ᠢᠰᠠᠢᠶ᠎ᠠ ᠵᠢᠷᠠᠨ ᠨᠢᠭᠡ
ᠥᠷᠥᠰᠢᠶᠡᠯ ᠦᠨ ᠵᠢᠯ
1 ᠡᠵᠡᠨ ᠶᠣᠬᠣᠸᠠ ᠶᠢᠨ ᠰᠦᠨᠡᠰᠦ ᠮᠢᠨᠦ ᠳᠡᠭᠡᠷ᠎ᠡ ᠪᠠᠢᠨ᠎ᠠ ᠶᠠᠳᠠᠭᠤᠰ ᠲᠤ ᠪᠠᠶᠠᠷ ᠤᠨ ᠮᠡᠳᠡᠭᠡ ᠬᠦᠷᠭᠡᠭᠦᠯᠬᠦ ᠪᠡᠷ ᠶᠣᠬᠣᠸᠠ ᠨᠠᠮᠠᠶᠢ ᠲᠣᠰᠣᠯᠠᠭᠰᠠᠨ ᠰᠢᠷᠬᠠᠲᠤᠭᠰᠠᠨ ᠵᠢᠷᠦᠬᠡ ᠶᠢ ᠡᠳᠡᠭᠡᠭᠡᠯᠭᠡᠵᠦ ᠣᠯᠵᠠᠯᠠᠭᠳᠠᠭᠰᠠᠳ ᠲᠤ ᠡᠷᠬᠡ ᠴᠢᠯᠥᠭᠡ ᠶᠢ᠂ ᠬᠣᠷᠢᠭᠳᠠᠯ ᠤᠳ ᠲᠤᠨᠢ ᠰᠤᠯᠠᠯᠠᠯᠲᠠ ᠶᠢ ᠲᠤᠩ᠋ᠬᠠᠭᠯᠠᠭᠤᠯᠬᠤ ᠪᠠᠷ ᠨᠠᠮᠠᠶᠢ ᠢᠯᠡᠭᠡᠭᠰᠡᠨ᠂
2 ᠮᠥᠨ ᠶᠣᠬᠣᠸᠠ ᠶᠢᠨ ᠥᠷᠥᠰᠢᠶᠡᠯ ᠦᠨ ᠵᠢᠯ ᠪᠢᠳᠡᠨ ᠦ ᠪᠤᠷᠬᠠᠨ ᠤ ᠥᠰᠢᠶ᠎ᠡ ᠠᠪᠬᠤ ᠡᠳᠦᠷ ᠢ ᠲᠤᠩ᠋ᠬᠠᠭᠯᠠᠭᠤᠯᠤᠨ ᠪᠦᠬᠦ ᠭᠠᠰᠢᠭᠤᠳᠠᠭᠴᠢ ᠶᠢ ᠲᠠᠢᠳᠬᠤᠷᠠᠭᠤᠯᠬᠤ ᠪᠠᠷ
3 ᠽᠢᠶᠣᠨ ᠳᠤ ᠭᠠᠰᠢᠭᠤᠳᠠᠭᠰᠠᠳ ᠲᠤ ᠦᠨᠡᠰᠦᠨ ᠦ ᠣᠷᠣᠨ ᠳᠤ ᠭᠣᠶᠣᠯ ᠢ ᠭᠠᠰᠢᠭᠤᠳᠠᠯ ᠤᠨ ᠣᠷᠣᠨ ᠳᠤ ᠪᠠᠶᠠᠷ ᠬᠥᠷ ᠦᠨ ᠲᠣᠰᠣ ᠶᠢ ᠴᠥᠬᠥᠷᠡᠭᠰᠡᠨ ᠰᠦᠨᠡᠰᠦᠨ ᠦ ᠣᠷᠣᠨ ᠳᠤ ᠮᠠᠭᠲᠠᠭᠠᠯ ᠤᠨ ᠳᠡᠪᠡᠯ ᠢ ᠥᠭᠭᠥᠭᠦᠯᠬᠦ ᠪᠡᠷ ᠢᠯᠡᠭᠡᠭᠰᠡᠨ᠂ ᠡᠢᠨ ᠬᠦ ᠲᠡᠳᠡ ᠶᠣᠬᠣᠸᠠ ᠶᠢᠨ ᠰᠠᠭᠤᠯᠭᠠᠭᠰᠠᠨ᠂ ᠲᠡᠭᠦᠨ ᠢ ᠠᠯᠳᠠᠷᠰᠢᠭᠤᠯᠤᠭᠰᠠᠨ 《ᠵᠥᠪ ᠦᠨ ᠴᠠᠷᠠᠰᠤ》 ᠭᠡᠵᠦ ᠨᠡᠷᠡᠯᠡᠭᠳᠡᠨ᠎ᠡ᠃
