1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠠᠷᠪᠠ ᠶᠢᠰᠦ
 ᠶᠧᠵᠢᠫᠲ ᠤᠨ ᠲᠠᠯ᠎ᠠ ᠪᠠᠷ ᠬᠢ ᠡᠰᠢ ᠦᠵᠡᠭᠦᠯᠦᠯᠭᠡ
1 ᠶᠧᠵᠢᠫᠲ ᠤᠨ ᠲᠤᠬᠠᠢ ᠰᠡᠷᠡᠮᠵᠢᠯᠡᠭᠦᠯᠦᠯᠭᠡ᠃ ᠬᠠᠷᠠ᠂ ᠶᠣᠬᠣᠸᠠ ᠬᠤᠷᠳᠤᠨ ᠡᠭᠦᠯᠡ ᠬᠥᠯᠭᠡᠯᠡᠨ᠂ ᠶᠧᠵᠢᠫᠲ ᠤᠷᠤᠭᠤ ᠠᠢᠰᠤᠢ ᠶᠧᠵᠢᠫᠲ ᠤᠨ ᠰᠢᠲᠦᠭᠡᠨ ᠨᠦᠭᠦᠳ ᠲᠡᠭᠦᠨ ᠦ ᠡᠮᠦᠨ᠎ᠡ ᠴᠡᠴᠡᠷᠡᠵᠦ ᠶᠧᠵᠢᠫᠲ᠋ᠴᠦᠳ ᠦᠨ ᠵᠢᠷᠦᠬᠡ ᠳᠣᠲᠣᠷ᠎ᠠ ᠪᠠᠨ ᠬᠠᠢᠯᠤᠨ᠎ᠠ᠃
2 《ᠪᠢ ᠶᠧᠵᠢᠫᠲ᠋ᠴᠦᠳ ᠢ ᠶᠧᠵᠢᠫᠲ᠋ᠴᠦᠳ ᠦᠨ ᠡᠰᠡᠷᠭᠦ ᠥᠳᠥᠭᠡᠨ᠎ᠡ ᠲᠡᠳᠡ ᠠᠬ᠎ᠠ ᠳᠡᠭᠦᠦ ᠨᠢ ᠠᠬ᠎ᠠ ᠳᠡᠭᠦᠦ ᠲᠠᠢ ᠪᠠᠨ ᠠᠨᠳᠠ ᠨᠢ ᠠᠨᠳᠠ ᠲᠠᠢ ᠪᠠᠨ ᠬᠣᠲᠠ ᠨᠢ ᠬᠣᠲᠠ ᠲᠠᠢ ᠪᠠᠨ ᠬᠠᠭᠠᠨᠴᠢᠯᠠᠯ ᠨᠢ ᠬᠠᠭᠠᠨᠴᠢᠯᠠᠯ ᠲᠠᠢ ᠪᠠᠨ ᠲᠡᠮᠡᠴᠡᠯᠳᠦᠬᠦ ᠪᠣᠯᠣᠨ᠎ᠠ᠃
3 ᠶᠧᠵᠢᠫᠲ᠋ᠴᠦᠳ ᠦᠨ ᠵᠣᠷᠢᠭ ᠮᠣᠬᠣᠨ᠎ᠠ ᠪᠢ ᠠᠷᠭ᠎ᠠ ᠪᠣᠳᠣᠯᠭ᠎ᠠ ᠶᠢ ᠨᠢ ᠰᠠᠮᠠᠭᠤᠷᠠᠭᠤᠯᠤᠨ᠎ᠠ ᠲᠡᠳᠡ ᠰᠢᠲᠦᠭᠡᠨ᠂ ᠦᠬᠦᠭᠰᠡᠳ ᠦᠨ ᠰᠦᠨᠡᠰᠦ᠂ ᠰᠦᠨᠡᠰᠦ ᠳᠠᠭᠤᠳᠠᠭᠴᠢ ᠪᠣᠯᠣᠨ ᠪᠥᠭᠡ ᠡᠴᠡ ᠠᠰᠠᠭᠤᠬᠤ ᠪᠣᠯᠣᠨ᠎ᠠ᠃
