ᠡᠬᠢᠯᠡᠯ ᠳᠥᠴᠢᠨ ᠳᠣᠯᠣᠭ᠎ᠠ
1 ᠶᠣᠰᠧᠹ ᠹᠠᠷᠠᠣ᠋ ᠳᠤ ᠣᠴᠢᠭᠠᠳ ᠲᠡᠭᠦᠨ ᠳᠦ᠄ 《ᠮᠢᠨᠦ ᠡᠴᠢᠭᠡ ᠴᠤ᠂ ᠠᠬ᠎ᠠ ᠨᠠᠷ ᠮᠠᠨᠢ ᠴᠤ ᠮᠠᠯ ᠰᠦᠷᠦᠭ᠂ ᠬᠠᠮᠤᠭ ᠡᠳ᠋ ᠬᠥᠷᠥᠩᠭᠡ ᠪᠡᠨ ᠠᠪᠴᠤ᠂ ᠺᠠᠨᠠᠨ ᠠᠴᠠ ᠢᠷᠡᠭᠡᠳ ᠣᠳᠣ ᠭᠣᠱᠧᠨ ᠨᠤᠲᠤᠭ ᠲᠤ ᠪᠠᠢᠨ᠎ᠠ︕》 ᠭᠡᠵᠦ ᠬᠡᠯᠡᠭᠡᠳ᠂ 2 ᠠᠬ᠎ᠠ ᠨᠠᠷ ᠠᠴᠠ ᠪᠠᠨ ᠲᠠᠪᠤᠨ ᠬᠥᠮᠦᠨ ᠢ ᠠᠪᠴᠤ᠂ ᠹᠠᠷᠠᠣ᠋ ᠳᠤ ᠪᠠᠷᠠᠭᠠᠯᠬᠠᠭᠤᠯᠵᠠᠢ᠃ 3 ᠹᠠᠷᠠᠣ᠋ ᠲᠡᠭᠦᠨ ᠦ ᠠᠬ᠎ᠠ ᠨᠠᠷ ᠠᠴᠠ᠄ 《ᠲᠠ ᠨᠠᠷ ᠶᠠᠭᠤ ᠬᠢᠳᠡᠭ ᠤᠯᠤᠰ ᠪᠤᠢ︖》 ᠭᠡᠵᠦ ᠠᠰᠠᠭᠤᠭᠰᠠᠨ ᠳᠤ᠂ ᠲᠡᠳᠡ᠄ 《ᠲᠠᠨ ᠤ ᠵᠠᠷᠤᠴᠠ ᠪᠢᠳᠡ ᠡᠪᠦᠭᠡ ᠳᠡᠭᠡᠳᠦᠰ ᠲᠡᠢ ᠪᠡᠨ ᠠᠳᠠᠯᠢᠬᠠᠨ ᠬᠣᠨᠢᠴᠢᠳ》 ᠭᠡᠪᠡ᠃ 4 ᠲᠡᠳᠡ ᠪᠠᠰᠠ ᠹᠠᠷᠠᠣ᠋ ᠳᠤ᠄ 《ᠮᠠᠨ ᠤ ᠬᠢᠨ ᠲᠠᠨ ᠤ ᠡ᠊ᠨᠳᠡ ᠲᠦᠷ ᠰᠠᠭᠤᠬᠤ ᠪᠠᠷ ᠢᠷᠡᠯ᠎ᠡ᠃ ᠺᠠᠨᠠᠨ ᠨᠤᠲᠤᠭ ᠲᠤ ᠪᠣᠯᠣᠭᠰᠠᠨ ᠬᠦᠨᠳᠦ ᠬᠡᠴᠡᠭᠦᠦ ᠭᠠᠩ ᠭᠠᠴᠢᠭ ᠢᠶᠠᠷ ᠲᠠᠨ ᠤ ᠵᠠᠷᠤᠴᠠ ᠪᠢᠳᠡᠨ ᠦ ᠮᠠᠯ ᠰᠦᠷᠦᠭ ᠪᠡᠯᠴᠢᠭᠡᠷ ᠦᠭᠡᠢ ᠪᠣᠯᠣᠯ᠎ᠠ᠃ ᠣᠳᠣ ᠲᠠᠨ ᠠᠴᠠ ᠭᠤᠶᠤᠶ᠎ᠠ᠃ ᠵᠠᠷᠤᠴᠠ ᠪᠢᠳᠡᠨ ᠦ ᠪᠠᠨ ᠭᠣᠱᠧᠨ ᠨᠤᠲᠤᠭ ᠲᠤ ᠰᠠᠭᠤᠬᠤ ᠶᠢ ᠵᠥᠪᠰᠢᠶᠡᠷᠡᠭᠡᠴᠢ》 ᠭᠡᠵᠦ ᠬᠡᠯᠡᠪᠡ᠃ 5 