1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠬᠣᠷᠢᠨ ᠭᠤᠷᠪᠠ
 ᠲᠢᠷ ᠤᠨ ᠲᠠᠯ᠎ᠠ ᠪᠠᠷ ᠬᠢ ᠡᠰᠢ ᠦᠵᠡᠭᠦᠯᠦᠯᠭᠡ
1 ᠲᠢᠷ ᠤᠨ ᠲᠤᠬᠠᠢ ᠰᠡᠷᠡᠮᠵᠢᠯᠡᠭᠦᠯᠦᠯᠭᠡ᠃ ᠲᠠᠷᠱᠢᠱ ᠤᠨ ᠬᠥᠯᠭᠡ ᠣᠩ᠋ᠭᠣᠴᠠ ᠨᠤᠭᠤᠳ ᠡ᠂ ᠤᠬᠢᠯᠠᠭᠲᠤᠨ︕ ᠲᠢᠷ ᠤᠰᠠᠳᠴᠤ᠂ ᠣᠷᠣᠨ ᠪᠠᠢᠷᠢ ᠦᠭᠡᠢ᠂ ᠣᠷᠣᠩᠨᠠᠬᠤ ᠭᠠᠵᠠᠷ ᠦᠭᠡᠢ ᠪᠣᠯᠪᠠ ᠲᠡᠳᠡ ᠪᠤᠴᠠᠬᠤ ᠳᠤ᠂ ᠰᠠᠢᠫᠷᠦ᠋ᠰ ᠭᠠᠵᠠᠷ ᠠᠴᠠ ᠡᠨᠡ ᠮᠡᠳᠡᠭᠡ ᠢᠷᠡᠵᠡᠢ᠃
2 ᠲᠠᠩᠭᠢᠰ ᠤᠨ ᠬᠥᠪᠡᠭᠡᠨ ᠦ ᠰᠠᠭᠤᠭᠠᠯᠢᠴᠢᠳ᠂ ᠰᠢᠢᠳᠣᠨ ᠤ ᠬᠤᠳᠠᠯᠳᠤᠭᠠᠴᠢᠳ ᠡ᠂ ᠳᠠᠭᠤ ᠦᠭᠡᠢ ᠪᠠᠢᠵᠠᠭ᠎ᠠ ᠲᠠᠨ ᠤ ᠡᠯᠴᠢᠳ ᠲᠠᠩᠭᠢᠰ ᠢ ᠭᠠᠲᠤᠯᠵᠤ
3 ᠶᠡᠬᠡ ᠤᠰᠤᠨ ᠳᠡᠭᠡᠷ᠎ᠡ ᠴᠤ ᠪᠠᠢᠭᠰᠠᠨ᠂ ᠲᠠ ᠨᠠᠷ ᠤᠨ ᠣᠷᠣᠯᠭ᠎ᠠ ᠰᠢᠬᠣᠷ ᠤᠨ ᠦᠷ᠎ᠡ ᠲᠠᠷᠢᠶ᠎ᠠ᠂ ᠨᠢᠯ ᠤᠨ ᠤᠷᠭᠤᠴᠠ ᠪᠠᠢᠭᠰᠠᠨ ᠲᠠᠨ ᠤ ᠬᠢᠨ ᠦᠨᠳᠦᠰᠦᠲᠡᠨ ᠨᠦᠭᠦᠳ ᠦᠨ ᠠᠷᠠᠯᠵᠢᠶᠠᠴᠢᠳ ᠪᠠᠢᠭᠰᠠᠨ᠂
4 ᠢᠴᠢᠭᠲᠦᠨ᠂ ᠰᠢᠢᠳᠣᠨ ᠡ᠂ ᠳᠠᠯᠠᠢ᠂ ᠴᠢᠨᠦ ᠴᠠᠢᠵᠠ ᠪᠣᠯᠬᠤ ᠳᠠᠯᠠᠢ ᠶᠠᠷᠢᠵᠤ ᠪᠠᠢᠨ᠎ᠠ᠄ 《ᠪᠢ ᠬᠡᠦᠬᠡᠳ ᠲᠥᠷᠥᠭᠦᠯᠬᠦ ᠦᠭᠡᠢ᠂ ᠵᠣᠪᠠᠬᠤ ᠦᠭᠡᠢ ᠪᠣᠯᠣᠯ᠎ᠠ ᠪᠢ ᠬᠥᠪᠡᠭᠦᠳ ᠢ ᠥᠰᠭᠡᠬᠦ ᠦᠭᠡᠢ᠂ ᠥᠬᠢᠳ ᠢ ᠬᠥᠮᠦᠵᠢᠭᠦᠯᠬᠦ ᠦᠭᠡᠢ ᠪᠣᠯᠣᠯ᠎ᠠ᠃》
5 ᠡᠨᠡ ᠮᠡᠳᠡᠭᠡ ᠶᠧᠵᠢᠫᠲ ᠲᠤ ᠬᠦᠷᠪᠡᠯ ᠲᠡᠳᠡ ᠴᠤ ᠲᠢᠷ ᠤᠨ ᠲᠤᠬᠠᠢ ᠮᠡᠳᠡᠭᠡ ᠡᠴᠡ ᠪᠣᠯᠵᠤ ᠵᠣᠪᠠᠨ᠎ᠠ᠃
6 ᠲᠠᠷᠱᠢᠱ ᠤᠷᠤᠭᠤ ᠭᠠᠲᠤᠯᠤᠨ ᠶᠠᠪᠤ ᠲᠠᠩᠭᠢᠰ ᠤᠨ ᠬᠥᠪᠡᠭᠡᠨ ᠦ ᠰᠠᠭᠤᠭᠠᠯᠢᠴᠢᠳ ᠡ᠂ ᠭᠠᠰᠢᠭᠤᠳᠠ᠃
7 ᠥᠨᠢ ᠡᠷᠲᠡᠨ ᠡᠴᠡ ᠪᠠᠢᠭᠰᠠᠨ ᠴᠡᠩᠭᠡᠯ ᠲᠡᠢ ᠬᠣᠲᠠ ᠠᠷᠠᠳ ᠲᠦᠮᠡᠨ ᠢᠶᠡᠨ ᠠᠯᠤᠰ ᠬᠣᠯᠠ ᠠᠪᠠᠴᠢᠨ ᠰᠠᠭᠤᠷᠢᠰᠢᠭᠤᠯᠤᠭᠰᠠᠨ ᠬᠣᠲᠠ ᠴᠢᠨᠢ ᠡᠨᠡ ᠭᠡᠵᠢ ᠤᠤ︖
8 ᠲᠢᠷ ᠨᠢ ᠲᠢᠲᠢᠮ ᠵᠡᠭᠦᠭᠴᠢ ᠮᠠᠢᠮᠠᠢᠴᠢᠳ ᠨᠢ ᠨᠣᠶᠠᠳ᠂ ᠬᠤᠳᠠᠯᠳᠤᠭᠠᠴᠢᠳ ᠨᠢ ᠳᠡᠯᠡᠬᠡᠢ ᠳᠦ ᠬᠦᠨᠳᠦᠲᠡᠢ ᠬᠠᠷᠢᠨ ᠲᠡᠭᠦᠨ ᠦ ᠡᠰᠡᠷᠭᠦ ᠬᠡᠨ ᠲᠡᠢᠨ ᠬᠦ ᠲᠥᠯᠥᠪᠯᠡᠭᠰᠡᠨ ᠪᠣᠯ︖
9 ᠠᠤᠭ᠎ᠠ ᠬᠦᠴᠦᠲᠦ ᠶᠣᠬᠣᠸᠠ ᠲᠥᠯᠥᠪᠯᠡᠭᠰᠡᠨ ᠶᠤᠮ ᠲᠡᠢᠨ ᠬᠦ ᠲᠡᠷᠡ ᠪᠦᠬᠦ ᠠᠯᠳᠠᠷᠲᠠᠨ ᠤ ᠠᠯᠳᠠᠷ ᠢ ᠪᠠᠭᠤᠷᠠᠭᠤᠯᠵᠤ ᠳᠡᠯᠡᠬᠡᠢ ᠳᠦ ᠬᠦᠨᠳᠦᠲᠡᠢ ᠪᠦᠭᠦᠳᠡ ᠶᠢ ᠪᠠᠰᠤᠮᠵᠢᠯᠠᠬᠤ ᠭᠡᠵᠦ ᠪᠠᠢᠨ᠎ᠠ᠃
