1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢᠨ ᠳᠥᠷᠪᠡ
 ᠰᠦᠨᠡᠰᠦᠨ ᠦ ᠴᠢᠳᠬᠤᠯᠲᠠ
1 ᠮᠢᠨᠦ ᠵᠠᠷᠤᠴᠠ ᠶᠠᠺᠣᠪ ᠡ ᠮᠢᠨᠦ ᠰᠣᠩ᠋ᠭᠣᠭᠰᠠᠨ ᠢᠰᠷᠧᠯ ᠡ᠂ ᠣᠳᠣ ᠰᠣᠨᠣᠰᠣᠭᠲᠤᠨ᠂
2 ᠴᠢᠮᠠᠶᠢ ᠪᠦᠲᠦᠭᠡᠵᠦ᠂ ᠴᠢᠮᠠᠶᠢ ᠡᠬᠡ ᠶᠢᠨ ᠬᠡᠪᠡᠯᠢ ᠡᠴᠡ ᠬᠡᠯᠪᠡᠷᠢᠵᠢᠭᠦᠯᠦᠭᠰᠡᠨ ᠶᠣᠬᠣᠸᠠ᠂ ᠴᠢᠮ᠎ᠠ ᠳᠤ ᠲᠤᠰᠠᠯᠠᠬᠤ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠦᠦ ᠠᠶᠤ᠂ ᠮᠢᠨᠦ ᠵᠠᠷᠤᠴᠠ ᠶᠠᠺᠣᠪ ᠡ ᠮᠢᠨᠦ ᠰᠣᠩ᠋ᠭᠣᠭᠰᠠᠨ ᠶᠧᠱᠦ᠋ᠷᠣᠨ ᠡ᠂
3 ᠪᠢ ᠴᠠᠩ᠋ᠭᠠᠭ᠎ᠠ ᠲᠠᠢ ᠶᠢᠨ ᠬᠢᠨᠢ ᠳᠡᠭᠡᠷ᠎ᠡ ᠤᠰᠤ ᠶᠢ ᠬᠠᠭᠤᠷᠠᠢ ᠶᠢᠨ ᠬᠢᠨᠢ ᠳᠡᠭᠡᠷ᠎ᠡ ᠤᠷᠤᠰᠬᠠᠯ ᠢ ᠴᠢᠳᠬᠤᠨ᠎ᠠ᠂ ᠪᠢ ᠦᠷ᠎ᠡ ᠬᠣᠢᠴᠢ ᠶᠢᠨ ᠴᠢᠨᠢ ᠳᠡᠭᠡᠷ᠎ᠡ ᠥᠪᠡᠷ ᠦᠨ ᠢᠶᠠᠨ ᠰᠦᠨᠡᠰᠦ ᠶᠢ ᠦᠷ᠎ᠡ ᠬᠡᠦᠬᠡᠳ ᠦᠨ ᠴᠢᠨᠢ ᠳᠡᠭᠡᠷ᠎ᠡ ᠥᠪᠡᠷ ᠦᠨ ᠢᠶᠠᠨ ᠢᠷᠥᠭᠡᠯ ᠢ ᠴᠢᠳᠬᠤᠨ᠎ᠠ᠂
4 ᠲᠡᠳᠡ ᠡᠪᠡᠰᠦ ᠨᠣᠭᠣᠭ᠎ᠠ ᠶᠢᠨ ᠳᠣᠲᠣᠷ᠎ᠠ ᠠᠴᠠ ᠤᠷᠤᠰᠬᠠᠯ ᠤᠰᠤᠨ ᠤ ᠬᠠᠵᠠᠭᠤ ᠳᠠᠬᠢ ᠤᠳᠠ ᠮᠣᠳᠣ ᠮᠡᠲᠦ ᠤᠷᠭᠤᠵᠤ᠂