ᠹᠠᠷᠠᠣ᠋ ᠶᠣᠰᠧᠹ ᠲᠤ᠄ 《ᠲᠠᠨ ᠤ ᠡᠴᠢᠭᠡ ᠪᠣᠯᠣᠨ ᠠᠬ᠎ᠠ ᠨᠠᠷ ᠴᠢᠨᠢ ᠲᠠᠨ ᠤᠷᠤᠭᠤ ᠬᠦᠷᠴᠦ ᠢᠷᠡᠭᠰᠡᠨ ᠪᠠᠢᠨ᠎ᠠ᠃ 6 ᠶᠧᠵᠢᠫᠲ ᠤᠨ ᠭᠠᠵᠠᠷ ᠨᠤᠲᠤᠭ ᠲᠠᠨ ᠤ ᠡᠮᠦᠨ᠎ᠡ ᠪᠠᠢᠨ᠎ᠠ᠃ ᠲᠠ ᠡᠴᠢᠭᠡ ᠪᠣᠯᠣᠨ ᠠᠬ᠎ᠠ ᠨᠠᠷ ᠢᠶᠠᠨ ᠡᠨᠡ ᠨᠤᠲᠤᠭ ᠤᠨ ᠬᠠᠮᠤᠭ ᠤᠨ ᠰᠠᠢᠨ ᠭᠠᠵᠠᠷ ᠲᠤ ᠰᠠᠭᠤᠯᠭ᠎ᠠ᠃ ᠲᠡᠳᠡ ᠭᠣᠱᠧᠨ ᠨᠤᠲᠤᠭ ᠲᠤ ᠰᠠᠭᠤᠭ᠃ ᠬᠡᠷᠪᠡ ᠲᠡᠳᠡᠨ ᠦ ᠳᠤᠮᠳᠠ ᠴᠢᠳᠠᠪᠤᠷᠢ ᠲᠠᠢ ᠰᠠᠢᠨ ᠬᠥᠮᠦᠰ ᠪᠠᠢᠪᠠᠯ᠂ ᠮᠢᠨᠦ ᠮᠠᠯ ᠰᠦᠷᠦᠭ ᠢ ᠲᠡᠳᠡᠨ ᠢᠶᠡᠷ ᠬᠠᠷᠢᠭᠤᠴᠠᠭᠤᠯ》 ᠭᠡᠪᠡ᠃
7 ᠶᠣᠰᠧᠹ ᠡᠴᠢᠭᠡ ᠶᠠᠺᠣᠪ ᠢᠶᠠᠨ ᠳᠠᠭᠠᠭᠤᠯᠵᠤ ᠢᠷᠡᠭᠡᠳ᠂ ᠹᠠᠷᠠᠣ᠋ ᠳᠤ ᠪᠠᠷᠠᠭᠠᠯᠬᠠᠭᠤᠯᠤᠭᠰᠠᠨ ᠪᠠᠢᠨ᠎ᠠ᠃ ᠶᠠᠺᠣᠪ ᠹᠠᠷᠠᠣ᠋ ᠶᠢ ᠢᠷᠥᠭᠡᠪᠡ᠃ 8 ᠹᠠᠷᠠᠣ᠋ ᠶᠠᠺᠣᠪ ᠠᠴᠠ᠄ 《ᠲᠠᠨ ᠤ ᠨᠠᠰᠤᠨ ᠰᠡᠭᠦᠳᠡᠷ ᠬᠡᠳᠦ ᠪᠤᠢ︖》 ᠭᠡᠵᠦ ᠠᠰᠠᠭᠤᠭᠰᠠᠨ ᠳᠤ᠂ 9 ᠶᠠᠺᠣᠪ ᠹᠠᠷᠠᠣ᠋ ᠳᠤ᠄ 《ᠪᠢ ᠴᠠᠭᠠᠴᠢᠯᠠᠨ ᠶᠠᠪᠤᠭᠰᠠᠭᠠᠷ ᠵᠠᠭᠤᠨ ᠭᠤᠴᠢᠨ ᠵᠢᠯ ᠪᠣᠯᠵᠤ ᠪᠠᠢᠨ᠎ᠠ᠃ ᠠᠮᠢᠳᠤᠷᠠᠯ ᠤᠨ ᠮᠠᠨᠢ ᠣᠨ ᠵᠢᠯ ᠤᠷᠲᠤ ᠪᠢᠰᠢ ᠪᠣᠯᠪᠠᠴᠤ ᠬᠡᠴᠡᠭᠦᠦ ᠪᠠᠢᠯ᠎ᠠ᠃ ᠬᠠᠷᠢᠨ ᠡᠴᠢᠭᠡ ᠡᠪᠦᠭᠡᠳ ᠦᠨ ᠮᠢᠨᠢ ᠴᠠᠭᠠᠴᠢᠯᠠᠨ ᠠᠮᠢᠳᠤᠷᠠᠭᠰᠠᠨ ᠣᠨ ᠵᠢᠯ ᠤᠳ ᠲᠤᠨᠢ ᠠᠷᠠᠢ ᠬᠦᠷᠦᠭᠡ ᠦᠭᠡᠢ ᠪᠠᠢᠨ᠎ᠠ》 ᠭᠡᠪᠡ᠃ 10 ᠶᠠᠺᠣᠪ ᠹᠠᠷᠠᠣ᠋ ᠶᠢ ᠢᠷᠥᠭᠡᠭᠰᠡᠨ ᠦ ᠳᠠᠷᠠᠭ᠎ᠠ ᠲᠡᠨᠳᠡ ᠡᠴᠡ ᠭᠠᠷᠴᠤ ᠣᠳᠪᠠ᠃ 11 ᠶᠣᠰᠧᠹ ᠹᠠᠷᠠᠣ᠋ ᠶᠢᠨ ᠲᠤᠰᠢᠶᠠᠭᠰᠠᠨ ᠶᠣᠰᠣᠭᠠᠷ ᠡᠴᠢᠭᠡ ᠪᠣᠯᠣᠨ ᠠᠬ᠎ᠠ ᠨᠠᠷ ᠢᠶᠠᠨ ᠶᠧᠵᠢᠫᠲ ᠲᠤ ᠰᠠᠭᠤᠯᠭᠠᠵᠤ᠂ ᠲᠡᠨᠳᠡᠬᠢ ᠬᠠᠮᠤᠭ ᠤᠨ ᠰᠠᠢᠨ ᠭᠠᠵᠠᠷ ᠪᠣᠯᠬᠤ ᠷᠠᠮᠧᠰᠧᠰ ᠨᠤᠲᠤᠭ ᠢ ᠲᠡᠳᠡᠨ ᠳᠦ ᠥᠮᠴᠢ ᠪᠣᠯᠭᠠᠨ ᠥᠭᠭᠥᠭᠰᠡᠨ ᠢᠶᠡᠷ ᠪᠠᠷᠠᠬᠤ ᠦᠭᠡᠢ᠂ 12 ᠥᠪᠡᠷ ᠦᠨ ᠢᠶᠠᠨ ᠡᠴᠢᠭᠡ᠂ ᠠᠬ᠎ᠠ ᠨᠠᠷ ᠬᠢᠭᠡᠳ ᠡᠴᠢᠭᠡ ᠶᠢᠨ ᠢᠶᠠᠨ ᠪᠦᠬᠦ ᠭᠡᠷ ᠪᠦᠯᠢ᠂ ᠬᠡᠦᠬᠡᠳ ᠤᠳ ᠲᠤ ᠬᠥᠮᠦᠨ ᠦ ᠲᠣᠭ᠎ᠠ ᠪᠠᠷ ᠨᠢ ᠬᠦᠨᠡᠰᠦ ᠥᠭᠴᠦ ᠲᠡᠳᠬᠦᠭᠰᠡᠨ ᠪᠠᠢᠪᠠ᠃
ᠥᠯᠥᠰᠬᠥᠯᠡᠩ ᠢ ᠳᠤᠭᠤᠯᠤᠭᠰᠠᠨ ᠨᠢ
13 ᠥᠯᠥᠰᠬᠥᠯᠡᠩ ᠭᠠᠴᠢᠭ ᠠᠴᠠ ᠪᠣᠯᠵᠤ ᠭᠠᠵᠠᠷ ᠳᠠᠶᠠᠭᠠᠷ ᠬᠣᠭᠣᠯᠠ ᠬᠦᠨᠡᠰᠦ ᠲᠠᠰᠤᠷᠠᠭᠰᠠᠨ ᠳᠤ᠂ ᠶᠧᠵᠢᠫᠲ ᠪᠣᠯᠣᠨ ᠺᠠᠨᠠᠨ ᠨᠤᠲᠤᠭ ᠴᠤ ᠥᠯᠥᠰᠬᠥᠯᠡᠩ ᠡᠴᠡ ᠪᠣᠯᠵᠤ ᠦᠭᠡᠶᠢᠷᠡᠨ ᠲᠤᠢᠯᠳᠠᠵᠠᠢ᠃ 14 ᠶᠣᠰᠧᠹ ᠠᠮᠤ ᠬᠦᠨᠡᠰᠦ ᠬᠤᠳᠠᠯᠳᠤᠭᠠᠳ᠂ ᠶᠧᠵᠢᠫᠲ ᠪᠣᠯᠣᠨ ᠺᠠᠨᠠᠨ ᠨᠤᠲᠤᠭ ᠠᠴᠠ ᠣᠯᠳᠠᠬᠤ ᠪᠦᠬᠦ ᠮᠥᠩᠭᠥ ᠶᠢ ᠬᠤᠷᠢᠶᠠᠵᠤ᠂ ᠹᠠᠷᠠᠣ᠋ ᠶᠢᠨ ᠣᠷᠳᠣᠨ ᠳᠤ ᠠᠪᠴᠢᠷᠠᠭᠰᠠᠨ ᠪᠠᠢᠯ᠎ᠠ᠃ 15 ᠶᠧᠵᠢᠫᠲ ᠪᠣᠯᠣᠨ ᠺᠠᠨᠠᠨ ᠨᠤᠲᠤᠭ ᠤᠨ ᠬᠢᠨ ᠤ ᠮᠥᠩᠭᠥ ᠳᠠᠭᠤᠰᠬᠤ ᠳᠤ᠂ ᠶᠧᠵᠢᠫᠲ᠋ᠴᠦᠳ ᠪᠦᠭᠦᠳᠡᠭᠡᠷ ᠢᠶᠡᠨ ᠶᠣᠰᠧᠹ ᠲᠤ ᠢᠷᠡᠵᠦ᠄ 《ᠪᠢᠳᠡᠨ ᠦ ᠮᠥᠩᠭᠥ ᠳᠠᠭᠤᠰᠤᠭᠰᠠᠨ︕ ᠬᠠᠷᠢᠨ ᠪᠢᠳᠡᠨ ᠳᠦ ᠬᠣᠭᠣᠯᠠ ᠬᠦᠨᠡᠰᠦ ᠥᠭᠭᠥᠭᠡᠴᠢ᠃ ᠪᠢᠳᠡ ᠶᠠᠭᠠᠬᠢᠭᠠᠳ ᠲᠠᠨ ᠤ ᠡᠮᠦᠨ᠎ᠡ ᠦᠬᠦᠬᠦ ᠶᠣᠰᠣᠲᠠᠢ ᠶᠤᠮ ᠪᠤᠢ︖》 ᠭᠡᠰᠡᠨ ᠳᠦ᠂ 16 ᠶᠣᠰᠧᠹ᠄ 《ᠮᠥᠩᠭᠥ ᠴᠢᠨᠢ ᠳᠠᠭᠤᠰᠤᠭᠰᠠᠨ ᠪᠣᠯ ᠮᠠᠯ ᠢᠶᠠᠨ ᠠᠪᠴᠢᠷᠠᠵᠤ ᠥᠭ᠂ ᠪᠢ ᠣᠷᠣᠨ ᠳᠤᠨᠢ ᠬᠦᠨᠡᠰᠦ ᠥᠭᠭᠥᠶ᠎ᠡ》 ᠭᠡᠵᠡᠢ᠃ 17 ᠲᠡᠢᠮᠦ ᠡᠴᠡ ᠲᠡᠳᠡ ᠮᠠᠯ ᠰᠦᠷᠦᠭ ᠢᠶᠡᠨ ᠶᠣᠰᠧᠹ ᠲᠤ ᠠᠪᠴᠢᠷᠠᠵᠤ ᠥᠭᠴᠡᠢ᠃ ᠶᠣᠰᠧᠹ ᠲᠡᠳᠡᠨ ᠦ ᠠᠪᠴᠢᠷᠠᠭᠰᠠᠨ ᠠᠳᠤᠭᠤ᠂ ᠬᠣᠨᠢ᠂ ᠢᠮᠠᠭ᠎ᠠ᠂ ᠦᠬᠡᠷ ᠪᠣᠯᠣᠨ ᠡᠯᠵᠢᠭᠡ ᠶᠢ ᠠᠪᠤᠭᠠᠳ ᠬᠣᠭᠣᠯᠠ ᠬᠦᠨᠡᠰᠦ ᠥᠭᠭᠥᠭᠰᠡᠨ ᠪᠠᠢᠯ᠎ᠠ᠃ ᠶᠣᠰᠧᠹ ᠲᠡᠷᠡ ᠵᠢᠯ ᠢᠩᠭᠢᠵᠦ ᠮᠠᠯ ᠠᠪᠤᠭᠠᠳ ᠬᠦᠨᠡᠰᠦ ᠥᠭᠴᠦ ᠲᠡᠳᠡᠨ ᠢ ᠬᠠᠩ᠋ᠭᠠᠪᠠ᠃ 18 ᠲᠡᠷᠡ ᠵᠢᠯ ᠥᠩᠭᠡᠷᠡᠵᠦ᠂ ᠳᠠᠷᠠᠭᠠᠴᠢ ᠶᠢᠨ ᠵᠢᠯ ᠨᠢ ᠪᠣᠯᠬᠤ ᠳᠤ ᠬᠥᠮᠦᠰ ᠶᠣᠰᠧᠹ ᠲᠤ ᠳᠠᠬᠢᠨ ᠢᠷᠡᠵᠦ᠄ 