1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢᠨ ᠵᠢᠷᠭᠤᠭ᠎ᠠ
 ᠰᠢᠲᠦᠭᠡᠨ ᠨᠦᠭᠦᠳ ᠦᠨ ᠨᠤᠷᠠᠯᠲᠠ
1 ᠪᠧᠯ ᠪᠥᠬᠥᠢᠵᠦ᠂ ᠨᠧᠪᠣ ᠮᠡᠬᠦᠢᠵᠦ ᠪᠠᠢᠨ᠎ᠠ ᠰᠢᠲᠦᠭᠡᠨ ᠨᠦᠭᠦᠳ ᠨᠢ ᠮᠠᠯ ᠠᠮᠢᠲᠠᠳ ᠤᠨ ᠳᠡᠭᠡᠷ᠎ᠡ ᠠᠴᠢᠭᠳᠠᠭᠰᠠᠨ ᠪᠠᠢᠨ᠎ᠠ᠃ ᠡᠭᠦᠷᠴᠦ ᠶᠠᠪᠤᠭᠰᠠᠨ ᠰᠢᠲᠦᠭᠡᠨ ᠨᠦᠭᠦᠳ ᠴᠢᠨᠢ ᠲᠡᠭᠡᠭᠡᠷ᠎ᠡ᠂ ᠶᠠᠳᠠᠷᠠᠭᠰᠠᠳ ᠤᠨ ᠲᠡᠭᠡᠭᠡᠰᠢ᠃
2 ᠲᠡᠳᠡ ᠮᠡᠬᠦᠢᠵᠤ ᠬᠠᠮᠲᠤ ᠳᠠᠭᠠᠨ ᠪᠥᠬᠥᠢᠨ᠎ᠡ ᠲᠡᠳᠡᠭᠡᠷ ᠲᠡᠭᠡᠭᠡᠰᠢ ᠪᠠᠨ ᠠᠪᠤᠷᠠᠵᠤ ᠴᠢᠳᠠᠯ ᠦᠭᠡᠢ ᠥᠪᠡᠷᠰᠡᠳ ᠢᠶᠡᠨ ᠣᠯᠵᠠ ᠪᠣᠯᠵᠤ ᠶᠠᠪᠤᠨ᠎ᠠ᠃

3 ᠮᠢᠨᠦᠬᠢ ᠶᠢ ᠰᠣᠨᠣᠰᠴᠠᠭ᠎ᠠ᠂ ᠶᠠᠺᠣᠪ ᠤᠨ ᠭᠡᠷ ᠦᠨ ᠬᠢᠨ᠂ ᠢᠰᠷᠧᠯ ᠤᠨ ᠭᠡᠷ ᠡᠴᠡ ᠦᠯᠡᠳᠡᠭᠰᠡᠳ ᠪᠦᠭᠦᠳᠡ ᠡ᠂ ᠬᠡᠪᠡᠯᠢ ᠳᠤ ᠪᠠᠢᠬᠤ ᠦᠶ᠎ᠡ ᠡᠴᠡ ᠴᠢᠨᠢ ᠪᠢ ᠲᠠ ᠨᠠᠷ ᠢ ᠲᠡᠭᠡᠭᠡᠵᠦ ᠲᠥᠷᠥᠭᠰᠡᠨ ᠡᠴᠡ ᠴᠢᠨᠢ ᠬᠣᠢᠰᠢ ᠴᠤ ᠡᠭᠦᠷᠴᠦ ᠪᠠᠢᠭᠰᠠᠨ᠃
4 ᠪᠢ ᠲᠠ ᠨᠠᠷ ᠢ ᠥᠨᠳᠥᠷ ᠨᠠᠰᠤᠲᠠᠢ ᠪᠣᠯᠣᠭᠰᠠᠨ ᠴᠤ ᠲᠡᠭᠡᠵᠦ ᠦᠰᠦ ᠴᠢᠨᠢ ᠪᠤᠭᠤᠷᠤᠯ ᠪᠣᠯᠣᠭᠰᠠᠨ ᠴᠤ ᠠᠴᠢᠵᠤ ᠶᠠᠪᠤᠨ᠎ᠠ ᠪᠢ ᠪᠦᠲᠦᠭᠡᠭᠰᠡᠨ ᠲᠤᠯᠠ ᠪᠢ ᠡᠭᠦᠷᠦᠨ᠎ᠡ ᠪᠢ ᠠᠴᠢᠵᠤ᠂ ᠠᠪᠤᠷᠠᠨ᠎ᠠ᠃