4 ᠪᠢ ᠶᠧᠵᠢᠫᠲ᠋ᠴᠦᠳ ᠢ ᠬᠠᠷᠭᠢᠰ ᠡᠵᠡᠨ ᠦ ᠭᠠᠷ ᠲᠤ ᠣᠷᠣᠭᠤᠯᠵᠤ ᠪᠠᠯᠠᠮᠠᠳ ᠬᠠᠭᠠᠨ ᠲᠡᠳᠡᠨ ᠢ ᠵᠠᠬᠢᠷᠤᠨ᠎ᠠ᠃》 ᠠᠤᠭ᠎ᠠ ᠬᠦᠴᠦᠲᠦ ᠡᠵᠡᠨ ᠶᠣᠬᠣᠸᠠ ᠠᠢᠯᠠᠳᠴᠤ ᠪᠠᠢᠨ᠎ᠠ᠃

5 ᠭᠣᠣᠯ ᠤᠨ ᠤᠰᠤ ᠰᠢᠷᠭᠢᠵᠦ᠂ ᠭᠣᠣᠯ ᠬᠠᠲᠠᠵᠤ ᠭᠠᠩᠳᠠᠨ᠎ᠠ᠃
6 ᠤᠰᠤᠨ ᠤ ᠵᠠᠮ ᠤᠳ ᠥᠮᠡᠬᠡᠶᠢᠷᠡᠨ᠂ ᠶᠧᠵᠢᠫᠲ ᠤᠨ ᠤᠷᠤᠰᠬᠠᠯ ᠤᠳ ᠲᠠᠲᠠᠷᠠᠵᠤ ᠬᠠᠲᠠᠨ᠎ᠠ ᠵᠡᠭᠡᠰᠦ ᠬᠤᠯᠤᠰᠤ ᠨᠢ ᠬᠤᠪᠠᠬᠠᠢᠷᠠᠨ᠎ᠠ᠃
7 ᠨᠢᠯ ᠤᠨ ᠬᠠᠵᠠᠭᠤ ᠳᠠᠬᠢ᠂ ᠨᠢᠯ ᠤᠨ ᠬᠥᠪᠡᠭᠡᠨ ᠳᠠᠬᠢ ᠡᠪᠡᠰᠦ ᠤᠷᠭᠤᠮᠠᠯ᠂ ᠨᠢᠯ ᠤᠨ ᠬᠠᠵᠠᠭᠤ ᠳᠤ ᠲᠠᠷᠢᠭᠰᠠᠨ ᠪᠦᠭᠦᠳᠡ ᠬᠠᠲᠠᠵᠤ᠂ ᠬᠡᠶᠢᠰᠦᠨ ᠠᠯᠠᠭ᠎ᠠ ᠪᠣᠯᠣᠨ᠎ᠠ᠃
8 ᠵᠢᠭᠠᠰᠤᠴᠢᠳ ᠭᠠᠰᠠᠯᠵᠤ᠂ ᠨᠢᠯ ᠮᠥᠷᠡᠨ ᠳᠦ ᠭᠥᠬᠢ ᠬᠠᠶᠠᠭᠰᠠᠳ ᠪᠦᠭᠦᠳᠡ ᠭᠠᠰᠢᠭᠤᠳᠠᠨ᠎ᠠ ᠤᠰᠤᠨ ᠳᠤ ᠲᠣᠣᠷ ᠲᠠᠯᠪᠢᠭᠰᠠᠳ ᠭᠤᠲᠤᠷᠠᠨ᠎ᠠ
9 ᠮᠠᠭᠠᠯᠢᠩ᠋ᠭᠤ ᠪᠣᠯᠪᠠᠰᠤᠷᠠᠭᠤᠯᠤᠭᠴᠢᠳ ᠪᠣᠯᠣᠨ ᠨᠠᠷᠢᠨ ᠪᠥᠰ ᠨᠡᠬᠡᠭᠴᠢᠳ ᠭᠤᠨᠢᠭᠯᠠᠨ᠎ᠠ
10 ᠪᠠᠭᠠᠨ᠎ᠠ ᠨᠤᠭᠤᠳ ᠨᠢ ᠪᠢᠴᠠᠷᠠᠵᠤ ᠬᠥᠯᠥᠰᠥᠨ ᠦ ᠠᠵᠢᠯᠴᠢᠳ ᠪᠦᠭᠦᠳᠡ ᠭᠠᠰᠠᠯᠤᠨ᠎ᠠ᠃

11 ᠽᠣᠶᠠᠨ ᠤ ᠲᠦᠰᠢᠮᠡᠳ ᠦᠨᠡᠬᠡᠷ ᠮᠤᠩ᠋ᠬᠠᠭ ᠹᠠᠷᠠᠣ᠋ ᠶᠢᠨ ᠬᠠᠮᠤᠭ ᠤᠨ ᠮᠡᠷᠭᠡᠨ ᠵᠥᠪᠯᠡᠭᠴᠢᠳ ᠤᠨ ᠵᠥᠪᠯᠡᠯᠭᠡ ᠴᠤ ᠪᠢᠳᠠᠭᠤᠯᠢᠭ ᠪᠠᠢᠵᠠᠢ 《ᠪᠢ ᠮᠡᠷᠭᠡᠳ ᠦᠨ ᠨᠢᠭᠡ᠂ ᠡᠷᠲᠡᠨ ᠦ ᠬᠠᠭᠠᠳ ᠤᠨ ᠱᠠᠪᠢ》 ᠭᠡᠵᠦ ᠹᠠᠷᠠᠣ᠋ ᠳᠤ ᠲᠠ ᠨᠠᠷ ᠶᠠᠭᠠᠬᠢᠨ ᠬᠡᠯᠡᠵᠦ ᠴᠢᠳᠠᠬᠤ ᠶᠤᠮ ᠪᠤᠢ︖
12 ᠡᠳᠦᠭᠡ ᠮᠡᠷᠭᠡᠳ ᠴᠢᠨᠢ ᠬᠠᠮᠢᠭ᠎ᠠ ᠪᠠᠢᠨ᠎ᠠ︖ ᠠᠤᠭ᠎ᠠ ᠬᠦᠴᠦᠲᠦ ᠶᠣᠬᠣᠸᠠ ᠶᠧᠵᠢᠫᠲ ᠤᠨ ᠲᠠᠯ᠎ᠠ ᠪᠠᠷ ᠶᠠᠭᠤ ᠲᠥᠯᠥᠪᠯᠡᠭᠰᠡᠨ ᠢ ᠲᠡᠳᠡ ᠣᠢᠯᠠᠭᠠᠵᠤ ᠴᠢᠮ᠎ᠠ ᠳᠤ ᠬᠡᠯᠡᠭ᠃
13 ᠽᠣᠶᠠᠨ ᠤ ᠲᠦᠰᠢᠮᠡᠳ ᠮᠤᠩ᠋ᠬᠠᠭᠯᠠᠨ᠂ ᠮᠧᠮᠹᠢᠰ ᠤᠨ ᠲᠦᠰᠢᠮᠡᠳ ᠮᠡᠬᠡᠯᠡᠭᠳᠡᠵᠦ ᠶᠧᠵᠢᠫᠲ ᠢ ᠣᠪᠣᠭ ᠤᠳ ᠤᠨ ᠬᠢᠨᠢ ᠲᠡᠷᠢᠭᠦᠳ ᠲᠥᠭᠡᠷᠢᠭᠦᠯᠵᠡᠢ᠃
14 ᠶᠣᠬᠣᠸᠠ ᠲᠡᠳᠡᠨ ᠦ ᠳᠤᠮᠳᠠ ᠮᠢᠨᠴᠦᠭᠦᠷᠡᠯ ᠦᠨ ᠰᠦᠨᠡᠰᠦ ᠶᠢ ᠴᠢᠳᠬᠤᠭᠰᠠᠨ ᠳᠤ ᠰᠣᠭᠲᠣᠭᠤ ᠬᠥᠮᠦᠨ ᠪᠥᠭᠡᠯᠵᠢᠬᠦ ᠳᠡᠭᠡᠨ ᠭᠤᠢᠪᠢᠳᠠᠭ ᠲᠠᠢ ᠠᠳᠠᠯᠢ ᠪᠠᠷ ᠲᠡᠳᠡ ᠶᠧᠵᠢᠫᠲ ᠢ ᠪᠦᠬᠦ ᠶᠠᠪᠤᠳᠠᠯ ᠳᠡᠭᠡᠷ᠎ᠡ ᠨᠢ ᠭᠤᠢᠪᠢᠳᠠᠭ ᠪᠣᠯᠭᠠᠵᠠᠢ᠃
15 ᠲᠣᠯᠣᠭᠠᠢ ᠪᠤᠶᠤ ᠰᠡᠭᠦᠯ ᠳᠠᠯᠳᠠᠤ ᠮᠣᠳᠣᠨ ᠤ ᠮᠥᠴᠢᠷ ᠪᠤᠶᠤ ᠵᠡᠭᠡᠰᠦ ᠨᠢ ᠴᠤ ᠶᠧᠵᠢᠫᠲ ᠲᠤ ᠨᠡᠮᠡᠷᠢ ᠪᠣᠯᠬᠤ ᠦᠭᠡᠢ᠃

16 ᠲᠡᠷᠡ ᠡᠳᠦᠷ ᠶᠧᠵᠢᠫᠲ᠋ᠴᠦᠳ ᠡᠮ᠎ᠡ ᠬᠥᠮᠦᠨ ᠰᠢᠭ ᠪᠣᠯᠣᠨ᠎ᠠ᠃ ᠳᠡᠭᠡᠭᠦᠷ ᠨᠢ ᠳᠠᠯᠠᠢᠵᠤ ᠪᠠᠢᠭ᠎ᠠ ᠠᠤᠭ᠎ᠠ ᠬᠦᠴᠦᠲᠦ ᠶᠣᠬᠣᠸᠠ ᠶᠢᠨ ᠨᠢᠳᠤᠷᠭ᠎ᠠ ᠠᠴᠠ ᠲᠡᠳᠡ ᠠᠶᠤᠵᠤ᠂ ᠴᠡᠴᠡᠷᠡᠨ᠎ᠡ᠃ 17 ᠶᠧᠵᠢᠫᠲ ᠤᠨ ᠲᠠᠯ᠎ᠠ ᠪᠠᠷ ᠲᠥᠯᠥᠪᠯᠡᠵᠦ ᠪᠠᠢᠭ᠎ᠠ ᠠᠤᠭ᠎ᠠ ᠬᠦᠴᠦᠲᠦ ᠶᠣᠬᠣᠸᠠ ᠶᠢᠨ ᠲᠥᠯᠥᠪᠯᠡᠭᠡᠨ ᠡᠴᠡ ᠪᠣᠯᠵᠤ ᠶᠦᠳᠠ ᠶᠢᠨ ᠨᠤᠲᠤᠭ ᠶᠧᠵᠢᠫᠲ ᠲᠤ ᠠᠶᠤᠮᠰᠢᠭ ᠪᠣᠯᠵᠤ᠂ ᠲᠡᠭᠦᠨ ᠢ ᠳᠤᠷᠠᠳᠬᠤ ᠳᠤ ᠬᠥᠮᠦᠨ ᠪᠦᠷᠢ ᠨᠢ ᠠᠢᠳᠠᠰ ᠲᠤ ᠠᠪᠲᠠᠬᠤ ᠪᠣᠯᠣᠨ᠎ᠠ᠃

