1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢᠨ ᠳᠣᠯᠣᠭ᠎ᠠ
 ᠪᠠᠪᠢᠯᠣᠨ ᠤ ᠨᠤᠷᠠᠯᠲᠠ
1 ᠪᠠᠪᠢᠯᠣᠨ ᠥᠬᠢᠨ ᠡ᠂ ᠪᠠᠭᠤᠨ ᠢᠷᠡᠵᠦ ᠰᠢᠷᠣᠢ ᠳᠡᠭᠡᠷ᠎ᠡ ᠰᠠᠭᠤ ᠪᠠᠪᠢᠯᠣᠨ ᠥᠬᠢᠨ ᠡ ᠰᠡᠨᠲᠢ ᠴᠢᠨᠢ ᠠᠯᠠᠭ᠎ᠠ᠂ ᠴᠢ ᠭᠠᠵᠠᠷ ᠳᠡᠭᠡᠷ᠎ᠡ ᠰᠠᠭᠤ ᠴᠢᠨᠠᠭᠰᠢᠳᠠ ᠬᠡᠨ ᠴᠤ ᠴᠢᠮᠠᠶᠢ ᠪᠣᠯᠪᠠᠷᠠᠢ᠂ ᠲᠤᠶᠠᠬᠠᠨ ᠭᠡᠵᠦ ᠬᠡᠯᠡᠬᠦ ᠦᠭᠡᠢ᠃
2 ᠲᠡᠭᠡᠷᠮ᠎ᠡ ᠪᠡᠷ ᠪᠤᠳᠠᠭ᠎ᠠ ᠬᠡᠮᠬᠡᠯᠡ᠂ ᠭᠢᠪᠯᠡᠭᠦᠷ ᠢᠶᠡᠨ ᠠᠪ᠂ ᠪᠠᠩ᠋ᠵᠠᠯ ᠢᠶᠠᠨ ᠰᠡᠬᠦᠵᠦ ᠬᠥᠯ ᠢᠶᠡᠨ ᠢᠯᠡ ᠭᠠᠷᠭᠠᠨ ᠭᠣᠣᠯ ᠭᠠᠲᠤᠯ᠃
3 ᠨᠢᠴᠦᠭᠦᠨ ᠴᠢᠨᠢ ᠢᠯᠡ ᠭᠠᠷᠤᠨ᠎ᠠ ᠢᠴᠢᠭᠦᠷᠢ ᠴᠢᠨᠢ ᠦᠵᠡᠭᠳᠡᠨ᠎ᠡ ᠪᠢ ᠥᠰᠢᠶ᠎ᠡ ᠠᠪᠤᠨ᠎ᠠ᠂ ᠬᠡᠨ ᠢ ᠴᠤ ᠥᠷᠥᠰᠢᠶᠡᠬᠦ ᠦᠭᠡᠢ᠃
4 ᠬᠠᠷᠢᠨ ᠪᠢᠳᠡᠨ ᠢ ᠵᠣᠯᠢᠭᠴᠢ ᠨᠢ ᠠᠤᠭ᠎ᠠ ᠬᠦᠴᠦᠲᠦ ᠶᠣᠬᠣᠸᠠ ᠭᠡᠭᠳᠡᠳᠡᠭ ᠢᠰᠷᠧᠯ ᠤᠨ ᠠᠷᠢᠭᠤᠨ ᠨᠢᠭᠡᠨ ᠪᠢᠯᠡ᠃
5 ᠪᠠᠪᠢᠯᠣᠨ ᠥᠬᠢᠨ ᠡ ᠳᠠᠭᠤ ᠦᠭᠡᠢ ᠰᠠᠭᠤᠵᠤ ᠪᠠᠢᠭᠠᠳ ᠬᠠᠷᠠᠩ᠋ᠭᠤᠢ ᠤᠷᠤᠭᠤ ᠣᠷᠣ ᠳᠠᠬᠢᠨ ᠴᠢ ᠬᠠᠭᠠᠨᠴᠢᠯᠠᠯ ᠤᠳ ᠤᠨ ᠡᠵᠡᠭᠲᠡᠢ ᠭᠡᠵᠦ ᠳᠠᠭᠤᠳᠠᠭᠳᠠᠬᠤ ᠦᠭᠡᠢ᠃
6 ᠪᠢ ᠠᠷᠠᠳ ᠲᠦᠮᠡᠨ ᠳᠡᠭᠡᠨ ᠬᠢᠯᠢᠩᠨᠡᠨ ᠥᠮᠴᠢ ᠪᠠᠨ ᠵᠢᠭᠰᠢᠪᠡ᠂ ᠬᠠᠷᠢᠨ ᠪᠢ ᠲᠡᠳᠡᠨ ᠢ ᠴᠢᠨᠦ ᠭᠠᠷ ᠲᠤ ᠲᠤᠰᠢᠶᠠᠬᠤ ᠳᠤ ᠴᠢ ᠲᠡᠳᠡᠨ ᠳᠦ ᠥᠷᠥᠰᠢᠶᠡᠯ ᠦᠵᠡᠭᠦᠯᠦᠭᠰᠡᠨ ᠦᠭᠡᠢ ᠥᠲᠡᠭᠦᠰ ᠲᠦ ᠴᠤ ᠬᠡᠲᠦᠷᠬᠡᠢ ᠬᠦᠨᠳᠦ ᠪᠤᠭᠤᠯᠠᠭ᠎ᠠ ᠶᠢ ᠲᠣᠬᠣᠪᠠ᠃
7 ᠬᠠᠷᠢᠨ 〈ᠪᠢ ᠮᠥᠩᠬᠡᠳᠡ ᠡᠵᠡᠭᠲᠡᠢ ᠪᠠᠢᠬᠤ ᠪᠣᠯᠣᠨ᠎ᠠ〉 ᠭᠡᠳ ᠴᠢ ᠡᠳᠡᠭᠡᠷ ᠵᠦᠢᠯ ᠳᠤ ᠰᠡᠳᠬᠢᠯ ᠲᠠᠯᠪᠢᠭ᠎ᠠ ᠦᠭᠡᠢ ᠬᠣᠵᠢᠮ ᠶᠠᠭᠤ ᠪᠣᠯᠬᠤ ᠶᠢ ᠪᠣᠳᠣᠭ᠎ᠠ ᠦᠭᠡᠢ᠃
8 ᠲᠠᠩᠰᠤᠭ᠂ ᠠᠮᠤᠷᠯᠢᠩ᠋ᠭᠤᠢ ᠰᠠᠭᠤᠭᠠᠳ 〈ᠪᠢ ᠪᠠᠢᠨ᠎ᠠ᠂ ᠥᠭᠡᠷ᠎ᠡ ᠬᠥᠮᠦᠨ ᠪᠢᠰᠢ ᠪᠢ ᠪᠡᠯᠪᠡᠰᠦᠨ ᠡᠮᠡᠭᠲᠡᠢ ᠪᠣᠯᠬᠤ ᠦᠭᠡᠢ ᠬᠡᠦᠬᠡᠳ ᠢᠶᠡᠨ ᠠᠯᠳᠠᠬᠤ ᠶᠢ ᠬᠡᠵᠢᠶ᠎ᠡ ᠴᠤ ᠮᠡᠳᠡᠬᠦ ᠦᠭᠡᠢ〉 ᠭᠡᠳᠡᠭ ᠴᠢ ᠣᠳᠣ ᠰᠣᠨᠣᠰᠣᠭᠲᠤᠨ᠃
9 ᠬᠡᠦᠬᠡᠳ ᠢᠶᠡᠨ ᠠᠯᠳᠠᠬᠤ ᠪᠠ ᠪᠡᠯᠪᠡᠰᠦᠷᠡᠬᠦ ᠬᠣᠶᠠᠷ ᠨᠢ ᠨᠢᠭᠡ ᠯᠠ ᠡᠳᠦᠷ ᠴᠢᠮ᠎ᠠ ᠳᠡᠭᠡᠷ᠎ᠡ ᠭᠡᠨᠡᠳᠲᠡ ᠢᠷᠡᠨ᠎ᠡ ᠶᠧᠯᠸᠢ ᠴᠢᠨᠢ ᠣᠯᠠᠨ᠂ ᠷᠢᠳᠢ ᠰᠢᠳᠢ ᠴᠢᠨᠢ ᠬᠦᠴᠦᠲᠡᠢ ᠪᠠᠢᠪᠠᠴᠤ ᠡᠨᠡ ᠪᠦᠭᠦᠳᠡ ᠴᠢᠮ᠎ᠠ ᠳᠤ ᠭᠦᠢᠴᠡᠳ ᠪᠡᠶᠡᠯᠡᠭᠳᠡᠨ᠎ᠡ᠃
10 ᠴᠢ 〈ᠬᠡᠨ ᠴᠤ ᠨᠠᠮᠠᠶᠢ ᠬᠠᠷᠠᠬᠤ ᠦᠭᠡᠢ〉 ᠭᠡᠳ ᠬᠣᠷᠣᠨ ᠮᠠᠭᠤ ᠳᠠᠭᠠᠨ ᠢᠲᠡᠭᠡᠵᠦ ᠵᠢᠷᠦᠬᠡᠨ ᠳᠡᠭᠡᠨ᠄ 〈ᠪᠢ ᠯᠠ ᠪᠠᠢᠨ᠎ᠠ᠂ ᠨᠠᠳᠠ ᠠᠴᠠ ᠥᠭᠡᠷ᠎ᠡ ᠬᠡᠨ ᠴᠤ ᠦᠭᠡᠢ〉 ᠭᠡᠭᠰᠡᠭᠡᠷ ᠮᠡᠷᠭᠡᠨ ᠪᠠ ᠮᠡᠳᠡᠯᠭᠡ ᠳᠡᠭᠡᠨ ᠲᠥᠭᠡᠷᠢᠵᠡᠢ᠃
11 ᠡᠢᠮᠦ ᠡᠴᠡ ᠴᠢ ᠭᠠᠮᠰᠢᠭ ᠢᠷᠡᠬᠦ ᠳᠦ ᠬᠠᠮᠢᠭ᠎ᠠ ᠠᠴᠠ ᠭᠠᠷᠤᠭᠰᠠᠨ ᠢ ᠨᠢ ᠴᠤ ᠮᠡᠳᠡᠬᠦ ᠦᠭᠡᠢ ᠭᠠᠢ ᠪᠠᠭᠤᠬᠤ ᠳᠤ ᠬᠡᠯᠲᠦᠷᠢᠵᠦ ᠳᠡᠢᠯᠬᠦ ᠦᠭᠡᠢ ᠭᠡᠨᠡᠳᠲᠡᠬᠡᠨ ᠰᠦᠢᠷᠡᠯ ᠪᠣᠯᠬᠤ ᠳᠤ ᠶᠠᠭᠠᠬᠢᠬᠤ ᠪᠠᠨ ᠴᠤ ᠮᠡᠳᠡᠬᠦ ᠦᠭᠡᠢ ᠪᠣᠯᠣᠨ᠎ᠠ᠃

12 ᠵᠠᠯᠠᠭᠤ ᠠᠴᠠ ᠪᠠᠨ ᠵᠢᠳᠬᠦᠵᠦ ᠪᠠᠢᠭᠰᠠᠨ ᠶᠧᠯᠸᠢ ᠬᠢᠭᠡᠳ ᠣᠯᠠᠨ ᠷᠢᠳᠢ ᠰᠢᠳᠢ ᠳᠣᠲᠣᠷ᠎ᠠ ᠪᠠᠨ ᠣᠳᠣ ᠵᠣᠭᠰᠣᠭᠠᠳ ᠦᠵᠡ ᠠᠮᠵᠢᠯᠲᠠ ᠣᠯᠵᠤ ᠮᠠᠭᠠᠳ ᠦᠭᠡᠢ ᠠᠢᠳᠠᠰ ᠬᠦᠷᠭᠡᠵᠦ ᠮᠠᠭᠠᠳ ᠦᠭᠡᠢ᠃