5 ᠲᠠ ᠨᠠᠷ ᠨᠠᠮᠠᠶᠢ ᠬᠡᠨ ᠲᠡᠢ ᠠᠳᠠᠯᠢᠳᠬᠠᠵᠤ᠂ ᠵᠦᠢᠷᠯᠡᠵᠦ᠂ ᠬᠠᠷᠢᠴᠠᠭᠤᠯᠤᠭᠠᠳ ᠠᠳᠠᠯᠢ ᠭᠡᠬᠦ ᠪᠢᠯᠡ︖
6 ᠵᠠᠷᠢᠮ ᠨᠢ ᠠᠯᠲᠠ ᠪᠠᠨ ᠲᠦᠷᠡᠢᠪᠴᠢ ᠡᠴᠡ ᠪᠡᠨ ᠬᠦᠨᠳᠡᠷᠴᠦ ᠮᠥᠩᠭᠥ ᠶᠢ ᠵᠢᠩᠯᠡᠭᠦᠷ ᠢᠶᠡᠷ ᠵᠢᠩᠯᠡᠨ ᠳᠠᠷᠬᠠᠨ ᠢ ᠬᠥᠯᠥᠰᠥᠯᠡᠵᠦ ᠪᠤᠷᠬᠠᠳ ᠬᠢᠯᠭᠡᠭᠡᠳ ᠲᠡᠳᠡᠨ ᠳᠡᠭᠡᠨ ᠪᠥᠬᠥᠢᠵᠦ ᠮᠥᠷᠭᠥᠳᠡᠭ᠃
7 ᠲᠡᠳᠡ ᠲᠡᠭᠦᠨ ᠢ ᠪᠠᠨ ᠮᠥᠷᠥᠨ ᠳᠡᠭᠡᠷ᠎ᠡ ᠪᠡᠨ ᠡᠭᠦᠷᠴᠦ ᠠᠴᠢᠨ᠎ᠠ ᠲᠡᠳᠡ ᠲᠡᠭᠦᠨ ᠢ ᠪᠠᠨ ᠪᠠᠢᠷᠢᠨ ᠳᠤᠨᠢ ᠲᠠᠯᠪᠢᠪᠠᠯ ᠲᠡᠷᠡ ᠵᠣᠭᠰᠣᠵᠤ ᠲᠡᠨᠳᠡ ᠡᠴᠡ ᠪᠡᠨ ᠬᠥᠳᠡᠯᠳᠡᠭ ᠦᠭᠡᠢ ᠬᠥᠮᠦᠨ ᠬᠠᠰᠬᠢᠷᠤᠭᠰᠠᠨ ᠴᠤ ᠲᠡᠷᠡ ᠬᠠᠷᠢᠭᠤᠯᠵᠤ ᠴᠢᠳᠠᠬᠤ ᠦᠭᠡᠢ ᠬᠦᠴᠢᠷ ᠵᠣᠪᠠᠯᠠᠩ ᠠᠴᠠ ᠨᠢ ᠠᠪᠤᠷᠠᠵᠤ ᠴᠢᠳᠠᠬᠤ ᠦᠭᠡᠢ᠃
8 ᠲᠠ ᠨᠠᠷ ᠡᠭᠦᠨ ᠢ ᠰᠠᠨᠠᠵᠤ᠂ ᠡᠷ᠎ᠡ ᠬᠥᠮᠦᠨ ᠰᠢᠭ ᠪᠠᠢ ᠡᠭᠦᠨ ᠳᠦ ᠰᠠᠨᠠᠭ᠎ᠠ ᠲᠠᠯᠪᠢ᠂ ᠨᠢᠭᠦᠯᠲᠦ ᠬᠥᠮᠦᠰ ᠡ᠂