5 ᠨᠢᠭᠡ ᠨᠢ᠄ 〈ᠪᠢ ᠶᠣᠬᠣᠸᠠ ᠶᠢᠨ ᠬᠢ〉 ᠭᠡᠵᠦ ᠨᠥᠭᠥᠭᠡ ᠨᠢ ᠶᠠᠺᠣᠪ ᠤᠨ ᠨᠡᠷ᠎ᠡ ᠪᠡᠷ ᠥᠪᠡᠷ ᠢ ᠪᠠᠨ ᠨᠡᠷᠡᠯᠡᠵᠦ ᠥᠭᠡᠷ᠎ᠡ ᠨᠢᠭᠡ ᠨᠢ ᠭᠠᠷ ᠳᠡᠭᠡᠷ᠎ᠡ ᠪᠡᠨ᠄ 〈ᠶᠣᠬᠣᠸᠠ ᠶᠢᠨ ᠬᠢ〉 ᠭᠡᠵᠦ ᠪᠢᠴᠢᠨ ᠢᠰᠷᠧᠯ ᠤᠨ ᠨᠡᠷ᠎ᠡ ᠪᠡᠷ ᠳᠠᠭᠤᠳᠠᠭᠤᠯᠤᠨ᠎ᠠ᠃》
 ᠠᠮᠢ ᠦᠭᠡᠢ ᠰᠢᠲᠦᠭᠡᠨ ᠨᠦᠭᠦᠳ
6 ᠢᠰᠷᠧᠯ ᠤᠨ ᠬᠠᠭᠠᠨ᠂ ᠲᠡᠭᠦᠨ ᠢ ᠵᠣᠯᠢᠭᠴᠢ ᠶᠣᠬᠣᠸᠠ᠂ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠢ ᠪᠣᠯ ᠡᠬᠢᠨ᠂ ᠪᠢ ᠪᠣᠯ ᠡᠴᠦᠰ ᠨᠠᠳᠠ ᠠᠴᠠ ᠥᠭᠡᠷ᠎ᠡ ᠪᠤᠷᠬᠠᠨ ᠭᠡᠵᠦ ᠦᠭᠡᠢ᠃
7 ᠬᠡᠨ ᠨᠠᠳᠠ ᠲᠠᠢ ᠠᠳᠠᠯᠢ ᠪᠠᠢᠨ᠎ᠠ︖ ᠲᠡᠷᠡ ᠲᠤᠩ᠋ᠬᠠᠭᠯᠠᠭ ᠥᠨᠢ ᠡᠷᠲᠡ ᠪᠢ ᠠᠷᠠᠳ ᠲᠦᠮᠡᠨ ᠢᠶᠡᠨ ᠲᠣᠮᠢᠯᠠᠭᠰᠠᠨ ᠠᠴᠠ ᠬᠣᠢᠰᠢ ᠶᠠᠭᠤ ᠪᠣᠯᠵᠤ ᠪᠠᠢᠭᠰᠠᠨ ᠢ ᠮᠢᠨᠦ ᠡᠮᠦᠨ᠎ᠡ ᠲᠣᠳᠣᠷᠬᠠᠢᠯᠠᠵᠤ ᠢᠯᠡᠷᠬᠡᠶᠢᠯᠡᠭ ᠶᠠᠭᠤ ᠪᠣᠯᠵᠤ ᠪᠠᠢᠭ᠎ᠠ ᠶᠢ᠂ ᠶᠠᠭᠤ ᠪᠣᠯᠬᠤ ᠶᠢ ᠴᠤ ᠢᠯᠡᠷᠬᠡᠶᠢᠯᠡᠭ᠃
