1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢᠨ ᠨᠠᠢ᠌ᠮᠠ
 ᠲᠡᠷᠰᠯᠡᠭᠦᠦ ᠠᠷᠠᠳ ᠢ ᠡᠨᠡᠷᠢᠪᠡ
1 ᠡᠭᠦᠨ ᠢ ᠰᠣᠨᠣᠰ᠂ ᠶᠠᠺᠣᠪ ᠤᠨ ᠭᠡᠷ ᠡ︕ ᠢᠰᠷᠧᠯ ᠤᠨ ᠨᠡᠷ᠎ᠡ ᠪᠡᠷ ᠳᠠᠭᠤᠳᠠᠭᠳᠠᠨ ᠶᠦᠳᠠ ᠶᠢᠨ ᠤᠨᠳᠤᠷᠤᠭ᠎ᠠ ᠠᠴᠠ ᠭᠠᠷᠤᠨ ᠶᠣᠬᠣᠸᠠ ᠶᠢᠨ ᠨᠡᠷ᠎ᠡ ᠪᠡᠷ ᠲᠠᠩ᠋ᠭᠠᠷᠢᠭᠯᠠᠳᠠᠭ ᠠᠲᠠᠯ᠎ᠠ ᠪᠠᠨ ᠢᠰᠷᠧᠯ ᠤᠨ ᠪᠤᠷᠬᠠᠨ ᠢ ᠦᠨᠡᠨ ᠢᠶᠡᠷ ᠪᠤᠰᠤ᠂ ᠵᠥᠪ ᠢᠶᠡᠷ ᠪᠤᠰᠤ ᠳᠠᠭᠤᠳᠠᠭᠴᠢᠳ ᠡ᠂
2 ᠥᠪᠡᠷᠰᠡᠳ ᠢ ᠪᠠᠨ ᠠᠷᠢᠭᠤᠨ ᠬᠣᠲᠠ ᠶᠢᠨ ᠬᠢᠨ ᠭᠡᠵᠦ ᠠᠤᠭ᠎ᠠ ᠬᠦᠴᠦᠲᠦ ᠶᠣᠬᠣᠸᠠ ᠭᠡᠭᠳᠡᠳᠡᠭ ᠨᠡᠷ᠎ᠡ ᠲᠠᠢ ᠢᠰᠷᠧᠯ ᠤᠨ ᠪᠤᠷᠬᠠᠨ ᠳᠤ ᠲᠦᠰᠢᠭ᠍ᠴᠢᠳ ᠡ︕
3 ᠡᠷᠲᠡᠨ ᠡᠴᠡ ᠪᠢ ᠶᠠᠭᠤ ᠪᠣᠯᠬᠤ ᠶᠢ ᠢᠯᠡᠷᠬᠡᠶᠢᠯᠡᠭᠰᠡᠨ ᠲᠡᠳᠡᠭᠡᠷ ᠢ ᠠᠮᠠᠨ ᠠᠴᠠ ᠪᠠᠨ ᠭᠠᠷᠭᠠᠨ ᠰᠣᠨᠣᠰᠬᠠᠭᠠᠳ ᠭᠡᠨᠡᠳᠲᠡ ᠭᠦᠢᠴᠡᠳᠬᠡᠬᠦ ᠳᠦ ᠲᠡᠳᠡᠭᠡᠷ ᠨᠢ ᠪᠡᠶᠡᠯᠡᠭᠰᠡᠨ᠂
4 ᠴᠢ ᠵᠥᠷᠢᠭᠦᠳ᠂ ᠬᠦᠵᠦᠭᠦᠦ ᠴᠢᠨᠢ ᠲᠡᠮᠦᠷ ᠰᠢᠷᠪᠥᠰᠥ ᠲᠠᠢ ᠮᠠᠩᠨᠠᠢ ᠴᠢᠨᠢ ᠬᠦᠷᠡᠯ ᠭᠡᠳᠡᠭ ᠢ ᠪᠢ ᠮᠡᠳᠡᠳᠡᠭ ᠲᠤᠯᠠ
5 ᠪᠢ ᠡᠷᠲᠡᠨ ᠡᠴᠡ ᠢᠯᠡᠷᠬᠡᠶᠢᠯᠡᠭᠰᠡᠨ ᠪᠥᠭᠡᠳ ᠪᠡᠶᠡᠯᠡᠭᠦᠯᠬᠦ ᠡᠴᠡ ᠪᠡᠨ ᠡᠮᠦᠨ᠎ᠡ ᠴᠢᠮ᠎ᠠ ᠳᠤ ᠮᠡᠳᠡᠭᠦᠯᠦᠭᠰᠡᠨ ᠡᠰᠡ ᠪᠥᠭᠡᠰᠦ ᠴᠢ 〈ᠰᠢᠲᠦᠭᠡᠨ ᠮᠢᠨᠢ ᠡᠳᠡᠭᠡᠷ ᠢ ᠦᠢᠯᠡᠳᠦᠭᠰᠡᠨ ᠰᠡᠢᠯᠦᠮᠡᠯ᠂ ᠴᠢᠳᠬᠤᠮᠠᠯ ᠬᠥᠷᠥᠭ ᠮᠢᠨᠢ ᠡᠳᠡᠭᠡᠷ ᠢ ᠵᠣᠬᠢᠶᠠᠭᠰᠠᠨ〉 ᠭᠡᠬᠦ ᠪᠠᠢᠭᠰᠠᠨ᠃
6 ᠡᠳᠡᠭᠡᠷ ᠢ ᠴᠢ ᠬᠡᠳᠦᠢᠨ ᠰᠣᠨᠣᠰᠣᠭᠰᠠᠨ ᠡᠨᠡ ᠪᠦᠭᠦᠳᠡ ᠶᠢ ᠴᠢ ᠠᠩ᠋ᠬᠠᠷᠤᠯ ᠲᠠᠢ ᠦᠵᠡ ᠬᠠᠷᠢᠨ ᠲᠠ ᠨᠠᠷ ᠬᠦᠯᠢᠶᠡᠨ ᠵᠥᠪᠰᠢᠶᠡᠷᠡᠬᠦ ᠦᠭᠡᠢ ᠭᠡᠵᠢ ᠤᠤ︖ ᠡᠨᠡ ᠴᠠᠭ ᠠᠴᠠ ᠡᠬᠢᠯᠡᠨ ᠪᠢ ᠴᠢᠮ᠎ᠠ ᠳᠤ ᠰᠢᠨ᠎ᠡ ᠵᠦᠢᠯᠡᠰ ᠢ ᠴᠢᠨᠦ ᠮᠡᠳᠡᠳᠡᠭ ᠦᠭᠡᠢ ᠨᠢᠭᠤᠴᠠ ᠵᠦᠢᠯᠡᠰ ᠢ ᠰᠣᠨᠣᠰᠬᠠᠶ᠎ᠠ᠃
7 ᠡᠳᠡᠭᠡᠷ ᠨᠢ ᠡᠷᠲᠡᠨ ᠦ ᠬᠢ ᠪᠢᠰᠢ ᠡᠳᠦᠭᠡ ᠪᠤᠢ ᠪᠣᠯᠣᠭᠰᠠᠨ ᠥᠨᠥᠳᠥᠷ ᠡᠴᠡ ᠡᠮᠦᠨ᠎ᠡ ᠴᠢ ᠡᠳᠡᠭᠡᠷ ᠢ ᠰᠣᠨᠣᠰᠴᠤ ᠪᠠᠢᠭ᠎ᠠ ᠦᠭᠡᠢ ᠤᠴᠢᠷ ᠠᠴᠠ ᠴᠢ 〈ᠬᠥᠶᠶ᠂ ᠪᠢ ᠮᠡᠳᠡᠳᠡᠭ ᠪᠠᠢᠭᠰᠠᠨ〉 ᠭᠡᠵᠦ ᠬᠡᠯᠡᠵᠦ ᠦᠯᠦ ᠴᠢᠳᠠᠨ᠎ᠠ᠃
8 ᠴᠢ ᠰᠣᠨᠣᠰᠣᠭᠰᠠᠨ ᠴᠤ ᠦᠭᠡᠢ᠂ ᠣᠢᠯᠠᠭᠠᠭᠰᠠᠨ ᠴᠤ ᠦᠭᠡᠢ ᠴᠢᠬᠢ ᠪᠠᠨ ᠨᠡᠭᠡᠭᠡᠭᠰᠡᠨ ᠴᠤ ᠦᠭᠡᠢ ᠴᠢ ᠪᠣᠯ ᠲᠡᠷᠰᠯᠡᠭᠴᠢ ᠲᠡᠷᠰᠯᠡᠭᠦᠦ ᠭᠡᠳᠡᠭ ᠢ ᠪᠢ ᠮᠡᠳᠡᠵᠦ ᠪᠠᠢᠭᠰᠠᠨ ᠴᠢ ᠬᠡᠪᠡᠯᠢ ᠳᠤ ᠪᠠᠢᠬᠤ ᠦᠶ᠎ᠡ ᠡᠴᠡ ᠪᠡᠨ ᠤᠷᠪᠠᠭᠴᠢ ᠭᠡᠭᠳᠡᠳᠡᠭ ᠪᠠᠢᠭᠰᠠᠨ᠃