10 ᠥᠬᠢᠨ ᠲᠠᠷᠱᠢᠱ ᠡ᠂ ᠨᠢᠯ ᠮᠥᠷᠡᠨ ᠮᠡᠲᠦ ᠥᠪᠡᠷ ᠦᠨ ᠢᠶᠠᠨ ᠨᠤᠲᠤᠭ ᠢᠶᠠᠷ ᠦᠶᠡᠷᠯᠡ ᠣᠳᠣ ᠴᠢᠮᠠᠶᠢ ᠬᠠᠰᠢᠭᠴᠢ ᠠᠯᠠᠭ᠎ᠠ᠃
11 ᠬᠠᠭᠠᠨᠴᠢᠯᠠᠯ ᠤᠳ ᠢ ᠴᠡᠴᠡᠷᠡᠭᠦᠯᠬᠦ ᠪᠡᠷ ᠶᠣᠬᠣᠸᠠ ᠮᠤᠲᠤᠷ ᠢᠶᠠᠨ ᠳᠠᠯᠠᠢ ᠶᠢᠨ ᠳᠡᠭᠡᠭᠦᠷ ᠰᠤᠩ᠋ᠭᠠᠵᠤ᠄ 《ᠺᠠᠨᠠᠨ ᠤ ᠴᠠᠢᠵᠠ ᠨᠤᠭᠤᠳ ᠢ ᠡᠪᠳᠡ》 ᠭᠡᠵᠦ ᠲᠤᠰᠢᠶᠠᠪᠠ᠃
12 ᠲᠡᠷᠡ᠄ 《ᠳᠠᠷᠤᠯᠠᠭᠳᠠᠭᠰᠠᠨ ᠥᠬᠢᠨ ᠰᠢᠢᠳᠣᠨ ᠳᠠᠬᠢᠨ ᠴᠢ ᠪᠠᠶᠠᠰᠬᠤ ᠦᠭᠡᠢ ᠪᠣᠰ᠂ ᠰᠠᠢᠫᠷᠦ᠋ᠰ ᠤᠷᠤᠭᠤ ᠭᠠᠲᠤᠯᠵᠤ ᠶᠠᠪᠤ ᠲᠡᠨᠳᠡ ᠴᠤ ᠴᠢ ᠠᠮᠠᠷᠠᠯ ᠢ ᠣᠯᠬᠤ ᠦᠭᠡᠢ》 ᠭᠡᠵᠦ ᠠᠢᠯᠠᠳᠤᠭᠰᠠᠨ ᠶᠤᠮ᠃
13 ᠪᠠᠪᠢᠯᠣᠨᠴᠤᠳ ᠤᠨ ᠨᠤᠲᠤᠭ ᠢ ᠬᠠᠷᠠ᠃ ᠡᠨᠡ ᠠᠷᠠᠳ ᠲᠦᠮᠡᠨ ᠤᠤᠯ ᠨᠢ ᠲᠡᠨᠳᠡ ᠪᠠᠢᠭᠰᠠᠨ ᠦᠭᠡᠢ᠂ ᠠᠰᠢᠷᠢᠶ᠎ᠠ ᠲᠡᠭᠦᠨ ᠢ ᠴᠥᠯ ᠳᠤ ᠪᠠᠢᠭᠰᠠᠳ ᠤᠨ ᠲᠥᠯᠥᠭᠡ ᠪᠠᠢᠭᠤᠯᠵᠤ ᠥᠭᠭᠥᠭᠰᠡᠨ ᠳᠦ᠂ ᠲᠡᠳᠡ ᠪᠦᠰᠡᠯᠡᠯᠲᠡ ᠶᠢᠨ ᠴᠠᠮᠬᠠᠭ ᠤᠳ ᠪᠣᠰᠬᠠᠵᠤ᠂ ᠲᠢᠷ ᠤᠨ ᠣᠷᠳᠣᠨ ᠨᠤᠭᠤᠳ ᠢ ᠪᠠᠭᠤᠯᠭᠠᠵᠤ ᠪᠠᠯᠭᠠᠰᠤ ᠪᠣᠯᠭᠠᠭᠰᠠᠨ᠃
14 ᠲᠠᠷᠱᠢᠱ ᠤᠨ ᠬᠥᠯᠭᠡ ᠣᠩ᠋ᠭᠣᠴᠠ ᠨᠤᠭᠤᠳ ᠡ᠂ ᠤᠬᠢᠯᠠᠭᠲᠤᠨ ᠲᠠᠨ ᠤ ᠪᠡᠬᠢᠯᠡᠯᠲᠡ ᠤᠰᠠᠳᠤᠭᠰᠠᠨ᠃