8 ᠲᠠ ᠨᠠᠷ ᠪᠦᠦ ᠰᠦᠷᠳᠡ᠂ ᠪᠦᠦ ᠰᠠᠨᠳᠤᠷ᠂ ᠡᠷᠲᠡᠨ ᠡᠴᠡ ᠪᠢ ᠴᠢᠮ᠎ᠠ ᠳᠤ ᠡᠭᠦᠨ ᠢ ᠰᠣᠨᠣᠰᠬᠠᠵᠤ᠂ ᠢᠯᠡᠷᠬᠡᠶᠢᠯᠡᠭᠰᠡᠨ ᠪᠢᠰᠢ ᠤᠤ︖ ᠲᠠ ᠨᠠᠷ ᠪᠣᠯ ᠮᠢᠨᠦ ᠭᠡᠷᠡᠴᠢ ᠶᠤᠮ᠂ ᠨᠠᠳᠠ ᠠᠴᠠ ᠥᠭᠡᠷ᠎ᠡ ᠪᠤᠷᠬᠠᠨ ᠭᠡᠵᠦ ᠪᠠᠢᠨ᠎ᠠ ᠤᠤ︖ ᠦᠭᠡᠢ᠂ ᠥᠭᠡᠷ᠎ᠡ ᠬᠠᠳᠠ ᠦᠭᠡᠢ ᠥᠭᠡᠷ᠎ᠡ ᠬᠡᠨ ᠢ ᠴᠤ ᠪᠢ ᠮᠡᠳᠡᠳᠡᠭ ᠦᠭᠡᠢ᠃》

9 ᠬᠥᠷᠥᠭ ᠦᠢᠯᠡᠳᠦᠭᠴᠢ ᠪᠦᠭᠦᠳᠡ ᠬᠣᠭᠣᠰᠣᠨ᠃ ᠲᠠᠭᠠᠯᠠᠳᠠᠭ ᠵᠦᠢᠯᠡᠰ ᠨᠢ ᠬᠡᠷᠡᠭ ᠦᠭᠡᠢ᠂ ᠲᠡᠳᠡᠭᠡᠷ ᠢ ᠥᠮᠥᠭᠯᠡᠭᠴᠢ ᠨᠢ ᠥᠪᠡᠷ ᠢᠶᠡᠨ ᠴᠤ ᠬᠠᠷᠠᠭ᠎ᠠ ᠦᠭᠡᠢ᠂ ᠮᠡᠳᠡᠭᠡ ᠦᠭᠡᠢ ᠪᠣᠯᠬᠣᠷ ᠢᠴᠢᠭᠦᠷᠢ ᠳᠤ ᠣᠷᠣᠬᠤ ᠪᠣᠯᠣᠨ᠎ᠠ᠃ 10 ᠬᠡᠷᠡᠭ ᠦᠭᠡᠢ ᠪᠤᠷᠬᠠᠳ᠂ ᠴᠢᠳᠬᠤᠮᠠᠯ ᠰᠢᠲᠦᠭᠡᠨ ᠢ ᠬᠡᠨ ᠦᠢᠯᠡᠳᠳᠡᠭ ᠪᠤᠢ︖ 11 ᠬᠠᠷᠠ᠂ ᠲᠡᠳᠡᠨ ᠦ ᠬᠠᠮᠰᠠᠭᠠᠲᠠᠨ ᠪᠦᠭᠦᠳᠡᠭᠡᠷ ᠢᠶᠡᠨ ᠢᠴᠢᠬᠦ ᠪᠣᠯᠣᠨ᠎ᠠ᠂ ᠳᠠᠷᠬᠠᠳ ᠨᠢ ᠴᠤ ᠬᠥᠮᠦᠨ ᠯᠠ ᠶᠤᠮ᠂ ᠲᠡᠳᠡ ᠪᠦᠭᠦᠳᠡ ᠴᠤᠭᠯᠠᠷᠠᠵᠤ ᠵᠣᠭᠰᠣᠭ᠂ ᠲᠡᠳᠡ ᠲᠦᠭᠰᠢᠵᠦ᠂ ᠪᠦᠭᠦᠳᠡᠭᠡᠷ ᠢᠶᠡᠨ ᠢᠴᠢᠬᠦ ᠪᠣᠯᠣᠨ᠎ᠠ᠃

