1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠭᠤᠴᠢ ᠶᠢᠰᠦ
 ᠰᠠᠢᠷᠬᠠᠭᠰᠠᠨ ᠪᠠ ᠵᠢᠮᠡᠯᠡᠭᠳᠡᠭᠰᠡᠨ

1 ᠲᠡᠷᠡ ᠦᠶ᠎ᠡ ᠳᠦ ᠾᠧᠽᠧᠺᠢᠶ᠎ᠠ ᠡᠪᠡᠳᠦᠭᠡᠳ ᠢᠯᠠᠷᠢᠰᠢᠭᠰᠠᠨ ᠢ ᠪᠠᠪᠢᠯᠣᠨ ᠤ ᠬᠠᠭᠠᠨ ᠪᠠᠯᠠᠳᠠᠨ ᠤ ᠬᠦᠦ ᠪᠧᠷᠣᠳᠠᠭ ᠪᠠᠯᠠᠳᠠᠨ ᠳᠤᠭᠤᠯᠤᠭᠠᠳ᠂ ᠲᠡᠭᠦᠨ ᠳᠦ ᠵᠠᠬᠢᠳᠠᠯ ᠪᠠ ᠪᠡᠯᠡᠭ ᠢᠯᠡᠭᠡᠪᠡ᠃ 2 ᠾᠧᠽᠧᠺᠢᠶ᠎ᠠ ᠡᠯᠴᠢᠳ ᠢ ᠬᠦᠯᠢᠶᠡᠨ ᠠᠪᠤᠭᠰᠠᠨ ᠪᠥᠭᠡᠳ ᠲᠡᠳᠡᠨ ᠳᠦ ᠮᠥᠩᠭᠥ᠂ ᠠᠯᠲᠠ᠂ ᠠᠩᠬᠢᠯᠤᠮ᠎ᠠ ᠦᠨᠦᠷᠲᠡᠨ᠂ ᠦᠨᠡᠲᠦ ᠲᠣᠰᠣ ᠵᠡᠷᠭᠡ ᠦᠨᠡᠲᠦ ᠵᠦᠢᠯᠡᠰ ᠦᠨ ᠬᠥᠮᠥᠷᠭᠡ᠂ ᠪᠦᠬᠦ ᠵᠡᠪᠰᠡᠭ ᠦᠨ ᠬᠥᠮᠥᠷᠭᠡ ᠪᠣᠯᠣᠨ ᠡᠷᠳᠡᠨᠢᠰ ᠤᠨ ᠰᠠᠩ ᠳᠤ ᠪᠠᠢᠭ᠎ᠠ ᠪᠦᠭᠦᠳᠡ ᠪᠡᠨ ᠦᠵᠡᠭᠦᠯᠪᠡ᠃ ᠾᠧᠽᠧᠺᠢᠶ᠎ᠠ ᠢᠩᠭᠢᠵᠦ ᠣᠷᠳᠣᠨ ᠳᠤ ᠪᠠᠢᠭ᠎ᠠ᠂ ᠪᠠᠰᠠ ᠡᠵᠡᠮᠰᠢᠯ ᠳᠤ ᠪᠠᠢᠭ᠎ᠠ ᠪᠦᠬᠦᠨ ᠢᠶᠡᠨ ᠦᠯᠡᠳᠡᠭᠡᠯ ᠦᠭᠡᠢ ᠲᠡᠳᠡᠨ ᠳᠦ ᠦᠵᠡᠭᠦᠯᠵᠡᠢ᠃ 3 ᠡᠰᠢ ᠦᠵᠡᠭᠦᠯᠦᠭᠴᠢ ᠢᠰᠠᠢᠶ᠎ᠠ ᠾᠧᠽᠧᠺᠢᠶ᠎ᠠ ᠬᠠᠭᠠᠨ ᠤᠷᠤᠭᠤ ᠢᠷᠡᠵᠦ᠄ 《ᠡᠨᠡ ᠬᠥᠮᠦᠰ ᠶᠠᠭᠤ ᠶᠠᠷᠢᠭᠰᠠᠨ ᠪᠤᠢ︖ ᠲᠡᠳᠡ ᠬᠠᠮᠢᠭ᠎ᠠ ᠠᠴᠠ ᠲᠠᠨ ᠢ ᠵᠣᠷᠢᠵᠤ ᠢᠷᠡᠪᠡ︖》 ᠭᠡᠵᠦ ᠠᠰᠠᠭᠤᠬᠤ ᠳᠤ᠂ ᠾᠧᠽᠧᠺᠢᠶ᠎ᠠ᠄ 《ᠲᠡᠳᠡ ᠠᠯᠤᠰ ᠬᠣᠯᠠ ᠶᠢᠨ ᠣᠷᠣᠨ᠂ ᠪᠠᠪᠢᠯᠣᠨ ᠠᠴᠠ ᠨᠠᠰᠢ ᠢᠷᠡᠭᠰᠡᠨ》 ᠭᠡᠵᠦ ᠬᠠᠷᠢᠭᠤᠯᠪᠠ᠃ 