9 ᠭᠡᠪᠡᠴᠦ ᠪᠢ ᠥᠪᠡᠷ ᠦᠨ ᠢᠶᠠᠨ ᠨᠡᠷ᠎ᠡ ᠶᠢᠨ ᠲᠥᠯᠥᠭᠡ ᠠᠭᠤᠷ ᠢᠶᠠᠨ ᠤᠳᠠᠭᠠᠰᠢᠷᠠᠭᠤᠯᠤᠨ᠎ᠠ᠂ ᠥᠪᠡᠷ ᠦᠨ ᠢᠶᠠᠨ ᠠᠯᠳᠠᠷ ᠤᠨ ᠲᠥᠯᠥᠭᠡ ᠴᠢᠮᠠᠶᠢ ᠤᠰᠠᠳᠬᠠᠯ ᠦᠭᠡᠢ ᠲᠡᠰᠪᠦᠷᠢᠯᠡᠨ᠎ᠡ᠃
10 ᠬᠠᠷᠠ᠂ ᠪᠢ ᠴᠢᠮᠠᠶᠢ ᠴᠡᠪᠡᠷᠰᠢᠭᠦᠯᠦᠭᠰᠡᠨ ᠭᠡᠬᠦ ᠳᠡᠭᠡᠨ ᠮᠥᠩᠭᠥ ᠶᠢᠨ ᠠᠳᠠᠯᠢ ᠪᠠᠷ ᠪᠢᠰᠢ᠂ ᠵᠣᠪᠠᠯᠠᠩ ᠤᠨ ᠵᠤᠤᠬ᠎ᠠ ᠪᠠᠷ ᠰᠣᠷᠢᠭᠰᠠᠨ

11 ᠥᠪᠡᠷ ᠦᠨ ᠢᠶᠠᠨ ᠲᠥᠯᠥᠭᠡ᠂ ᠥᠪᠡᠷ ᠦᠨ ᠢᠶᠠᠨ ᠲᠥᠯᠥᠭᠡ ᠪᠢ ᠦᠢᠯᠡᠳᠦᠨ᠎ᠡ᠂ ᠶᠠᠭᠠᠬᠢᠨ ᠭᠤᠲᠤᠭᠠᠭᠳᠠᠵᠤ ᠪᠣᠯᠬᠤ ᠪᠤᠢ︖ ᠠᠯᠳᠠᠷ ᠰᠤᠤ ᠪᠠᠨ ᠪᠢ ᠪᠤᠰᠤᠳ ᠲᠤ ᠥᠭᠬᠦ ᠦᠭᠡᠢ᠃
 ᠴᠢᠯᠥᠭᠡᠯᠡᠯᠲᠡ ᠢᠷᠡᠨ᠎ᠡ
12 ᠮᠢᠨᠦᠬᠢ ᠶᠢ ᠰᠣᠨᠣᠰᠣᠭᠲᠤᠨ᠂ ᠶᠠᠺᠣᠪ ᠡ᠂ ᠮᠢᠨᠦ ᠳᠠᠭᠤᠳᠠᠭᠰᠠᠨ ᠢᠰᠷᠧᠯ ᠡ ᠪᠢ ᠯᠠ ᠲᠡᠷᠡ᠂ ᠪᠢ ᠯᠠ ᠡᠬᠢᠨ᠂ ᠪᠢ ᠯᠠ ᠡᠴᠦᠰ᠃
13 ᠳᠡᠯᠡᠬᠡᠢ ᠶᠢᠨ ᠰᠠᠭᠤᠷᠢ ᠶᠢ ᠮᠢᠨᠦ ᠮᠤᠲᠤᠷ ᠯᠠ ᠲᠠᠯᠪᠢᠭᠰᠠᠨ ᠲᠩᠷᠢ ᠶᠢ ᠮᠢᠨᠦ ᠪᠠᠷᠠᠭᠤᠨ ᠭᠠᠷ ᠳᠡᠯᠭᠡᠭᠰᠡᠨ ᠪᠢ ᠲᠡᠳᠡᠨ ᠢ ᠳᠠᠭᠤᠳᠠᠪᠠᠯ ᠲᠡᠳᠡ ᠬᠠᠮᠲᠤ ᠳᠠᠭᠠᠨ ᠵᠣᠭᠰᠣᠨ᠎ᠠ᠃
14 ᠲᠠ ᠨᠠᠷ ᠪᠦᠭᠦᠳᠡᠭᠡᠷ ᠢᠶᠡᠨ ᠴᠤᠭᠯᠠᠷᠠᠵᠤ᠂ ᠰᠣᠨᠣᠰᠴᠠᠭ᠎ᠠ᠂ ᠡᠳᠡᠭᠡᠷ ᠢ ᠲᠡᠳᠡᠨ ᠦ ᠬᠡᠨ ᠨᠢ ᠢᠯᠡᠷᠬᠡᠶᠢᠯᠡᠭᠰᠡᠨ ᠪᠤᠢ︖ ᠶᠣᠬᠣᠸᠠ ᠶᠢᠨ ᠬᠠᠢᠷᠠᠲᠠᠢ ᠨᠢᠭᠡᠨ ᠲᠠᠭᠠᠯᠠᠯ ᠢᠶᠠᠨ ᠪᠠᠪᠢᠯᠣᠨ ᠳᠤ ᠪᠡᠶᠡᠯᠡᠭᠦᠯᠦᠨ᠎ᠡ ᠨᠢᠳᠤᠷᠭ᠎ᠠ ᠨᠢ ᠪᠠᠪᠢᠯᠣᠨᠴᠤᠳ ᠤᠨ ᠡᠰᠡᠷᠭᠦ ᠪᠠᠢᠨ᠎ᠠ᠃
15 ᠪᠢ᠂ ᠪᠢ ᠥᠪᠡᠷ ᠢᠶᠡᠨ ᠬᠡᠯᠡᠵᠦ ᠲᠡᠭᠦᠨ ᠢ ᠳᠠᠭᠤᠳᠠᠨ ᠠᠪᠴᠢᠷᠠᠭᠰᠠᠨ ᠲᠡᠭᠦᠨ ᠦ ᠵᠠᠮ ᠪᠠᠳᠠᠷᠠᠨ᠎ᠠ᠂
16 ᠲᠠ ᠨᠠᠷ ᠨᠠᠳᠠ ᠳᠤ ᠣᠢᠷᠠᠲᠤᠨ ᠢᠷᠡᠭᠡᠳ ᠰᠣᠨᠣᠰᠴᠠᠭ᠎ᠠ᠂ ᠡᠬᠢᠨ ᠡᠴᠡ ᠪᠡᠨ ᠪᠢ ᠨᠢᠭᠤᠴᠠ ᠪᠠᠷ ᠶᠠᠷᠢᠭ᠎ᠠ ᠦᠭᠡᠢ ᠪᠣᠯᠬᠤ ᠴᠠᠭ ᠠᠴᠠ ᠨᠢ ᠪᠢ ᠲᠡᠨᠳᠡ ᠪᠠᠢᠭᠰᠠᠨ ᠡᠳᠦᠭᠡ ᠡᠵᠡᠨ ᠶᠣᠬᠣᠸᠠ ᠪᠣᠯᠣᠨ ᠲᠡᠭᠦᠨ ᠦ ᠰᠦᠨᠡᠰᠦ ᠨᠠᠮᠠᠶᠢ ᠢᠯᠡᠭᠡᠯ᠎ᠡ᠃

17 ᠴᠢᠨᠦ ᠠᠪᠤᠷᠠᠭᠴᠢ᠂ ᠢᠰᠷᠧᠯ ᠤᠨ ᠠᠷᠢᠭᠤᠨ ᠨᠢᠭᠡᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 《ᠴᠢᠮ᠎ᠠ ᠳᠤ ᠲᠤᠰᠠᠲᠠᠢ ᠶᠢ ᠰᠤᠷᠭᠠᠭᠴᠢ ᠶᠠᠪᠤᠬᠤ ᠶᠣᠰᠣᠲᠠᠢ ᠵᠠᠮ ᠢᠶᠠᠷ ᠴᠢᠨᠢ ᠵᠠᠮᠴᠢᠯᠠᠭᠴᠢ ᠨᠢ ᠴᠢᠨᠦ ᠪᠤᠷᠬᠠᠨ ᠶᠣᠬᠣᠸᠠ ᠪᠢ ᠶᠤᠮ᠃