13 ᠣᠯᠠᠨ ᠵᠥᠪᠯᠡᠯᠭᠡ ᠡᠴᠡ ᠪᠣᠯᠵᠤ ᠴᠢ ᠶᠠᠳᠠᠷᠠᠵᠠᠢ᠃ ᠲᠩᠷᠢ ᠰᠢᠨᠵᠢᠭᠡᠴᠢᠳ᠂ ᠣᠳᠣᠨ ᠵᠢᠷᠤᠬᠠᠢᠴᠢᠳ ᠪᠤᠶᠤ ᠰᠠᠷ᠎ᠠ ᠪᠣᠯᠭᠠᠨ ᠳᠤ ᠶᠠᠭᠤ ᠪᠣᠯᠬᠤ ᠶᠢ ᠮᠡᠳᠡᠭᠦᠯᠦᠭᠴᠢᠳ ᠣᠳᠣ ᠪᠣᠰᠣᠭᠠᠳ ᠴᠢᠮᠠᠶᠢ ᠠᠪᠤᠷᠠᠭ᠃
14 ᠬᠠᠷᠠ᠂ ᠲᠡᠳᠡᠭᠡᠷ ᠨᠢ ᠬᠡᠪᠡᠭ ᠮᠡᠲᠦ ᠪᠣᠯᠵᠤ᠂ ᠭᠠᠯ ᠳᠤ ᠰᠢᠲᠠᠨ᠎ᠠ ᠳᠤᠯᠠᠭᠠᠴᠠᠭᠤᠯᠳᠠᠭ ᠨᠡᠭᠦᠷᠡᠰᠦᠨ ᠦ ᠭᠠᠯ ᠪᠢᠰᠢ᠂ ᠳᠡᠷᠭᠡᠳᠡ ᠨᠢ ᠰᠠᠭᠤᠵᠤ ᠪᠣᠯᠳᠠᠭ ᠭᠠᠯ ᠴᠤ ᠪᠢᠰᠢ᠂ ᠲᠡᠷᠡ ᠬᠦ ᠳᠥᠯᠥ ᠶᠢᠨ ᠬᠦᠴᠦᠨ ᠡᠴᠡ ᠲᠡᠳᠡ ᠥᠪᠡᠷ ᠦᠨ ᠢᠶᠠᠨ ᠠᠮᠢ ᠶᠢ ᠴᠤ ᠠᠪᠤᠷᠠᠵᠤ ᠦᠯᠦ ᠴᠢᠳᠠᠨ᠎ᠠ
15 ᠵᠠᠯᠠᠭᠤ ᠠᠴᠠ ᠪᠠᠨ ᠴᠢᠮ᠎ᠠ ᠲᠠᠢ ᠵᠢᠳᠬᠦᠵᠦ᠂ ᠴᠢᠮ᠎ᠠ ᠲᠠᠢ ᠠᠷᠠᠯᠵᠢᠶ᠎ᠠ ᠬᠢᠵᠦ ᠪᠠᠢᠭᠰᠠᠨ ᠪᠦᠭᠦᠳᠡ ᠴᠢᠨᠢ ᠲᠡᠢᠮᠦ ᠪᠣᠯᠣᠨ᠎ᠠ ᠬᠥᠮᠦᠨ ᠪᠦᠷᠢ ᠥᠪᠡᠷ ᠥᠪᠡᠷ ᠦᠨ ᠢᠶᠠᠨ ᠵᠠᠮ ᠢᠶᠠᠷ ᠲᠡᠨᠦᠨ ᠬᠡᠨ ᠴᠤ ᠴᠢᠮᠠᠶᠢ ᠠᠪᠤᠷᠠᠵᠤ ᠦᠯᠦ ᠴᠢᠳᠠᠨ᠎ᠠ᠃