1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠬᠣᠷᠢ

1 ᠠᠰᠢᠷᠢᠶ᠎ᠠ ᠶᠢᠨ ᠬᠠᠭᠠᠨ ᠰᠠᠷᠭᠣᠨ ᠤ ᠢᠯᠡᠭᠡᠭᠰᠡᠨ ᠲᠡᠷᠢᠭᠦᠨ ᠵᠠᠩᠵᠤᠨ ᠠᠱᠠᠳᠣᠳ᠋ ᠲᠤ ᠢᠷᠡᠵᠦ᠂ ᠠᠱᠠᠳᠣᠳ᠋ ᠢ ᠳᠣᠪᠲᠣᠯᠣᠨ ᠡᠵᠡᠯᠡᠭᠰᠡᠨ ᠵᠢᠯ ᠳᠤ᠂ 2 (ᠶᠣᠬᠣᠸᠠ ᠠᠮᠣᠽ ᠤᠨ ᠬᠦᠦ ᠢᠰᠠᠢᠶ᠎ᠠ ᠪᠠᠷ ᠳᠠᠮᠵᠢᠭᠤᠯᠤᠨ ᠶᠠᠷᠢᠭᠰᠠᠨ ᠶᠠᠭ ᠲᠡᠷᠡ ᠦᠶ᠎ᠡ ᠶᠢᠨ ᠡᠮᠦᠨ᠎ᠡ ᠶᠣᠬᠣᠸᠠ᠄

3 ᠶᠣᠬᠣᠸᠠ ᠠᠢᠯᠠᠳᠤᠨ᠄ 《ᠮᠢᠨᠦ ᠵᠠᠷᠤᠴᠠ ᠢᠰᠠᠢᠶ᠎ᠠ ᠭᠤᠷᠪᠠᠨ ᠵᠢᠯ ᠤᠨ ᠲᠤᠷᠰᠢ ᠱᠠᠯᠳᠠᠩ᠂ ᠬᠥᠯ ᠨᠢᠴᠦᠭᠦᠨ ᠶᠠᠪᠤᠭᠰᠠᠨ ᠨᠢ ᠶᠧᠵᠢᠫᠲ ᠪᠣᠯᠣᠨ ᠺᠦᠱ ᠤᠨ ᠲᠠᠯ᠎ᠠ ᠪᠠᠷ ᠬᠢ ᠲᠡᠮᠳᠡᠭ ᠪᠠ ᠪᠡᠯᠭᠡᠳᠡᠯ ᠶᠤᠮ᠂ 4 ᠡᠭᠦᠨ ᠲᠡᠢ ᠠᠳᠠᠯᠢ ᠪᠠᠷ᠂ ᠠᠰᠢᠷᠢᠶ᠎ᠠ ᠶᠢᠨ ᠬᠠᠭᠠᠨ ᠶᠧᠵᠢᠫᠲ ᠤᠨ ᠣᠯᠵᠠᠯᠠᠭᠳᠠᠭᠰᠠᠳ ᠪᠠ ᠺᠦᠱ ᠤᠨ ᠴᠥᠯᠡᠭᠳᠡᠭᠰᠡᠳ ᠢ ᠬᠥᠭᠰᠢᠨ ᠵᠠᠯᠠᠭᠤ ᠢᠯᠭᠠᠯ ᠦᠭᠡᠢ ᠱᠠᠯᠳᠠᠩ ᠥᠭᠡᠵᠡᠭ᠂ ᠨᠢᠴᠦᠭᠦᠨ ᠬᠥᠯ ᠲᠡᠢ ᠠᠪᠠᠴᠢᠵᠤ᠂ ᠶᠧᠵᠢᠫᠲ ᠢ ᠢᠴᠢᠭᠦᠷᠢ ᠳᠤ ᠣᠷᠣᠭᠤᠯᠤᠨ᠎ᠠ᠃ 5 ᠡᠢᠮᠦ ᠡᠴᠡ ᠺᠦᠱ ᠲᠤ ᠨᠠᠢᠳᠠᠭᠴᠢᠳ ᠪᠣᠯᠣᠨ ᠶᠧᠵᠢᠫᠲ ᠢ ᠪᠢᠰᠢᠷᠡᠭᠴᠢᠳ ᠲᠡᠳᠡᠨ ᠡᠴᠡ ᠪᠣᠯᠵᠤ ᠠᠶᠤᠵᠤ ᠢᠴᠢᠨ᠎ᠡ᠃ 6 ᠲᠡᠷᠡ ᠡᠳᠦᠷ ᠳᠠᠯᠠᠢ ᠶᠢᠨ ᠬᠥᠪᠡᠭᠡᠨ ᠦ ᠰᠠᠭᠤᠭᠠᠯᠢᠴᠢᠳ᠄ 〈ᠪᠢᠳᠡᠨ ᠦ ᠨᠠᠢᠳᠠᠪᠤᠷᠢ ᠶᠠᠮᠠᠷ ᠪᠣᠯᠣᠭᠰᠠᠨ ᠢ ᠬᠠᠷᠠᠭᠠᠴᠢ᠃ ᠠᠰᠢᠷᠢᠶ᠎ᠠ ᠶᠢᠨ ᠬᠠᠭᠠᠨ ᠠᠴᠠ ᠴᠢᠯᠥᠭᠡᠯᠡᠭᠳᠡᠬᠦ ᠭᠡᠵᠦ ᠪᠢᠳᠡ ᠲᠤᠰᠠᠯᠠᠭᠤᠯᠬᠤ ᠪᠠᠷ ᠲᠡᠳᠡᠨ ᠤᠷᠤᠭᠤ ᠵᠢᠭᠤᠲᠠᠵᠤ ᠪᠠᠢᠭᠰᠠᠨ᠂ ᠣᠳᠣ ᠪᠢᠳᠡ ᠶᠠᠭᠠᠬᠢᠵᠤ ᠮᠤᠯᠲᠤᠷᠠᠬᠤ ᠪᠤᠢ︖〉 ᠭᠡᠵᠡᠭᠡᠨ᠎ᠡ》 ᠭᠡᠪᠡ᠃