18 ᠥ᠂ ᠴᠢ ᠲᠤᠰᠢᠶᠠᠯ ᠤᠳ ᠲᠤ ᠮᠢᠨᠢ ᠠᠩ᠋ᠬᠠᠷᠤᠯ ᠲᠠᠯᠪᠢᠳᠠᠭ ᠴᠤ ᠪᠣᠯᠣᠭᠠᠰᠠᠢ ᠲᠡᠭᠡᠪᠡᠯ ᠠᠮᠤᠷ ᠠᠮᠤᠭᠤᠯᠠᠩ ᠴᠢᠨᠢ ᠭᠣᠣᠯ ᠮᠡᠲᠦ ᠵᠥᠪ ᠴᠢᠨᠢ ᠳᠠᠯᠠᠢ ᠶᠢᠨ ᠳᠠᠪᠠᠯᠭᠠᠨ ᠮᠡᠲᠦ ᠪᠠᠢᠬᠤ ᠰᠠᠨ
19 ᠦᠷ᠎ᠡ ᠤᠳᠤᠮ ᠴᠢᠨᠢ ᠡᠯᠡᠰᠦ ᠮᠡᠲᠦ᠂ ᠦᠷ᠎ᠡ ᠬᠡᠦᠬᠡᠳ ᠤᠳ ᠴᠢᠨᠢ ᠡᠯᠡᠰᠦᠨ ᠦ ᠮᠥᠬᠥᠯᠢᠭ ᠮᠡᠲᠦ ᠪᠠᠢᠬᠤ ᠰᠠᠨ ᠲᠡᠳᠡᠨ ᠦ ᠨᠡᠷᠡᠰ ᠣᠷᠣᠰᠢᠬᠤᠢ ᠠᠴᠠ ᠮᠢᠨᠢ ᠬᠡᠵᠢᠶ᠎ᠡ ᠴᠤ ᠲᠠᠰᠤᠯᠤᠭᠳᠠᠬᠤ ᠦᠭᠡᠢ᠂ ᠤᠰᠠᠳᠬᠤ ᠦᠭᠡᠢ ᠪᠠᠢᠬᠤ ᠰᠠᠨ᠃》
20 ᠣᠳᠣ ᠲᠠ ᠨᠠᠷ ᠪᠠᠪᠢᠯᠣᠨ ᠠᠴᠠ ᠭᠠᠷᠴᠤ ᠢᠷ᠎ᠡ ᠪᠠᠪᠢᠯᠣᠨᠴᠤᠳ ᠠᠴᠠ ᠵᠢᠭᠤᠲᠠ ᠪᠠᠶᠠᠷ ᠤᠨ ᠳᠠᠭᠤ ᠪᠠᠷ ᠲᠤᠩ᠋ᠬᠠᠭᠯᠠᠨ ᠳᠡᠯᠡᠬᠡᠢ ᠶᠢᠨ ᠬᠢᠵᠠᠭᠠᠷ ᠬᠦᠷᠲᠡᠯ᠎ᠡ 《ᠶᠣᠬᠣᠸᠠ ᠵᠠᠷᠤᠴᠠ ᠶᠠᠺᠣᠪ ᠢᠶᠠᠨ ᠵᠣᠯᠢᠨ ᠠᠪᠤᠯ᠎ᠠ》 ᠭᠡᠵᠦ ᠰᠣᠨᠣᠰᠬᠠᠨ ᠤᠯᠠᠮᠵᠢᠯᠠ᠃
21 ᠶᠣᠬᠣᠸᠠ ᠲᠡᠳᠡᠨ ᠢ ᠴᠥᠯ ᠢᠶᠡᠷ ᠬᠥᠲᠥᠯᠬᠦ ᠳᠦ ᠲᠡᠳᠡ ᠴᠠᠩ᠋ᠭᠠᠭᠰᠠᠨ ᠦᠭᠡᠢ ᠲᠡᠷᠡ ᠲᠡᠳᠡᠨ ᠦ ᠲᠥᠯᠥᠭᠡ ᠬᠠᠳᠠᠨ ᠠᠴᠠ ᠤᠰᠤ ᠤᠷᠤᠰᠬᠠᠵᠤ ᠬᠠᠳᠠ ᠶᠢ ᠬᠠᠭᠠᠯᠤᠨ ᠤᠰᠤ ᠣᠷᠭᠢᠯᠣᠭᠤᠯᠤᠭᠰᠠᠨ᠃
22 ᠬᠠᠷᠢᠨ 《ᠪᠤᠷᠤᠭᠤᠲᠠᠨ ᠳᠤ ᠠᠮᠤᠷ ᠠᠮᠤᠭᠤᠯᠠᠩ ᠪᠠᠢᠬᠤ ᠦᠭᠡᠢ》 ᠭᠡᠵᠦ ᠶᠣᠬᠣᠸᠠ ᠠᠢᠯᠠᠳᠤᠯ᠎ᠠ᠃