12 ᠲᠡᠮᠦᠷ ᠦᠨ ᠳᠠᠷᠬᠠᠨ ᠪᠠᠭᠠᠵᠢ ᠪᠠᠷᠢᠨ᠂ ᠲᠡᠮᠦᠷ ᠢᠶᠡᠨ ᠨᠡᠭᠦᠷᠡᠰᠦᠨ ᠳᠡᠭᠡᠷ᠎ᠡ ᠳᠠᠪᠲᠠᠵᠤ᠂ ᠠᠯᠤᠬ᠎ᠠ ᠪᠠᠷ ᠬᠡᠯᠪᠡᠷᠢᠵᠢᠭᠦᠯᠦᠨ᠂ ᠭᠠᠷ ᠤᠨ ᠢᠶᠠᠨ ᠬᠦᠴᠦ ᠪᠡᠷ ᠰᠢᠲᠦᠭᠡᠨ ᠦᠢᠯᠡᠳᠳᠡᠭ᠃ ᠲᠡᠷᠡ ᠪᠠᠰᠠ ᠥᠯᠥᠰᠴᠦ ᠲᠠᠮᠢᠷᠳᠠᠨ᠎ᠠ᠂ ᠤᠰᠤ ᠤᠮᠳᠠ ᠦᠭᠡᠢ ᠪᠣᠯ ᠶᠠᠳᠠᠷᠠᠨ᠎ᠠ᠃ 13 ᠮᠣᠳᠣᠨ ᠳᠠᠷᠬᠠᠨ ᠱᠤᠭᠤᠮ ᠲᠠᠲᠠᠵᠤ᠂ ᠴᠣᠬᠣᠢ ᠪᠠᠷ ᠲᠡᠮᠳᠡᠭ ᠲᠠᠯᠪᠢᠵᠤ᠂ ᠬᠠᠷᠤᠭᠤᠯ ᠢᠶᠠᠷ ᠥᠭᠡᠯᠡᠵᠦ᠂ ᠭᠣᠷᠲᠢᠭ ᠢᠶᠠᠷ ᠲᠡᠮᠳᠡᠭ ᠲᠠᠯᠪᠢᠵᠤ᠂ ᠬᠥᠮᠦᠨ ᠦ ᠠᠯᠳᠠᠷ ᠪᠦᠬᠦᠢ ᠬᠥᠮᠦᠨ ᠳᠦᠷᠰᠦᠲᠡᠨ ᠢ ᠬᠢᠵᠦ ᠳᠤᠭᠠᠩ ᠳᠤ ᠲᠠᠯᠪᠢᠳᠠᠭ᠃ 14 ᠡᠭᠦᠨ ᠦ ᠲᠥᠯᠥᠭᠡ ᠲᠡᠷᠡ ᠪᠡᠷ ᠬᠤᠱᠢ ᠮᠣᠳᠣ ᠶᠢ ᠳᠠᠭᠠᠷᠢᠳᠠᠭ᠂ ᠨᠠᠷᠠᠰᠤ᠂ ᠴᠠᠷᠠᠰᠤ ᠶᠢ ᠰᠣᠩ᠋ᠭᠣᠵᠤ ᠣᠢ ᠶᠢᠨ ᠮᠣᠳᠣᠳ ᠤᠨ ᠳᠤᠮᠳᠠ ᠤᠷᠭᠤᠭᠤᠯᠳᠠᠭ᠂ ᠡᠰᠡᠪᠡᠯ ᠬᠤᠱᠢ ᠮᠣᠳᠣ ᠲᠠᠷᠢᠵᠤ ᠬᠤᠷ᠎ᠠ ᠪᠣᠷᠣᠭᠠᠨ ᠢᠶᠠᠷ ᠤᠷᠭᠤᠭᠤᠯᠳᠠᠭ᠃ 15 ᠲᠡᠳᠡᠭᠡᠷ ᠨᠢ ᠬᠥᠮᠦᠨ ᠦ ᠲᠦᠯᠡᠰᠢ ᠴᠤ ᠪᠣᠯᠳᠠᠭ᠃ ᠬᠥᠮᠦᠨ ᠵᠠᠷᠢᠮ ᠢ ᠨᠢ ᠠᠪᠴᠤ ᠪᠡᠶ᠎ᠡ ᠪᠡᠨ ᠳᠤᠯᠠᠭᠠᠴᠠᠭᠤᠯᠵᠤ᠂ ᠭᠠᠯ ᠥᠷᠳᠡᠨ ᠪᠣᠣᠪᠣ ᠬᠢᠬᠦ ᠶᠢᠨ ᠬᠠᠵᠠᠭᠤ ᠪᠠᠷ ᠪᠤᠷᠬᠠᠳ ᠬᠢᠵᠦ᠂ ᠲᠡᠭᠦᠨ ᠳᠡᠭᠡᠨ ᠮᠥᠷᠭᠥᠳᠡᠭ᠂ ᠪᠠᠰᠠ ᠰᠢᠲᠦᠭᠡᠨ ᠦᠢᠯᠡᠳᠴᠦ ᠲᠡᠭᠦᠨ ᠦ ᠪᠠᠨ ᠡᠮᠦᠨ᠎ᠡ ᠪᠥᠬᠥᠢᠳᠡᠭ᠃ 16 ᠬᠠᠭᠠᠰ ᠢᠶᠠᠷ ᠨᠢ ᠲᠡᠷᠡ ᠭᠠᠯ ᠲᠦᠯᠡᠵᠦ᠂ ᠡᠭᠦᠪᠡᠷ ᠪᠠᠰᠠ ᠮᠢᠬ᠎ᠠ ᠰᠢᠷᠠᠭᠠᠳ᠂ ᠴᠠᠳᠲᠠᠯ᠎ᠠ ᠪᠠᠨ ᠢᠳᠡᠳᠡᠭ᠂ ᠪᠠᠰᠠ 〈ᠳᠤᠯᠠᠭᠠᠬᠠᠨ ᠪᠠᠢᠨ᠎ᠠ᠂ ᠪᠢ ᠭᠠᠯ ᠦᠵᠡᠯ᠎ᠡ〉 ᠭᠡᠳ ᠪᠡᠶ᠎ᠡ ᠪᠡᠨ ᠳᠤᠯᠠᠭᠠᠴᠠᠳᠠᠭ᠃ 17 ᠬᠠᠷᠢᠨ ᠦᠯᠡᠳᠡᠪᠦᠷᠢ ᠪᠠᠷ ᠨᠢ ᠲᠡᠷᠡ ᠬᠥᠷᠥᠭ᠂ ᠪᠤᠷᠬᠠᠳ ᠬᠢᠵᠦ᠂ ᠲᠡᠭᠦᠨ ᠦ ᠪᠠᠨ ᠡᠮᠦᠨ᠎ᠡ ᠪᠥᠬᠥᠢᠨ ᠮᠥᠷᠭᠥᠵᠦ᠂ ᠲᠡᠭᠦᠨ ᠳᠡᠭᠡᠨ ᠳᠠᠭᠠᠳᠬᠠᠨ᠄ 《ᠲᠠ ᠪᠣᠯ ᠮᠢᠨᠦ ᠪᠤᠷᠬᠠᠨ᠂ ᠨᠠᠮᠠᠶᠢ ᠠᠪᠤᠷᠠᠭᠠᠴᠢ》 ᠭᠡᠨ᠎ᠡ᠃

18 ᠲᠡᠳᠡ ᠮᠡᠳᠡᠳᠡᠭ ᠦᠭᠡᠢ᠂ ᠣᠢᠯᠠᠭᠠᠳᠠᠭ ᠦᠭᠡᠢ᠃ ᠨᠢᠳᠦ ᠨᠢ ᠪᠦᠲᠡᠭᠡᠭᠳᠡᠭᠰᠡᠨ ᠲᠤᠯᠠ ᠬᠠᠷᠠᠵᠤ ᠴᠢᠳᠠᠳᠠᠭ ᠦᠭᠡᠢ᠂ ᠰᠠᠨᠠᠭ᠎ᠠ ᠨᠢ ᠪᠦᠳᠡᠭᠢ ᠪᠣᠯᠬᠣᠷ ᠤᠬᠠᠭᠠᠷᠠᠵᠤ ᠴᠢᠳᠠᠬᠤ ᠦᠭᠡᠢ᠃ 19 ᠲᠡᠳᠡ ᠪᠣᠳᠣᠯ ᠢᠶᠠᠨ ᠡᠷᠭᠢᠭᠦᠯᠳᠡᠭ ᠦᠭᠡᠢ᠂ ᠮᠡᠳᠡᠯᠭᠡ ᠦᠭᠡᠢ᠂ ᠣᠢᠯᠠᠭᠠᠯᠲᠠ ᠴᠤ ᠦᠭᠡᠢ ᠪᠣᠯᠬᠣᠷ 《ᠪᠢ ᠡᠭᠦᠨ ᠦ ᠬᠠᠭᠠᠰ ᠢ ᠭᠠᠯ ᠳᠤ ᠲᠦᠯᠡᠭᠰᠡᠨ᠂ ᠨᠡᠭᠦᠷᠡᠰᠦᠨ ᠳᠡᠭᠡᠷ᠎ᠡ ᠨᠢ ᠪᠣᠣᠪᠣ ᠬᠢᠵᠦ᠂ ᠮᠢᠬ᠎ᠠ ᠰᠢᠷᠠᠵᠤ ᠢᠲᠠᠯ᠎ᠠ᠂ ᠦᠯᠡᠳᠡᠭᠰᠡᠨ ᠢᠶᠡᠷ ᠨᠢ ᠪᠢ 〈ᠵᠢᠭᠰᠢᠭᠦᠷᠢ 18 〉 ᠶᠢ ᠪᠦᠲᠦᠭᠡᠵᠦ᠂ ᠡᠨᠡ ᠮᠣᠳᠣᠨ ᠲᠠᠭᠠᠷᠢᠳᠠᠰᠤᠨ ᠤ ᠡᠮᠦᠨ᠎ᠡ ᠮᠥᠷᠭᠥᠶ᠎ᠡ》 ᠭᠡᠨ᠎ᠡ᠂ 20 ᠲᠡᠷᠡ ᠦᠨᠡᠰᠦ ᠪᠡᠷ ᠬᠦᠨᠡᠰᠦ ᠪᠣᠯᠭᠠᠵᠤ ᠪᠠᠢᠨ᠎ᠠ︕ ᠮᠡᠬᠡᠯᠡᠭᠳᠡᠭᠰᠡᠨ ᠰᠡᠳᠬᠢᠯ ᠨᠢ ᠡᠵᠡᠨ ᠢᠶᠡᠨ ᠲᠥᠭᠡᠷᠢᠭᠦᠯᠵᠡᠢ᠃ ᠲᠡᠷᠡ ᠠᠮᠢ ᠪᠠᠨ ᠠᠪᠤᠷᠠᠵᠤ ᠦᠯᠦ ᠴᠢᠳᠠᠨ᠎ᠠ᠂ ᠲᠡᠷᠡ 《ᠪᠠᠷᠠᠭᠤᠨ ᠭᠠᠷ ᠲᠤ ᠮᠢᠨᠢ ᠪᠠᠢᠭ᠎ᠠ ᠶᠠᠭᠤᠮ᠎ᠠ ᠬᠠᠭᠤᠷᠮᠠᠭ ᠪᠢᠰᠢ ᠤᠤ︖》 ᠭᠡᠵᠦ ᠪᠣᠳᠣᠵᠤ ᠴᠢᠳᠠᠳᠠᠭ ᠦᠭᠡᠢ᠃

21 《ᠴᠢ ᠮᠢᠨᠦ ᠵᠠᠷᠤᠴᠠ ᠭᠡᠳᠡᠭ ᠢᠶᠡᠨ ᠰᠠᠨᠠᠵᠤ ᠶᠠᠪᠤ᠂ ᠶᠠᠺᠣᠪ ᠡ᠂ ᠪᠢ ᠴᠢᠮᠠᠶᠢ ᠪᠦᠲᠦᠭᠡᠭᠰᠡᠨ᠂ ᠢᠰᠷᠧᠯ ᠡ᠂ ᠴᠢ ᠮᠢᠨᠦ ᠵᠠᠷᠤᠴᠠ ᠪᠢ ᠴᠢᠮᠠᠶᠢ ᠮᠠᠷᠲᠠᠬᠤ ᠦᠭᠡᠢ᠂ ᠢᠰᠷᠧᠯ ᠡ᠂