4 ᠲᠡᠳᠡ ᠡᠷᠲᠡᠨ ᠦ ᠨᠤᠷᠠᠩ᠋ᠬᠠᠢ ᠶᠢ ᠪᠣᠰᠬᠠᠵᠤ ᠤᠷᠢᠳᠤ ᠶᠢᠨ ᠪᠠᠯᠭᠠᠰᠤ ᠶᠢ ᠰᠡᠷᠭᠦᠭᠡᠨ ᠦᠶ᠎ᠡ ᠶᠢᠨ ᠦᠶ᠎ᠡ ᠳᠦ ᠡᠪᠳᠡᠷᠬᠡᠢ ᠨᠤᠷᠠᠩᠬᠢ ᠪᠠᠢᠭᠰᠠᠨ ᠬᠣᠲᠠ ᠨᠤᠭᠤᠳ ᠢ ᠰᠢᠨᠡᠴᠢᠯᠡᠨ᠎ᠡ᠃
5 ᠬᠠᠷᠢ ᠬᠥᠮᠦᠰ ᠲᠠ ᠨᠠᠷ ᠤᠨ ᠰᠦᠷᠦᠭ ᠢ ᠬᠠᠷᠢᠭᠤᠯᠤᠨ᠎ᠠ᠂ ᠬᠠᠷᠢ ᠶᠢᠨ ᠬᠥᠪᠡᠭᠦᠳ ᠲᠠ ᠨᠠᠷ ᠤᠨ ᠲᠠᠷᠢᠶᠠᠴᠢᠳ᠂ ᠦᠵᠦᠮᠴᠢᠳ ᠪᠣᠯᠬᠤ ᠳᠤ᠂
6 ᠲᠠ ᠨᠠᠷ ᠶᠣᠬᠣᠸᠠ ᠶᠢᠨ ᠲᠠᠬᠢᠯᠴᠢᠳ ᠭᠡᠵᠦ ᠨᠡᠷᠡᠯᠡᠭᠳᠡᠨ ᠪᠢᠳᠡᠨ ᠦ ᠪᠤᠷᠬᠠᠨ ᠤ ᠦᠢᠯᠡᠴᠢᠯᠡᠭᠴᠢᠳ ᠭᠡᠭᠳᠡᠵᠦ ᠦᠨᠳᠦᠰᠦᠲᠡᠨ ᠨᠦᠭᠦᠳ ᠦᠨ ᠡᠳ᠋ ᠪᠠᠶᠠᠯᠢᠭ ᠢ ᠡᠳ᠋ᠯᠡᠨ ᠢᠷᠠᠭᠤ ᠠᠯᠳᠠᠷ ᠢᠶᠠᠷ ᠨᠢ ᠰᠠᠢᠷᠬᠠᠬᠤ ᠪᠣᠯᠣᠨ᠎ᠠ᠂
7 ᠢᠴᠢᠭᠦᠷᠢ ᠶᠢᠨ ᠢᠶᠠᠨ ᠣᠷᠣᠨ ᠳᠤ ᠬᠣᠶᠠᠷ ᠳᠠᠬᠢᠨ ᠠᠯᠳᠠᠷ ᠢ ᠣᠯᠵᠤ ᠭᠤᠲᠤᠮᠰᠢᠭ ᠤᠨ ᠣᠷᠣᠨ ᠳᠤ ᠬᠤᠪᠢ ᠨᠣᠭᠳᠠᠯ ᠳᠠᠭᠠᠨ ᠪᠠᠶᠠᠷᠯᠠᠨ᠎ᠠ᠃ ᠡᠢᠨ ᠬᠦ ᠲᠡᠳᠡ ᠨᠤᠲᠤᠭ ᠲᠠᠭᠠᠨ ᠬᠣᠶᠠᠷ ᠳᠠᠬᠢᠨ ᠬᠦᠷᠲᠡᠪᠦᠷᠢ ᠲᠠᠢ ᠪᠣᠯᠵᠤ ᠡᠭᠦᠷᠢᠳᠡ ᠶᠢᠨ ᠵᠢᠷᠭᠠᠯ ᠲᠡᠳᠡᠨ ᠦ ᠬᠢ ᠪᠣᠯᠣᠨ᠎ᠠ᠃
