨᠦ ᠬᠣᠨᠢᠨ ᠰᠦᠷᠦᠭ᠃ ᠴᠢᠨᠦ ᠬᠠᠷᠠᠵᠤ ᠪᠠᠢᠭ᠎ᠠ ᠶᠠᠭᠤᠮ᠎ᠠ ᠪᠦᠬᠦᠨ ᠮᠢᠨᠦᠬᠢ᠃ ᠬᠠᠷᠢᠨ ᠥᠨᠥᠳᠥᠷ ᠪᠢ ᠥᠬᠢᠳ ᠢᠶᠠᠨ᠂ ᠲᠡᠳᠡᠨ ᠦ ᠲᠥᠷᠥᠭᠦᠯᠦᠭᠰᠡᠨ ᠦᠷ᠎ᠡ ᠬᠡᠦᠬᠡᠳ ᠤᠳ ᠢ ᠶᠠᠭᠠᠬᠢᠯᠲᠠᠢ ᠪᠢᠯᠡ︖ 44 ᠣᠳᠣ ᠨᠠᠰᠢ ᠢᠷ᠎ᠡ︕ ᠴᠢ ᠪᠢᠳᠡ ᠬᠣᠶᠠᠭᠤᠯᠠ ᠪᠠᠨ ᠬᠣᠭᠣᠷᠣᠨᠳᠣ ᠪᠠᠨ ᠭᠡᠷ᠎ᠡ ᠪᠠᠢᠭᠤᠯᠵᠤ᠂ ᠡᠭᠦᠨ ᠢᠶᠡᠷ ᠴᠢ ᠪᠢᠳᠡ ᠬᠣᠶᠠᠷ ᠤᠨ ᠬᠣᠭᠣᠷᠣᠨᠳᠣ ᠶᠢᠨ ᠭᠡᠷᠡᠴᠢ ᠪᠣᠯᠭᠠᠶ᠎ᠠ》 ᠭᠡᠪᠡ᠃ 45 ᠶᠠᠺᠣᠪ ᠨᠢᠭᠡ ᠴᠢᠯᠠᠭᠤ ᠠᠪᠤᠭᠠᠳ ᠪᠠᠭᠠᠨ᠎ᠠ ᠪᠣᠯᠭᠠᠨ ᠪᠣᠰᠬᠠᠵᠠᠢ᠃ 46 ᠶᠠᠺᠣᠪ ᠬᠠᠮᠢᠶᠠᠲᠠᠳ ᠲᠠᠭᠠᠨ᠄ 《ᠴᠢᠯᠠᠭᠤ ᠴᠤᠭᠯᠠᠭᠤᠯ》 ᠭᠡᠰᠡᠨ ᠳᠦ᠂ ᠲᠡᠳᠡ ᠴᠢᠯᠠᠭᠤ ᠠᠪᠴᠢᠷᠠᠵᠤ ᠣᠪᠣᠭ᠎ᠠ ᠪᠣᠰᠬᠠᠭᠠᠳ᠂ ᠣᠪᠣᠭᠠᠨ ᠤ ᠪᠠᠨ ᠳᠡᠷᠭᠡᠳᠡ ᠬᠣᠭᠣᠯᠠᠯᠠᠵᠠᠭᠠᠭᠰᠠᠨ ᠪᠠᠢᠨ᠎ᠠ᠃

47 ᠯᠠᠪᠠᠨ ᠲᠡᠷᠡ ᠣᠪᠣᠭ᠎ᠠ ᠪᠠᠨ ᠶᠧᠭᠠᠷ ᠰᠠᠬᠠᠳᠦ᠋ᠲ᠋ᠠ 59 ᠭᠡᠵᠦ ᠨᠡᠷᠡᠯᠡᠨ᠂ ᠶᠠᠺᠣᠪ ᠲᠡᠭᠦᠨ ᠢ ᠪᠠᠨ ᠭᠠᠯᠧᠳ᠋ 60 ᠭᠡᠵᠦ ᠨᠡᠷᠡᠯᠡᠵᠡᠢ᠃ 48 ᠯᠠᠪᠠᠨ᠄ 《ᠡᠨᠡ ᠣᠪᠣᠭ᠎ᠠ ᠥᠨᠥᠳᠥᠷ ᠴᠢ ᠪᠢᠳᠡ ᠬᠣᠶᠠᠷ ᠤᠨ ᠬᠣᠭᠣᠷᠣᠨᠳᠣ ᠭᠡᠷᠡᠴᠢ ᠪᠣᠯᠣᠨ᠎ᠠ》 ᠭᠡᠰᠡᠨ ᠤᠴᠢᠷ ᠠᠴᠠ ᠲᠡᠷᠡ ᠭᠠᠵᠠᠷ ᠭᠠᠯᠧᠳ᠋ ᠭᠡᠵᠦ ᠨᠡᠷᠡᠯᠡᠭᠳᠡᠪᠡ᠃ 49 ᠲᠡᠷᠡ ᠭᠠᠵᠠᠷ ᠢ ᠪᠠᠰᠠ ᠮᠢᠽᠫᠠ ᠭᠡᠵᠦ ᠨᠡᠷᠡᠯᠡᠳᠡᠭ᠃ ᠤᠴᠢᠷ ᠨᠢ ᠲᠡᠷᠡ 《ᠪᠢᠳᠡ ᠬᠣᠶᠠᠷ ᠪᠡᠶ᠎ᠡ ᠪᠡᠶ᠎ᠡ ᠡᠴᠡ ᠪᠡᠨ ᠠᠯᠤᠰ ᠬᠣᠯᠠ ᠪᠠᠢᠬᠤ ᠳᠤ ᠶᠣᠬᠣᠸᠠ ᠴᠢ ᠪᠢᠳᠡ ᠬᠣᠶᠠᠷ ᠤᠨ ᠬᠣᠭᠣᠷᠣᠨᠳᠣᠬᠢ ᠶᠢ ᠬᠠᠷᠠᠭᠤᠯᠳᠠᠬᠤ ᠪᠣᠯᠲᠤᠭᠠᠢ》 ᠭᠡᠰᠡᠨ ᠶᠤᠮ᠃ 50 ᠯᠠᠪᠠᠨ ᠪᠠᠰᠠ᠄ 《ᠬᠡᠷᠪᠡ ᠴᠢ ᠮᠢᠨᠦ ᠥᠬᠢᠳ ᠢ ᠵᠣᠪᠠᠭᠠᠬᠤ᠂ ᠡᠰᠡᠪᠡᠯ ᠮᠢᠨᠦ ᠥᠬᠢᠳ ᠡᠴᠡ ᠥᠭᠡᠷ᠎ᠡ ᠡᠬᠡᠨᠡᠷ ᠠᠪᠤᠪᠠᠯ ᠪᠢᠳᠡ ᠬᠣᠶᠠᠷ ᠤᠨ ᠬᠣᠭᠣᠷᠣᠨᠳᠣ ᠥᠭᠡᠷ᠎ᠡ ᠬᠥᠮᠦᠨ ᠪᠠᠢᠬᠤ ᠦᠭᠡᠢ ᠴᠤ ᠭᠡᠰᠡᠨ᠂ ᠪᠤᠷᠬᠠᠨ ᠴᠢ ᠪᠢᠳᠡ ᠬᠣᠶᠠᠷ ᠤᠨ ᠬᠣᠭᠣᠷᠣᠨᠳᠣ ᠭᠡᠷᠡᠴᠢ ᠪᠣᠯᠣᠨ᠎ᠠ ᠰᠢᠦ︕》 ᠭᠡᠪᠡ᠃

51 ᠯᠠᠪᠠᠨ ᠳᠠᠬᠢᠨ ᠶᠠᠺᠣᠪ ᠲᠤ ᠬᠠᠨᠳᠤᠵᠤ᠂ 《ᠡᠨᠡ ᠣᠪᠣᠭ᠎ᠠ ᠶᠢ ᠬᠠᠷᠠ᠃ ᠪᠠᠰᠠ ᠴᠢ ᠪᠢᠳᠡ ᠬᠣᠶᠠᠷ ᠤᠨ ᠬᠣᠭᠣᠷᠣᠨᠳᠣ ᠮᠢᠨᠦ ᠪᠣᠰᠬᠠᠭᠰᠠᠨ ᠪᠠᠭᠠᠨ᠎ᠠ ᠶᠢ ᠬᠠᠷᠠ᠃ 52 ᠡᠨᠡ ᠣᠪᠣᠭ᠎ᠠ ᠴᠤ ᠭᠡᠷᠡᠴᠢ᠂ ᠡᠨᠡ ᠪᠠᠭᠠᠨ᠎ᠠ ᠴᠤ ᠭᠡᠷᠡᠴᠢ ᠪᠣᠯᠣᠨ᠎ᠠ᠃ ᠪᠢ ᠴᠢᠮ᠎ᠠ ᠳᠤ ᠮᠠᠭᠤ ᠶᠠᠭᠤᠮ᠎ᠠ ᠬᠢᠬᠦ ᠭᠡᠵᠦ ᠡᠨᠡ ᠣᠪᠣᠭ᠎ᠠ ᠶᠢ ᠳᠠᠪᠠᠬᠤ ᠦᠭᠡᠢ᠃ ᠴᠢ ᠴᠤ ᠨᠠᠳᠠ ᠳᠤ ᠮᠠᠭᠤ ᠶᠠᠭᠤᠮ᠎ᠠ ᠬᠢᠬᠦ ᠭᠡᠵᠦ ᠡᠨᠡ ᠣᠪᠣᠭ᠎ᠠ ᠪᠣᠯᠣᠨ ᠪᠠᠭᠠᠨ᠎ᠠ ᠶᠢ ᠪᠦᠦ ᠳᠠᠪᠠᠭᠠᠷᠠᠢ᠃ 53 ᠠᠪᠷᠠᠬᠠᠮ ᠤᠨ ᠪᠤᠷᠬᠠᠨ᠂ ᠨᠠᠬᠣᠷ ᠤᠨ ᠪᠤᠷᠬᠠᠨ᠂ ᠲᠡᠳᠡᠨ ᠦ ᠡᠴᠢᠭᠡ ᠡᠪᠦᠭᠡᠳ ᠦᠨ ᠪᠤᠷᠬᠠᠨ᠂ ᠪᠢᠳᠡᠨ ᠦ ᠬᠣᠭᠣᠷᠣᠨᠳᠣᠬᠢ ᠶᠢ ᠰᠢᠭᠦᠬᠦ ᠪᠣᠯᠲᠤᠭᠠᠢ》 ᠭᠡᠰᠡᠨ ᠳᠦ᠂ ᠶᠠᠺᠣᠪ ᠡᠴᠢᠭᠡ ᠢᠰᠠᠺ ᠤᠨ ᠢᠶᠠᠨ ᠡᠮᠢᠶᠡᠭᠴᠢ ᠶᠢᠨ ᠨᠡᠷ᠎ᠡ ᠪᠡᠷ ᠲᠠᠩ᠋ᠭᠠᠷᠢᠭᠯᠠᠪᠠ᠃ 54 ᠶᠠᠺᠣᠪ ᠠᠭᠤᠯᠠᠨ ᠳᠡᠭᠡᠷ᠎ᠡ ᠲᠠᠬᠢᠯ ᠡᠷᠭᠦᠭᠡᠳ ᠬᠠᠮᠢᠶᠠᠲᠠᠨ ᠨᠤᠭᠤᠳ ᠢᠶᠠᠨ ᠳᠠᠭᠤᠳᠠᠵᠤ ᠬᠣᠭᠣᠯᠠᠯᠠᠪᠠ᠃ ᠲᠡᠳᠡ ᠬᠣᠭᠣᠯᠠ ᠪᠠᠨ ᠢᠳᠡᠵᠦ᠂ ᠠᠭᠤᠯᠠᠨ ᠳᠡᠭᠡᠷ᠎ᠡ ᠬᠣᠨᠣᠵᠠᠭᠠᠵᠠᠢ᠃

55 ᠯᠠᠪᠠᠨ ᠥᠷᠯᠥᠭᠡ ᠡᠷᠲᠡᠯᠡᠨ ᠪᠣᠰᠣᠭᠠᠳ ᠵᠢᠭᠡ ᠨᠠᠷ ᠢᠶᠠᠨ᠂ ᠥᠬᠢᠳ ᠢᠶᠠᠨ ᠦᠨᠦᠰᠴᠦ ᠢᠷᠥᠭᠡᠭᠡᠳ ᠨᠤᠲᠤᠭ ᠤᠷᠤᠭᠤ ᠪᠠᠨ ᠪᠤᠴᠠᠭᠰᠠᠨ ᠪᠠᠢᠯ᠎ᠠ᠃