22 ᠥᠳᠬᠡᠨ ᠡᠭᠦᠯᠡ ᠮᠡᠲᠦ ᠭᠡᠮ ᠢ ᠴᠢᠨᠢ ᠥᠷᠯᠥᠭᠡᠨ ᠦ ᠮᠠᠨᠠᠨ ᠮᠡᠲᠦ ᠨᠢᠭᠦᠯ ᠢ ᠴᠢᠨᠢ ᠪᠢ ᠠᠷᠢᠯᠭᠠᠭᠰᠠᠨ ᠴᠢ ᠨᠠᠳᠠ ᠤᠷᠤᠭᠤ ᠡᠷᠭᠢ ᠪᠢ ᠴᠢᠮᠠᠶᠢ ᠵᠣᠯᠢᠵᠤ ᠠᠪᠤᠭᠰᠠᠨ᠃》
23 ᠶᠣᠬᠣᠸᠠ ᠡᠭᠦᠨ ᠢ ᠬᠢᠭᠰᠡᠨ᠂ ᠳᠠᠭᠤᠯᠠᠭᠲᠤᠨ᠂ ᠲᠩᠷᠢ ᠡ᠂ ᠳᠠᠭᠤ ᠪᠠᠨ ᠥᠨᠳᠥᠷᠰᠡᠭᠡ᠂ ᠳᠣᠣᠷ᠎ᠠ ᠳᠡᠯᠡᠬᠡᠢ ᠡ᠂ ᠶᠣᠬᠣᠸᠠ ᠶᠠᠺᠣᠪ ᠢ ᠠᠪᠤᠷᠠᠭᠰᠠᠨ᠂ ᠢᠰᠷᠧᠯ ᠳᠤ ᠲᠡᠷᠡ ᠠᠯᠳᠠᠷᠰᠢᠬᠤ ᠪᠣᠯᠣᠨ᠎ᠠ᠂ ᠤᠤᠬᠠᠢᠯᠠᠨ ᠳᠠᠭᠤᠯᠠᠭᠲᠤᠨ᠂ ᠠᠭᠤᠯᠠᠰ᠂ ᠣᠢ ᠬᠢᠭᠡᠳ ᠲᠡᠭᠦᠨ ᠦ ᠳᠣᠲᠣᠷᠠᠬᠢ ᠪᠦᠬᠦ ᠮᠣᠳᠣ ᠡ᠃
 ᠰᠡᠷᠭᠦᠭᠡᠭᠴᠢ ᠲᠣᠮᠢᠯᠠᠭᠳᠠᠪᠠ
24 ᠴᠢᠨᠦ ᠠᠪᠤᠷᠠᠭᠴᠢ᠂ ᠴᠢᠮᠠᠶᠢ ᠡᠬᠡ ᠶᠢᠨ ᠬᠡᠪᠡᠯᠢ ᠳᠤ ᠬᠡᠯᠪᠡᠷᠢᠵᠢᠭᠦᠯᠦᠭᠰᠡᠨ ᠶᠣᠬᠣᠸᠠ ᠡᠭᠦᠨ ᠢ ᠠᠢᠯᠠᠳᠴᠤ ᠪᠠᠢᠨ᠎ᠠ᠄ 《ᠪᠢ ᠪᠦᠬᠦᠨ ᠢ ᠪᠦᠲᠦᠭᠡᠭᠰᠡᠨ ᠶᠣᠬᠣᠸᠠ ᠪᠢ ᠥᠪᠡᠷ ᠢᠶᠡᠨ ᠲᠩᠷᠢ ᠶᠢ ᠰᠤᠩ᠋ᠭᠠᠵᠤ ᠭᠠᠭᠴᠠᠭᠠᠷ ᠢᠶᠠᠨ ᠳᠡᠯᠡᠬᠡᠢ ᠶᠢ ᠳᠡᠯᠭᠡᠭᠰᠡᠨ᠃