8 ᠤᠴᠢᠷ ᠨᠢ ᠶᠣᠬᠣᠸᠠ ᠪᠢ ᠰᠢᠳᠤᠷᠭᠤ ᠶᠢ ᠬᠠᠢᠷᠠᠯᠠᠵᠤ ᠵᠥᠪ ᠪᠤᠰᠤ ᠳᠡᠭᠡᠷᠡᠮᠳᠡᠯ ᠢ ᠦᠵᠡᠨ ᠶᠠᠳᠠᠳᠠᠭ ᠪᠢ ᠬᠠᠷᠢᠭᠤ ᠶᠢ ᠨᠢ ᠭᠣᠣᠯᠴᠢ ᠪᠠᠷ ᠥᠭᠴᠦ ᠲᠡᠳᠡᠨ ᠲᠡᠢ ᠮᠥᠩᠬᠡ ᠶᠢᠨ ᠭᠡᠷ᠎ᠡ ᠪᠠᠢᠭᠤᠯᠤᠨ᠎ᠠ᠃
9 ᠲᠡᠳᠡᠨ ᠦ ᠦᠷ᠎ᠡ ᠤᠳᠤᠮ ᠤᠯᠤᠰ ᠦᠨᠳᠦᠰᠦᠲᠡᠨ ᠨᠦᠭᠦᠳ ᠦᠨ ᠳᠤᠮᠳᠠ ᠲᠠᠨᠢᠭᠳᠠᠨ᠎ᠠ᠂ ᠲᠡᠳᠡᠨ ᠢ ᠦᠵᠡᠭᠰᠡᠨ ᠪᠦᠬᠦᠨ 《ᠶᠣᠬᠣᠸᠠ ᠶᠢᠨ ᠢᠷᠥᠭᠡᠭᠰᠡᠨ ᠦᠷ᠎ᠡ ᠤᠳᠤᠮ》 ᠭᠡᠳᠡᠭ ᠢ ᠨᠢ ᠬᠦᠯᠢᠶᠡᠨ ᠵᠥᠪᠰᠢᠶᠡᠷᠡᠨ᠎ᠡ᠃
10 ᠪᠢ ᠶᠣᠬᠣᠸᠠ ᠶᠢᠨ ᠳᠣᠲᠣᠷ᠎ᠠ ᠶᠡᠬᠡᠳᠡ ᠪᠠᠬᠠᠳᠤᠨ᠎ᠠ ᠰᠡᠳᠬᠢᠯ ᠮᠢᠨᠢ ᠥᠪᠡᠷ ᠦᠨ ᠪᠤᠷᠬᠠᠨ ᠳᠤ ᠪᠠᠶᠠᠷᠯᠠᠨ᠎ᠠ ᠲᠡᠷᠡ ᠨᠠᠮᠠᠶᠢ ᠠᠪᠤᠷᠠᠯ ᠤᠨ ᠬᠤᠪᠴᠠᠰᠤ ᠪᠠᠷ ᠬᠤᠪᠴᠠᠰᠤᠯᠠᠵᠤ᠂ ᠵᠥᠪ ᠦᠨ ᠳᠡᠪᠡᠯ ᠢᠶᠡᠷ ᠬᠤᠴᠢᠭᠰᠠᠨ᠂ ᠪᠢ ᠰᠦᠢᠲᠦ ᠵᠠᠯᠠᠭᠤ ᠴᠡᠴᠡᠭ ᠦᠨ ᠬᠡᠯᠬᠢᠶ᠎ᠡ ᠪᠡᠷ ᠴᠢᠮᠡᠳᠡᠭ ᠰᠢᠭ ᠰᠦᠢᠲᠦ ᠪᠦᠰᠡᠭᠦᠢ ᠦᠨᠡᠲᠦ ᠴᠢᠯᠠᠭᠤ ᠪᠠᠷ ᠭᠣᠶᠣᠳᠠᠭ ᠰᠢᠭ᠋ ᠪᠣᠯᠣᠯ᠎ᠠ᠃
11 ᠭᠠᠵᠠᠷ ᠨᠠᠬᠢᠶ᠎ᠠ ᠶᠢ ᠤᠷᠭᠤᠭᠤᠯᠤᠨ ᠴᠡᠴᠡᠷᠯᠢᠭ ᠦᠷ᠎ᠡ ᠶᠢ ᠨᠠᠬᠢᠶᠠᠯᠠᠭᠤᠯᠳᠠᠭ ᠰᠢᠭ᠋ ᠡᠵᠡᠨ ᠶᠣᠬᠣᠸᠠ ᠪᠦᠬᠦ ᠦᠨᠳᠦᠰᠦᠲᠡᠨ ᠦ ᠡᠮᠦᠨ᠎ᠡ ᠵᠥᠪ ᠪᠠ ᠮᠠᠭᠲᠠᠭᠠᠯ ᠢ ᠨᠠᠬᠢᠶᠠᠯᠠᠭᠤᠯᠤᠨᠠ᠃