15 ᠲᠡᠷᠡ ᠦᠶ᠎ᠡ ᠳᠦ᠂ ᠲᠢᠷ ᠨᠢᠭᠡ ᠬᠠᠭᠠᠨ ᠤ ᠡᠳᠦᠷ ᠤᠳ ᠮᠡᠲᠦ ᠳᠠᠯᠠᠨ ᠵᠢᠯ ᠤᠨ ᠲᠤᠷᠰᠢ ᠮᠠᠷᠲᠠᠭᠳᠠᠭᠠᠳ᠂ ᠳᠠᠯᠠᠨ ᠵᠢᠯ ᠤᠨ ᠡᠴᠦᠰ ᠲᠦ ᠡᠨᠡ ᠬᠦ ᠳᠠᠭᠤᠤ ᠳᠤ ᠭᠠᠷᠬᠤ ᠶᠠᠩ᠋ᠬᠠᠨ ᠮᠡᠲᠦ ᠪᠣᠯᠣᠨ᠎ᠠ᠄
16 《ᠮᠠᠷᠲᠠᠭᠳᠠᠭᠰᠠᠨ ᠶᠠᠩ᠋ᠬᠠᠨ ᠴᠢ ᠶᠠᠲᠤᠭ᠎ᠠ ᠪᠠᠷᠢᠵᠤ ᠬᠣᠲᠠ ᠪᠠᠷ ᠶᠠᠪᠤ ᠶᠠᠲᠤᠭ᠎ᠠ ᠪᠠᠨ ᠰᠠᠢᠬᠠᠨ ᠴᠢᠪᠬᠠᠳᠠᠵᠤ ᠣᠯᠠᠨ ᠳᠠᠭᠤᠤ ᠳᠠᠭᠤᠯᠠᠨ ᠡᠷ᠎ᠡ ᠬᠥᠮᠦᠨ ᠢᠶᠡᠷ ᠳᠤᠷᠠᠰᠤᠭᠤᠯ᠃》

17 ᠳᠠᠯᠠᠨ ᠵᠢᠯ ᠤᠨ ᠡᠴᠦᠰ ᠲᠦ ᠶᠣᠬᠣᠸᠠ ᠲᠢᠷ ᠤᠷᠤᠭᠤ ᠡᠷᠭᠢᠨ᠎ᠡ᠃ ᠲᠢᠷ ᠳᠠᠬᠢᠨ ᠬᠥᠯᠥᠰᠥ ᠠᠪᠴᠤ᠂ ᠭᠠᠵᠠᠷ ᠤᠨ ᠭᠠᠳᠠᠷᠭᠤ ᠳᠡᠭᠡᠷᠡᠬᠢ ᠳᠡᠯᠡᠬᠡᠢ ᠶᠢᠨ ᠪᠦᠬᠦ ᠬᠠᠭᠠᠨᠴᠢᠯᠠᠯ ᠲᠠᠢ ᠰᠠᠳᠤᠷᠯᠠᠬᠤ ᠪᠣᠯᠣᠨ᠎ᠠ᠃ 18 ᠲᠡᠭᠦᠨ ᠦ ᠬᠥᠯᠥᠰᠥ ᠪᠠ ᠣᠷᠣᠯᠭ᠎ᠠ ᠨᠥᠭᠡᠴᠡᠯᠡᠭᠳᠡᠬᠦ ᠦᠭᠡᠢ᠂ ᠬᠠᠳᠠᠭᠠᠯᠠᠭᠳᠠᠬᠤ ᠦᠭᠡᠢ᠂ ᠬᠠᠷᠢᠨ ᠲᠤᠰᠠᠭᠠᠷᠯᠠᠭᠳᠠᠵᠤ ᠶᠣᠬᠣᠸᠠ ᠶᠢᠨ ᠬᠢ ᠪᠣᠯᠣᠨ᠎ᠠ᠃ ᠣᠷᠣᠯᠭ᠎ᠠ ᠨᠢ ᠬᠠᠷᠢᠨ ᠶᠣᠬᠣᠸᠠ ᠶᠢᠨ ᠡᠮᠦᠨ᠎ᠡ ᠠᠮᠢᠳᠤᠷᠠᠬᠤ ᠬᠥᠮᠦᠨ ᠦ ᠬᠠᠩ᠋ᠭᠠᠯᠤᠭᠤᠨ ᠬᠦᠨᠡᠰᠦ᠂ ᠭᠣᠶᠣ ᠬᠤᠪᠴᠠᠰᠤᠨ ᠳᠤ ᠵᠣᠷᠢᠭᠤᠯᠤᠭᠳᠠᠨ᠎ᠠ᠃