25 ᠪᠢ ᠬᠠᠭᠤᠷᠮᠠᠴᠢᠳ ᠤᠨ ᠲᠡᠮᠳᠡᠭ ᠢ ᠬᠣᠭᠣᠰᠣᠨ ᠪᠣᠯᠭᠠᠵᠤ ᠮᠡᠷᠭᠡᠴᠢᠳ ᠢ ᠪᠠᠰᠤᠮᠵᠢᠯᠠᠨ ᠮᠡᠷᠭᠡᠳ ᠢ ᠪᠤᠴᠠᠭᠠᠨ ᠮᠡᠳᠡᠯᠭᠡ ᠶᠢ ᠨᠢ ᠮᠤᠩ᠋ᠬᠠᠭᠯᠠᠯ ᠪᠣᠯᠭᠠᠳᠠᠭ᠃
26 ᠭᠡᠪᠡᠴᠦ ᠪᠢ ᠵᠠᠷᠤᠴᠠ ᠨᠠᠷ ᠤᠨ ᠢᠶᠠᠨ ᠦᠭᠡ ᠶᠢ ᠪᠠᠲᠤᠯᠠᠵᠤ ᠡᠯᠴᠢᠳ ᠤᠨ ᠢᠶᠠᠨ ᠵᠥᠪᠯᠡᠯᠭᠡ ᠶᠢ ᠪᠡᠶᠡᠯᠡᠭᠦᠯᠳᠡᠭ ᠪᠢ ᠶᠧᠷᠦ᠋ᠰᠠᠯᠧᠮ ᠳᠤ᠄ 〈ᠴᠢ ᠰᠠᠭᠤᠭᠠᠯᠢᠴᠢᠳ ᠲᠠᠢ ᠪᠣᠯᠣᠨ᠎ᠠ〉 ᠭᠡᠳ ᠶᠦᠳᠠ ᠶᠢᠨ ᠬᠣᠲᠠ ᠲᠣᠰᠬᠣᠳ ᠲᠤ᠄ 〈ᠲᠠ ᠨᠠᠷ ᠰᠡᠷᠭᠦᠭᠡᠭᠳᠡᠨ᠎ᠡ〉 ᠭᠡᠵᠦ᠂ ᠪᠠᠯᠭᠠᠰᠤ ᠨᠤᠭᠤᠳ ᠤᠨ ᠲᠤᠬᠠᠢ 〈ᠪᠢ ᠰᠡᠷᠭᠦᠭᠡᠨ᠎ᠡ〉 ᠭᠡᠳᠡᠭ᠃
27 ᠪᠢ ᠲᠠᠩᠭᠢᠰ ᠤᠨ ᠭᠦᠨ ᠳᠦ 〈ᠬᠠᠲᠠᠭᠲᠤᠨ᠂ ᠪᠢ ᠤᠷᠤᠰᠬᠠᠯ ᠤᠳ ᠢ ᠴᠢᠨᠢ ᠰᠢᠷᠭᠢᠭᠡᠨ᠎ᠡ〉 ᠭᠡᠵᠦ᠂
28 ᠺᠦᠷᠣᠰ ᠤᠨ ᠲᠤᠬᠠᠢ᠄ 〈ᠲᠡᠷᠡ ᠮᠢᠨᠦ ᠬᠣᠨᠢᠴᠢᠨ ᠪᠦᠬᠦ ᠬᠦᠰᠡᠯ ᠢ ᠮᠢᠨᠢ ᠭᠦᠢᠴᠡᠳᠬᠡᠨ᠎ᠡ᠂ ᠲᠡᠷᠡ ᠪᠡᠷ ᠶᠧᠷᠦ᠋ᠰᠠᠯᠧᠮ ᠳᠤ 〈ᠴᠢ ᠰᠡᠷᠭᠦᠭᠡᠭᠳᠡᠨ᠎ᠡ〉 ᠥᠷᠭᠥᠭᠡᠨ ᠦ ᠲᠤᠬᠠᠢ᠄ 〈ᠰᠠᠭᠤᠷᠢ ᠴᠢᠨᠢ ᠲᠠᠯᠪᠢᠭᠳᠠᠨ᠎ᠠ〉 ᠭᠡᠬᠦ ᠪᠣᠯᠣᠨ᠎ᠠ》 ᠭᠡᠳᠡᠭ᠃