18 ᠲᠡᠷᠡ ᠡᠳᠦᠷ ᠶᠧᠵᠢᠫᠲ ᠤᠨ ᠲᠠᠪᠤᠨ ᠬᠣᠲᠠ ᠺᠠᠨᠠᠨ ᠤ ᠬᠡᠯᠡ ᠪᠡᠷ ᠶᠠᠷᠢᠵᠤ᠂ ᠠᠤᠭ᠎ᠠ ᠬᠦᠴᠦᠲᠦ ᠶᠣᠬᠣᠸᠠ ᠳᠤ ᠲᠠᠩ᠋ᠭᠠᠷᠢᠭ ᠡᠷᠭᠦᠬᠦ ᠪᠥᠭᠡᠳ ᠨᠢᠭᠡ ᠨᠢ ᠰᠦᠢᠷᠡᠯ ᠦᠨ ᠬᠣᠲᠠ ᠭᠡᠭᠳᠡᠨ᠎ᠡ᠃

19 ᠲᠡᠷᠡ ᠡᠳᠦᠷ ᠶᠧᠵᠢᠫᠲ ᠤᠨ ᠲᠥᠪ ᠲᠤ ᠶᠣᠬᠣᠸᠠ ᠳᠤ ᠵᠣᠷᠢᠭᠤᠯᠤᠭᠰᠠᠨ ᠲᠠᠬᠢᠯ ᠤᠨ ᠰᠢᠷᠡᠭᠡ᠂ ᠬᠢᠯᠢ ᠳᠡᠭᠡᠷ᠎ᠡ ᠨᠢ ᠶᠣᠬᠣᠸᠠ ᠳᠤ ᠵᠣᠷᠢᠭᠤᠯᠤᠭᠰᠠᠨ ᠪᠠᠭᠠᠨ᠎ᠠ ᠲᠠᠢ ᠪᠣᠯᠵᠤ᠂ 20 ᠲᠡᠷᠡ ᠨᠢ ᠶᠧᠵᠢᠫᠲ ᠤᠨ ᠨᠤᠲᠤᠭ ᠲᠤ ᠠᠤᠭ᠎ᠠ ᠬᠦᠴᠦᠲᠦ ᠶᠣᠬᠣᠸᠠ ᠶᠢᠨ ᠲᠡᠮᠳᠡᠭ ᠪᠠ ᠭᠡᠷᠡᠴᠢ ᠪᠣᠯᠣᠨ᠎ᠠ᠃ ᠳᠠᠷᠤᠩ᠋ᠭᠤᠢᠯᠠᠭᠴᠢᠳ ᠠᠴᠠ ᠪᠣᠯᠵᠤ ᠲᠡᠳᠡ ᠶᠣᠬᠣᠸᠠ ᠤᠷᠤᠭᠤ ᠬᠠᠰᠬᠢᠷᠬᠤ ᠳᠤ᠂ ᠶᠣᠬᠣᠸᠠ ᠠᠪᠤᠷᠠᠭᠴᠢ ᠪᠠ ᠥᠮᠥᠭᠯᠡᠭᠴᠢ ᠶᠢ ᠶᠠᠪᠤᠭᠤᠯᠵᠤ᠂ ᠲᠡᠳᠡᠨ ᠢ ᠴᠢᠯᠥᠭᠡᠯᠡᠨ᠎ᠡ᠃ 21 ᠲᠡᠢᠨ ᠬᠦ ᠶᠣᠬᠣᠸᠠ ᠥᠪᠡᠷ ᠢ ᠪᠠᠨ ᠶᠧᠵᠢᠫᠲ ᠲᠤ ᠮᠡᠳᠡᠭᠦᠯᠦᠨ᠎ᠡ᠂ ᠲᠡᠷᠡ ᠡᠳᠦᠷ ᠶᠧᠵᠢᠫᠲ᠋ᠴᠦᠳ ᠶᠣᠬᠣᠸᠠ ᠶᠢ ᠮᠡᠳᠡᠭᠡᠳ ᠲᠠᠬᠢᠯ ᠪᠣᠯᠣᠨ ᠡᠷᠭᠦᠯ ᠡᠷᠭᠦᠨ ᠮᠥᠷᠭᠥᠵᠦ᠂ ᠶᠣᠬᠣᠸᠠ ᠳᠤ ᠲᠠᠩ᠋ᠭᠠᠷᠢᠭ ᠲᠠᠯᠪᠢᠵᠤ᠂ ᠲᠡᠭᠦᠨ ᠢ ᠪᠠᠨ ᠪᠡᠶᠡᠯᠡᠭᠦᠯᠦᠨ᠎ᠡ᠃ 22 ᠶᠣᠬᠣᠸᠠ ᠶᠧᠵᠢᠫᠲ ᠢ ᠴᠣᠬᠢᠨ᠎ᠠ᠂ ᠴᠣᠬᠢᠬᠤ ᠪᠣᠯᠪᠠᠴᠤ ᠡᠳᠡᠭᠡᠭᠡᠨ᠎ᠡ᠃ ᠲᠡᠳᠡ ᠡᠷᠭᠢᠪᠡᠯ᠂ ᠶᠣᠬᠣᠸᠠ ᠭᠤᠶᠤᠯᠲᠠ ᠶᠢ ᠨᠢ ᠰᠣᠨᠣᠰᠴᠤ ᠡᠳᠡᠭᠡᠭᠡᠨ᠎ᠡ᠃

23 ᠲᠡᠷᠡ ᠡᠳᠦᠷ ᠶᠧᠵᠢᠫᠲ ᠡᠴᠡ ᠠᠰᠢᠷᠢᠶ᠎ᠠ ᠬᠦᠷᠬᠦ ᠶᠡᠬᠡ ᠵᠠᠮ ᠭᠠᠷᠤᠨ᠎ᠠ᠂ ᠠᠰᠢᠷᠢᠶᠠᠴᠤᠳ ᠶᠧᠵᠢᠫᠲ ᠤᠷᠤᠭᠤ᠂ ᠶᠧᠵᠢᠫᠲ᠋ᠴᠦᠳ ᠠᠰᠢᠷᠢᠶ᠎ᠠ ᠤᠷᠤᠭᠤ ᠶᠠᠪᠤᠵᠤ᠂ ᠶᠧᠵᠢᠫᠲ᠋ᠴᠦᠳ ᠠᠰᠢᠷᠢᠶᠠᠴᠤᠳ ᠲᠠᠢ ᠬᠠᠮᠲᠤ ᠮᠥᠷᠭᠥᠬᠦ ᠪᠣᠯᠣᠨ᠎ᠠ᠃

24 ᠲᠡᠷᠡ ᠡᠳᠦᠷ ᠢᠰᠷᠧᠯ ᠨᠢ ᠶᠧᠵᠢᠫᠲ᠂ ᠠᠰᠢᠷᠢᠶ᠎ᠠ ᠲᠠᠢ ᠬᠠᠮᠲᠤ ᠭᠤᠷᠪᠠᠭᠤᠯᠠ ᠪᠠᠨ ᠳᠡᠯᠡᠬᠡᠢ ᠶᠢᠨ ᠳᠤᠮᠳᠠᠬᠢ ᠢᠷᠥᠭᠡᠯ ᠪᠣᠯᠣᠨ᠎ᠠ᠃ 25 ᠠᠤᠭ᠎ᠠ ᠬᠦᠴᠦᠲᠦ ᠶᠣᠬᠣᠸᠠ ᠲᠡᠳᠡᠨ ᠢ ᠢᠷᠥᠭᠡᠵᠦ᠄ 《ᠮᠢᠨᠦ ᠠᠷᠠᠳ ᠲᠦᠮᠡᠨ ᠪᠣᠯᠬᠤ ᠶᠧᠵᠢᠫᠲ᠂ ᠮᠢᠨᠦ ᠭᠠᠷ ᠤᠨ ᠪᠦᠲᠦᠭᠡᠯ ᠪᠣᠯᠬᠤ ᠠᠰᠢᠷᠢᠶ᠎ᠠ᠂ ᠮᠢᠨᠦ ᠥᠮᠴᠢ ᠪᠣᠯᠬᠤ ᠢᠰᠷᠧᠯ ᠪᠤᠶᠠᠨ ᠲᠠᠢ》 ᠭᠡᠵᠦ ᠠᠢᠯᠠᠳᠪᠠ᠃