4 ᠢᠰᠠᠢᠶ᠎ᠠ᠄ 《ᠲᠡᠳᠡ ᠲᠠᠨ ᠤ ᠣᠷᠳᠣᠨ ᠳᠤ ᠶᠠᠭᠤ ᠦᠵᠡᠪᠡ︖》 ᠭᠡᠬᠦ ᠳᠦ᠂ ᠾᠧᠽᠧᠺᠢᠶ᠎ᠠ᠄ 《ᠲᠡᠳᠡ ᠮᠠᠨ ᠤ ᠣᠷᠳᠣᠨ ᠳᠤ ᠪᠠᠢᠭ᠎ᠠ ᠪᠦᠬᠦᠨ ᠢ ᠦᠵᠡᠭᠰᠡᠨ᠃ ᠪᠢ ᠬᠥᠮᠥᠷᠭᠡ ᠲᠡᠭᠡᠨ ᠪᠠᠢᠭ᠎ᠠ ᠪᠦᠬᠦᠨ ᠢ ᠲᠡᠳᠡᠨ ᠳᠦ ᠦᠯᠡᠳᠡᠭᠡᠯ ᠦᠭᠡᠢ ᠦᠵᠡᠭᠦᠯᠦᠭᠰᠡᠨ》 ᠭᠡᠪᠡ᠃

5 ᠢᠰᠠᠢᠶ᠎ᠠ ᠾᠧᠽᠧᠺᠢᠶ᠎ᠠ ᠳᠤ᠄ 《ᠲᠠ ᠠᠤᠭ᠎ᠠ ᠬᠦᠴᠦᠲᠦ ᠶᠣᠬᠣᠸᠠ ᠶᠢᠨ ᠦᠭᠡ ᠶᠢ ᠰᠣᠨᠣᠰᠣᠭᠲᠤᠨ᠄ 6 ᠶᠣᠬᠣᠸᠠ᠄ 〈ᠬᠠᠷᠠ᠂ ᠴᠢᠨᠦ ᠣᠷᠳᠣᠨ ᠳᠤ ᠪᠠᠢᠭ᠎ᠠ ᠪᠦᠬᠦᠨ᠂ ᠴᠢᠨᠦ ᠡᠴᠢᠭᠡ ᠡᠪᠦᠭᠡᠳ ᠦᠨ ᠥᠨᠥᠳᠥᠷ ᠬᠦᠷᠲᠡᠯ᠎ᠡ ᠴᠤᠭᠯᠠᠭᠤᠯᠤᠭᠰᠠᠨ ᠪᠦᠬᠦᠨ ᠪᠠᠪᠢᠯᠣᠨ ᠤᠷᠤᠭᠤ ᠵᠥᠭᠡᠭᠡᠭᠳᠡᠬᠦ ᠡᠳᠦᠷ ᠤᠳ ᠢᠷᠡᠵᠦ ᠪᠠᠢᠨ᠎ᠠ᠂ ᠲᠡᠷᠡ ᠦᠶ᠎ᠡ ᠳᠦ ᠶᠠᠭᠤ ᠴᠤ ᠦᠯᠡᠳᠡᠬᠦ ᠦᠭᠡᠢ〉 ᠭᠡᠵᠦ ᠠᠢᠯᠠᠳᠤᠨ᠂ 7 ᠪᠠᠰᠠ 〈ᠴᠢᠮ᠎ᠠ ᠠᠴᠠ ᠲᠥᠷᠥᠬᠦ ᠶᠠᠰᠤ ᠮᠢᠬᠠᠨ ᠤ ᠲᠠᠰᠤᠷᠬᠠᠢ ᠪᠣᠯᠬᠤ ᠦᠷ᠎ᠡ ᠤᠳᠤᠮ ᠤᠨ ᠴᠢᠨᠢ ᠵᠠᠷᠢᠮ ᠨᠢ ᠴᠥᠯᠡᠭᠳᠡᠵᠦ᠂ ᠪᠠᠪᠢᠯᠣᠨ ᠤ ᠬᠠᠭᠠᠨ ᠤ ᠣᠷᠳᠣᠨ ᠳᠤ ᠲᠠᠢᠭᠠᠨ ᠪᠣᠯᠣᠨ᠎ᠠ〉》 ᠭᠡᠬᠦ ᠳᠦ᠂ 8 ᠾᠧᠽᠧᠺᠢᠶ᠎ᠠ ᠢᠰᠠᠢᠶ᠎ᠠ ᠳᠤ᠄ 《ᠲᠠᠨ ᠢᠶᠠᠷ ᠬᠡᠯᠡᠭᠦᠯᠦᠭᠰᠡᠨ ᠶᠣᠬᠣᠸᠠ ᠶᠢᠨ ᠦᠭᠡ ᠰᠠᠢᠨ ᠶᠤᠮ》 ᠭᠡᠪᠡ᠃ ᠲᠡᠷᠡ᠄ 《ᠮᠢᠨᠦ ᠡᠳᠦᠷ ᠤᠳ ᠲᠤ ᠯᠠ ᠠᠮᠤᠷ ᠠᠮᠤᠭᠤᠯᠠᠩ᠂ ᠲᠣᠭᠲᠠᠭᠤᠨ ᠪᠠᠢᠪᠠᠯ ᠪᠣᠯᠣᠨ᠎ᠠ》 ᠭᠡᠵᠦ ᠪᠣᠳᠣᠵᠠᠢ᠃