《ᠡᠵᠡᠨᠲᠡᠨ ᠲᠠᠨ ᠳᠤ ᠪᠢᠳᠡ ᠨᠢᠭᠤᠯ ᠦᠭᠡᠢ ᠬᠡᠯᠡᠶ᠎ᠡ᠂ ᠪᠢᠳᠡᠨ ᠦ ᠮᠥᠩᠭᠥ ᠳᠠᠭᠤᠰᠤᠭᠰᠠᠨ᠃ ᠪᠢᠳᠡᠨ ᠦ ᠮᠠᠯ ᠰᠦᠷᠦᠭ ᠡᠵᠡᠨᠲᠡᠨ ᠲᠠᠨ ᠤ ᠬᠢ ᠪᠣᠯᠣᠭᠰᠠᠨ᠃ ᠡᠵᠡᠨᠲᠡᠨ ᠲᠠᠨ ᠤ ᠡᠮᠦᠨ᠎ᠡ ᠥᠪᠡᠷᠰᠡᠳ ᠦᠨ ᠮᠢᠬᠠᠨ ᠪᠡᠶ᠎ᠡ ᠪᠣᠯᠣᠨ ᠭᠠᠵᠠᠷ ᠰᠢᠷᠣᠢ ᠠᠴᠠ ᠪᠠᠨ ᠥᠭᠡᠷ᠎ᠡ ᠦᠯᠡᠳᠡᠭᠰᠡᠨ ᠵᠦᠢᠯ ᠪᠢᠳᠡᠨ ᠳᠦ ᠠᠯᠠᠭ᠎ᠠ᠃ 19 ᠪᠢᠳᠡ ᠴᠤ᠂ ᠮᠠᠨ ᠤ ᠭᠠᠵᠠᠷ ᠰᠢᠷᠣᠢ ᠴᠤ ᠶᠠᠭᠠᠬᠢᠭᠠᠳ ᠲᠠᠨ ᠤ ᠡᠮᠦᠨ᠎ᠡ ᠤᠰᠠᠳᠬᠤ ᠶᠣᠰᠣᠲᠠᠢ ᠶᠤᠮ ᠪᠤᠢ︖ ᠬᠣᠭᠣᠯᠠ ᠬᠦᠨᠡᠰᠦ ᠥᠭᠴᠦ ᠭᠠᠵᠠᠷ ᠰᠢᠷᠣᠢ ᠲᠠᠢ ᠮᠠᠨᠢ ᠬᠠᠮᠲᠤ ᠪᠢᠳᠡᠨ ᠢ ᠬᠤᠳᠠᠯᠳᠤᠨ ᠠᠪᠤᠭᠠᠷᠠᠢ᠃ ᠪᠢᠳᠡ ᠭᠠᠵᠠᠷ ᠰᠢᠷᠣᠢ ᠲᠠᠢ ᠪᠠᠨ ᠬᠠᠮᠲᠤ ᠹᠠᠷᠠᠣ᠋ ᠶᠢᠨ ᠵᠠᠷᠤᠴᠠ ᠪᠣᠯᠵᠠᠭᠠᠶ᠎ᠠ᠃ ᠪᠢᠳᠡᠨ ᠳᠦ ᠲᠠᠷᠢᠶᠠᠨ ᠦᠷ᠎ᠡ ᠥᠭᠭᠥᠭᠡᠴᠢ᠃ ᠲᠡᠭᠡᠪᠡᠯ ᠪᠢᠳᠡ ᠦᠬᠦᠬᠦ ᠦᠭᠡᠢ ᠠᠮᠢᠳᠤ ᠦᠯᠡᠳᠡᠬᠦ ᠪᠥᠭᠡᠳ ᠭᠠᠵᠠᠷ ᠨᠤᠲᠤᠭ ᠮᠠᠨᠢ ᠴᠤ ᠡᠵᠡᠭᠦᠢ ᠵᠡᠯᠢᠭᠦᠳ ᠪᠣᠯᠬᠤ ᠦᠭᠡᠢ》 ᠭᠡᠪᠡ᠃
20 ᠡᠢᠨ ᠬᠦ ᠶᠣᠰᠧᠹ ᠶᠧᠵᠢᠫᠲ ᠤᠨ ᠪᠦᠬᠦ ᠭᠠᠵᠠᠷ ᠰᠢᠷᠣᠢ ᠶᠢ ᠬᠤᠳᠠᠯᠳᠤᠨ ᠠᠪᠤᠭᠠᠳ ᠹᠠᠷᠠᠣ᠋ ᠳᠤ ᠥᠭᠭᠥᠭᠰᠡᠨ ᠪᠠᠢᠨ᠎ᠠ᠃ ᠬᠦᠨᠳᠦ ᠬᠡᠴᠡᠭᠦᠦ ᠥᠯᠥᠰᠬᠥᠯᠡᠩ ᠭᠠᠴᠢᠭ ᠪᠣᠯᠣᠭᠰᠠᠨ ᠢᠶᠠᠷ ᠶᠧᠵᠢᠫᠲ ᠤᠨ ᠬᠥᠮᠦᠨ ᠪᠣᠯᠭᠠᠨ ᠥᠪᠡᠷ ᠦᠨ ᠢᠶᠠᠨ ᠭᠠᠵᠠᠷ ᠰᠢᠷᠣᠢ ᠶᠢ ᠬᠤᠳᠠᠯᠳᠤᠬᠤ ᠳᠤ᠂ ᠲᠡᠷᠡ ᠭᠠᠵᠠᠷ ᠨᠢ ᠹᠠᠷᠠᠣ᠋ ᠶᠢᠨ ᠬᠢ ᠪᠣᠯᠵᠤ᠂ 21 ᠶᠧᠵᠢᠫᠲ ᠨᠤᠲᠤᠭ ᠤᠨ ᠨᠢᠭᠡ ᠵᠠᠬ᠎ᠠ ᠠᠴᠠ ᠨᠥᠭᠥᠭᠡ ᠵᠠᠬ᠎ᠠ ᠬᠦᠷᠲᠡᠯᠡᠬᠢ ᠠᠷᠠᠳ ᠣᠯᠠᠨ ᠲᠡᠭᠦᠨ ᠳᠦ ᠵᠠᠷᠤᠴᠠᠯᠠᠭᠳᠠᠬᠤ ᠪᠣᠯᠵᠠᠢ᠃ 22 ᠬᠠᠷᠢᠨ ᠶᠣᠰᠧᠹ ᠲᠠᠬᠢᠯᠴᠢᠳ ᠤᠨ ᠭᠠᠵᠠᠷ ᠰᠢᠷᠣᠢ ᠶᠢ ᠠᠷᠠᠯᠵᠢᠭᠰᠠᠨ ᠦᠭᠡᠢ᠃ ᠲᠠᠬᠢᠯᠴᠢᠳ ᠹᠠᠷᠠᠣ᠋ ᠡᠴᠡ ᠲᠣᠭᠲᠠᠭᠰᠠᠨ ᠣᠷᠣᠯᠭ᠎ᠠ ᠣᠯᠵᠤ᠂ ᠹᠠᠷᠠᠣ᠋ ᠡᠴᠡ ᠲᠣᠭᠲᠠᠭᠰᠠᠨ ᠬᠦᠨᠡᠰᠦ ᠠᠪᠤᠭᠠᠳ ᠢᠳᠡᠳᠡᠭ ᠤᠴᠢᠷ ᠠᠴᠠ ᠲᠡᠳᠡ ᠭᠠᠵᠠᠷ ᠰᠢᠷᠣᠢ ᠪᠠᠨ ᠬᠤᠳᠠᠯᠳᠤᠬᠤ ᠬᠡᠷᠡᠭ ᠦᠭᠡᠢ ᠪᠠᠢᠯ᠎ᠠ᠃ 23 ᠶᠣᠰᠧᠹ ᠠᠷᠠᠳ ᠲᠦᠮᠡᠨ ᠳᠦ᠄ 《ᠵᠠ ᠥᠨᠥᠳᠥᠷ ᠲᠠ ᠨᠠᠷ ᠢ ᠪᠣᠯᠣᠨ ᠲᠠ ᠨᠠᠷ ᠤᠨ ᠭᠠᠵᠠᠷ ᠰᠢᠷᠣᠢ ᠶᠢ ᠠᠪᠤᠭᠠᠳ ᠹᠠᠷᠠᠣ᠋ ᠳᠤ ᠥᠭᠭᠥᠭᠰᠡᠨ ᠰᠢᠦ᠃ ᠲᠠ ᠨᠠᠷ ᠣᠳᠣ ᠦᠷ᠎ᠡ ᠠᠪᠴᠤ ᠭᠠᠵᠠᠷ ᠰᠢᠷᠣᠢ ᠳᠠᠭᠠᠨ ᠲᠠᠷᠢᠶᠠᠯᠠᠵᠠᠭᠠ᠃ 24 ᠤᠷᠭᠤᠴᠠ ᠪᠠᠨ ᠬᠤᠷᠢᠶᠠᠬᠤ ᠳᠠᠭᠠᠨ ᠲᠠᠪᠤᠨ ᠤ ᠨᠢᠭᠡ ᠶᠢ ᠨᠢ ᠹᠠᠷᠠᠣ᠋ ᠳᠤ ᠥᠭᠬᠦ ᠶᠣᠰᠣᠲᠠᠢ᠂ ᠦᠯᠡᠳᠡᠭᠰᠡᠨ ᠳᠥᠷᠪᠡᠨ ᠬᠤᠪᠢ ᠨᠢ ᠥᠪᠡᠷᠰᠡᠳ ᠦᠨ ᠬᠢ ᠴᠢᠨᠢ ᠪᠣᠯᠣᠨ᠎ᠠ᠂ ᠡᠭᠦᠨ ᠢ ᠲᠠᠯᠠᠪᠠᠢ ᠳᠤ ᠲᠠᠷᠢᠬᠤ ᠪᠠ ᠥᠪᠡᠷᠰᠡᠳ ᠦᠨ ᠢᠶᠠᠨ ᠬᠣᠭᠣᠯᠠ ᠬᠦᠨᠡᠰᠦ ᠪᠣᠯᠭᠠᠨ ᠭᠡᠷ ᠦᠨ ᠬᠢᠨ ᠪᠣᠯᠣᠨ ᠦᠷ᠎ᠡ ᠬᠡᠦᠬᠡᠳ ᠤᠳ ᠢᠶᠠᠨ ᠲᠡᠵᠢᠭᠡᠭᠡᠷᠡᠢ》 ᠭᠡᠰᠡᠨ ᠳᠦ᠂ 25 ᠲᠡᠳᠡ᠄ 《ᠲᠠ ᠪᠢᠳᠡᠨ ᠦ ᠠᠮᠢ ᠶᠢ ᠠᠪᠤᠷᠠᠯ᠎ᠠ᠃ ᠲᠡᠢᠮᠦ ᠡᠴᠡ ᠪᠢᠳᠡ ᠡᠵᠡᠨᠲᠡᠨ ᠲᠠᠨ ᠤ ᠲᠠᠭᠠᠯᠠᠯ ᠢ ᠣᠯᠣᠭᠰᠠᠨ ᠪᠣᠯᠬᠣᠷ ᠹᠠᠷᠠᠣ᠋ ᠶᠢᠨ ᠵᠠᠷᠤᠴᠠ ᠪᠣᠯᠬᠤ ᠶᠢ ᠮᠠᠨᠢ ᠴᠤ ᠵᠥᠪᠰᠢᠶᠡᠷᠡᠭᠡᠴᠢ》 ᠭᠡᠯᠡ᠃ 26 ᠡᠢᠨ ᠬᠦ ᠶᠧᠵᠢᠫᠲ ᠤᠨ ᠭᠠᠵᠠᠷ ᠰᠢᠷᠣᠢ ᠶᠢᠨ ᠲᠤᠬᠠᠢ ᠬᠠᠤᠯᠢ᠂ ᠥᠭᠡᠷ᠎ᠡ ᠪᠡᠷ ᠬᠡᠯᠡᠪᠡᠯ ᠬᠤᠷᠢᠶᠠᠯᠲᠠ ᠶᠢᠨ ᠢᠶᠠᠨ ᠲᠠᠪᠤᠨ ᠤ ᠨᠢᠭᠡ ᠶᠢ ᠹᠠᠷᠠᠣ᠋ ᠳᠤ ᠥᠭᠬᠦ ᠬᠠᠤᠯᠢ ᠶᠢ ᠲᠣᠭᠲᠠᠭᠠᠭᠰᠠᠨ ᠪᠥᠭᠡᠳ ᠲᠡᠷᠡ ᠬᠠᠤᠯᠢ ᠨᠢ ᠥᠨᠥᠳᠥᠷ ᠬᠦᠷᠲᠡᠯ᠎ᠡ ᠬᠦᠴᠦᠨ ᠲᠡᠢ ᠠᠵᠢ᠃ ᠵᠥᠪᠬᠡᠨ ᠲᠠᠬᠢᠯᠴᠢᠳ ᠤᠨ ᠭᠠᠵᠠᠷ ᠯᠠ ᠹᠠᠷᠠᠣ᠋ ᠳᠤ ᠬᠠᠷᠢᠶᠠᠯᠠᠭᠳᠠᠭᠠ ᠦᠭᠡᠢ᠃
27 ᠢᠰᠷᠧᠯᠴᠦᠳ ᠶᠧᠵᠢᠫᠲ ᠤᠨ ᠭᠣᠱᠧᠨ ᠨᠤᠲᠤᠭ ᠲᠤ ᠰᠠᠭᠤᠷᠢᠰᠢᠵᠤ ᠥᠮᠴᠢ ᠪᠠᠨ ᠡᠵᠡᠮᠰᠢᠨ᠂ ᠦᠯᠡᠮᠵᠢ ᠶᠡᠬᠡ ᠦᠷᠡᠵᠢᠨ ᠣᠯᠠᠰᠢᠷᠠᠵᠠᠢ᠃ 28 ᠶᠠᠺᠣᠪ ᠶᠧᠵᠢᠫᠲ ᠤᠨ ᠨᠤᠲᠤᠭ ᠲᠤ ᠠᠷᠪᠠᠨ ᠳᠣᠯᠣᠭᠠᠨ ᠵᠢᠯ ᠠᠮᠢᠳᠤᠷᠠᠪᠠ᠃ ᠲᠡᠭᠦᠨ ᠦ ᠠᠮᠢ ᠠᠮᠢᠳᠤᠷᠠᠯ ᠤᠨ ᠴᠠᠭ ᠬᠤᠭᠤᠴᠠᠭ᠎ᠠ ᠵᠠᠭᠤ ᠳᠥᠴᠢᠨ ᠳᠣᠯᠣᠭᠠᠨ ᠵᠢᠯ ᠪᠠᠢᠭᠰᠠᠨ᠃