9 ᠥᠨᠢ ᠡᠷᠲᠡᠨ ᠦ ᠵᠦᠢᠯᠡᠰ ᠢ ᠰᠠᠨᠠ ᠪᠢ ᠪᠣᠯ ᠪᠤᠷᠬᠠᠨ᠂ ᠥᠭᠡᠷ᠎ᠡ ᠪᠠᠢᠬᠤ ᠦᠭᠡᠢ ᠪᠢ ᠪᠣᠯ ᠪᠤᠷᠬᠠᠨ᠂ ᠨᠠᠳᠠ ᠲᠠᠢ ᠠᠳᠠᠯᠢ ᠨᠢ ᠠᠯᠠᠭ᠎ᠠ᠃
10 ᠪᠢ ᠪᠣᠯ ᠡᠬᠢᠨ ᠡᠴᠡ ᠡᠴᠦᠰ ᠢ ᠢᠯᠡᠷᠬᠡᠶᠢᠯᠡᠵᠦ ᠡᠷᠲᠡᠨ ᠡᠴᠡ ᠪᠡᠶᠡᠯᠡᠭᠳᠡᠭᠡ ᠦᠭᠡᠢ ᠵᠦᠢᠯᠡᠰ ᠢ ᠢᠯᠡᠷᠬᠡᠶᠢᠯᠡᠭᠴᠢ ᠶᠤᠮ᠃ 《ᠵᠣᠷᠢᠯᠭ᠎ᠠ ᠮᠢᠨᠢ ᠪᠡᠶᠡᠯᠡᠭᠳᠡᠨ᠎ᠡ ᠪᠢ ᠲᠠᠭᠠᠯᠠᠳᠠᠭ ᠪᠦᠬᠦᠨ ᠢᠶᠡᠨ ᠦᠢᠯᠡᠳᠦᠨ᠎ᠡ》 ᠭᠡᠭᠴᠢ ᠶᠤᠮ᠃
11 ᠪᠢ ᠳᠣᠷᠣᠨ᠎ᠠ ᠵᠦᠭ ᠡᠴᠡ ᠰᠢᠭᠦᠷᠳᠡᠭ ᠰᠢᠪᠠᠭᠤ ᠶᠢ ᠠᠯᠤᠰ ᠤᠨ ᠣᠷᠣᠨ ᠠᠴᠠ ᠵᠣᠷᠢᠯᠭ᠎ᠠ ᠶᠢ ᠮᠢᠨᠢ ᠭᠦᠢᠴᠡᠳᠬᠡᠬᠦ ᠬᠥᠮᠦᠨ ᠢ ᠳᠠᠭᠤᠳᠠᠵᠤ ᠪᠠᠢᠨ᠎ᠠ᠂ ᠪᠢ ᠲᠡᠢᠨ ᠬᠦ ᠬᠡᠯᠡᠭᠰᠡᠨ ᠲᠤᠯᠠ ᠲᠡᠢᠨ ᠬᠦ ᠪᠡᠶᠡᠯᠡᠭᠦᠯᠦᠨ᠎ᠡ ᠲᠡᠢᠨ ᠬᠦ ᠵᠣᠷᠢᠭᠰᠠᠨ ᠲᠤᠯᠠ ᠲᠡᠢᠨ ᠬᠦ ᠦᠢᠯᠡᠳᠦᠨ᠎ᠡ᠃

12 ᠮᠢᠨᠦᠬᠢ ᠶᠢ ᠰᠣᠨᠣᠰ᠂ ᠵᠥᠷᠢᠭᠦᠳ ᠵᠢᠷᠦᠬᠡᠲᠡᠨ᠂ ᠵᠥᠪ ᠡᠴᠡ ᠬᠣᠯᠠᠳᠠᠭᠴᠢ ᠡ᠂
13 ᠪᠢ ᠵᠥᠪ ᠢᠶᠡᠨ ᠣᠢᠷᠠᠲᠤᠭᠤᠯᠵᠤ ᠪᠠᠢᠨ᠎ᠠ ᠲᠡᠷᠡ ᠬᠣᠯᠠ ᠪᠢᠰᠢ᠂ ᠠᠪᠤᠷᠠᠯ ᠮᠢᠨᠢ ᠰᠠᠭᠠᠲᠠᠬᠤ ᠦᠭᠡᠢ ᠪᠢ ᠽᠢᠶᠣᠨ ᠳᠤ ᠠᠪᠤᠷᠠᠯ ᠢ ᠠᠪᠴᠢᠷᠠᠵᠤ ᠢᠰᠷᠧᠯ ᠳᠤ ᠠᠯᠳᠠᠷ ᠢᠶᠠᠨ ᠣᠯᠭᠣᠨ᠎ᠠ᠃