29 ᠢᠰᠷᠧᠯ ᠨᠠᠰᠤ ᠪᠠᠷᠠᠬᠤ ᠡᠳᠦᠷ ᠢᠶᠡᠨ ᠣᠢᠷᠠᠲᠤᠬᠤ ᠳᠤ᠂ ᠬᠦᠦ ᠶᠣᠰᠧᠹ ᠢᠶᠠᠨ ᠳᠠᠭᠤᠳᠠᠵᠤ᠂ ᠲᠡᠭᠦᠨ ᠳᠦ᠄ 《ᠬᠡᠷᠪᠡ ᠴᠢ ᠦᠨᠡᠬᠡᠷ ᠨᠠᠳᠠ ᠳᠤ ᠬᠠᠢᠷᠠᠲᠠᠢ ᠪᠣᠯ ᠪᠢ ᠴᠢᠮ᠎ᠠ ᠠᠴᠠ ᠭᠤᠶᠤᠶ᠎ᠠ᠂ ᠴᠢ ᠭᠠᠷ ᠢᠶᠠᠨ ᠬᠥᠯ ᠦᠨ ᠮᠢᠨᠢ ᠬᠣᠭᠣᠷᠣᠨᠳᠣ ᠲᠠᠯᠪᠢᠵᠤ᠂ ᠦᠨᠡᠨ ᠬᠠᠢᠷ᠎ᠠ ᠪᠠᠷ ᠨᠠᠳᠠ ᠳᠤ ᠲᠠᠩ᠋ᠭᠠᠷᠢᠭᠯᠠᠨ᠂ ᠨᠠᠮᠠᠶᠢ ᠶᠧᠵᠢᠫᠲ ᠲᠤ ᠣᠷᠣᠰᠢᠭᠤᠯᠬᠤ ᠦᠭᠡᠢ ᠭᠡᠵᠦ ᠠᠮᠠᠯᠠᠨ᠎ᠠ ᠤᠤ︖ 30 ᠡᠪᠦᠭᠡ ᠳᠡᠭᠡᠳᠦᠰ ᠲᠡᠢ ᠪᠡᠨ ᠬᠠᠮᠲᠤ ᠨᠣᠢᠷᠰᠣᠬᠤ ᠴᠠᠭ ᠲᠤ ᠮᠢᠨᠢ ᠴᠢ ᠨᠠᠮᠠᠶᠢ ᠶᠧᠵᠢᠫᠲ ᠡᠴᠡ ᠠᠪᠠᠴᠢᠵᠤ᠂ ᠲᠡᠳᠡᠨ ᠢ ᠨᠤᠲᠤᠭᠯᠠᠭᠤᠯᠤᠭᠰᠠᠨ ᠭᠠᠵᠠᠷ ᠲᠤ ᠣᠷᠣᠰᠢᠭᠤᠯᠤᠭᠠᠷᠠᠢ︕》 ᠭᠡᠬᠦ ᠳᠦ᠂ ᠶᠣᠰᠧᠹ᠄ 《ᠲᠠᠨ ᠤ ᠬᠡᠯᠡᠭᠰᠡᠨ ᠶᠣᠰᠣᠭᠠᠷ ᠬᠢᠨ᠎ᠡ》 ᠭᠡᠪᠡ᠃ 31 ᠶᠠᠺᠣᠪ᠄ 《ᠨᠠᠳᠠ ᠳᠤ ᠲᠠᠩ᠋ᠭᠠᠷᠢᠭᠯᠠ》 ᠭᠡᠰᠡᠨ ᠳᠦ᠂ ᠶᠣᠰᠧᠹ ᠲᠡᠭᠦᠨ ᠳᠦ ᠲᠠᠩ᠋ᠭᠠᠷᠢᠭᠯᠠᠯᠠ᠂ ᠢᠰᠷᠧᠯ ᠲᠠᠶᠠᠭ ᠤᠨ ᠢᠶᠠᠨ ᠲᠣᠯᠣᠭᠠᠢ ᠶᠢ ᠲᠦᠰᠢᠨ ᠮᠥᠷᠭᠥᠪᠡ 78 ᠃