ᠢᠰᠠᠢᠶ᠎ᠠ ᠬᠣᠷᠢᠨ ᠳᠥᠷᠪᠡ
ᠪᠦᠬᠦ ᠳᠡᠯᠡᠬᠡᠢ ᠶᠢᠨ ᠬᠦᠯᠢᠶᠡᠬᠦ ᠰᠢᠳᠬᠡᠯ
1 ᠬᠠᠷ᠎ᠠ᠂ ᠶᠣᠬᠣᠸᠠ ᠭᠠᠵᠠᠷ ᠢ ᠬᠣᠭᠣᠰᠣᠷᠠᠭᠤᠯᠤᠨ᠂ ᠲᠡᠭᠦᠨ ᠢ ᠡᠵᠡᠭᠦᠢᠷᠡᠭᠦᠯᠬᠦ ᠪᠡᠷ ᠪᠠᠢᠨ᠎ᠠ᠃ ᠭᠠᠵᠠᠷ ᠤᠨ ᠭᠠᠳᠠᠷᠭᠤ ᠶᠢ ᠤᠷᠪᠠᠭᠤᠯᠵᠤ᠂ ᠰᠠᠭᠤᠭᠠᠯᠢᠴᠢᠳ ᠢ ᠨᠢ ᠰᠠᠷᠨᠢᠭᠤᠯᠤᠨᠠ᠂ 2 ᠠᠷᠠᠳ ᠲᠦᠮᠡᠨ ᠲᠠᠬᠢᠯᠴᠢ ᠢᠯᠭᠠᠭ᠎ᠠ ᠦᠭᠡᠢ᠂ ᠪᠣᠭᠣᠯ ᠡᠵᠡᠨ ᠢᠯᠭᠠᠭ᠎ᠠ ᠦᠭᠡᠢ᠂ ᠰᠢᠪᠡᠭᠴᠢᠨ ᠬᠠᠲᠤᠭᠲᠠᠢ ᠢᠯᠭᠠᠭ᠎ᠠ ᠦᠭᠡᠢ᠂ ᠬᠤᠳᠠᠯᠳᠤᠭᠴᠢ ᠬᠤᠳᠠᠯᠳᠤᠨ ᠠᠪᠤᠭᠴᠢ ᠢᠯᠭᠠᠭ᠎ᠠ ᠦᠭᠡᠢ᠂ ᠵᠢᠭᠡᠯᠡᠭᠦᠯᠦᠭᠴᠢ ᠵᠢᠭᠡᠯᠡᠭᠴᠢ ᠢᠯᠭᠠᠭ᠎ᠠ ᠦᠭᠡᠢ᠂ ᠥᠷᠢᠲᠡᠨ ᠠᠪᠴᠠᠭᠠᠲᠠᠨ ᠢᠯᠭᠠᠭ᠎ᠠ ᠦᠭᠡᠢ ᠪᠠᠢᠬᠤ ᠪᠣᠯᠣᠨ᠎ᠠ᠃ 3 ᠭᠠᠵᠠᠷ ᠪᠦᠷᠢᠮᠦᠰᠦᠨ ᠬᠣᠭᠣᠰᠣᠷᠠᠵᠤ᠂ ᠪᠦᠷᠢᠮᠦᠰᠦᠨ ᠲᠣᠨᠣᠭᠳᠠᠨᠠ᠂ ᠡᠨᠡ ᠦᠭᠡ ᠶᠢ ᠶᠣᠬᠣᠸᠠ ᠠᠢᠯᠠᠳᠤᠭᠰᠠᠨ ᠶᠤᠮ᠃ 4 ᠭᠠᠵᠠᠷ ᠬᠠᠲᠠᠵᠤ ᠭᠠᠩᠳᠠᠨ᠎ᠠ᠂ ᠶᠢᠷᠲᠢᠨᠴᠦ ᠬᠣᠷᠪᠣᠢᠨ ᠭᠠᠩᠳᠠᠨ᠎ᠠ᠂ ᠭᠠᠵᠠᠷ ᠤᠨ ᠠᠯᠳᠠᠷᠲᠠᠳ ᠳᠣᠷᠣᠢᠲᠠᠨ᠎ᠠ᠃ 5 ᠭᠠᠵᠠᠷ ᠰᠠᠭᠤᠭᠠᠯᠢᠴᠢᠳ ᠤᠨ ᠢᠶᠠᠨ ᠳᠣᠣᠷ᠎ᠠ ᠪᠤᠵᠠᠷᠲᠤᠭᠰᠠᠨ ᠨᠢ ᠲᠡᠳᠡ ᠬᠠᠤᠯᠢ ᠡᠴᠡ ᠳᠠᠪᠠᠵᠤ᠂ ᠲᠣᠭᠲᠠᠭᠠᠯ ᠢ ᠵᠥᠷᠢᠴᠡᠵᠦ᠂ ᠮᠥᠩᠬᠡ ᠶᠢᠨ ᠭᠡᠷ᠎ᠡ ᠶᠢ ᠴᠤᠴᠠᠯᠤᠭᠰᠠᠨ ᠤ ᠤᠴᠢᠷ ᠶᠤᠮ᠃ 6 ᠡᠢᠮᠦ ᠡᠴᠡ ᠭᠠᠵᠠᠷ ᠬᠠᠷᠢᠶᠠᠯ ᠳᠤ ᠢᠳᠡᠭᠳᠡᠵᠦ᠂ ᠰᠠᠭᠤᠭᠠᠯᠢᠴᠢᠳ ᠨᠢ ᠶᠠᠯ᠎ᠠ ᠬᠦᠯᠢᠶᠡᠪᠡ᠃ ᠭᠠᠵᠠᠷ ᠤᠨ ᠰᠠᠭᠤᠭᠠᠯᠢᠴᠢᠳ ᠰᠢᠲᠠᠭᠠᠭᠳᠠᠵᠤ᠂ ᠴᠥᠭᠡᠨ ᠯᠠ ᠦᠯᠡᠳᠡᠪᠡ᠃
7 ᠳᠠᠷᠠᠰᠤ ᠬᠠᠲᠠᠵᠤ ᠦᠵᠦᠮ ᠦᠨ ᠮᠣᠳᠣ ᠨᠢ ᠭᠠᠩᠳᠠᠨ᠎ᠠ ᠨᠠᠷᠭᠢᠭᠴᠢ ᠪᠦᠬᠦᠨ ᠭᠠᠰᠠᠯᠤᠨ᠎ᠠ᠂
8 ᠪᠥᠮᠪᠥᠷ ᠦᠨ ᠬᠥᠭᠵᠢᠶᠡᠨ ᠳᠠᠭᠤᠰᠴᠤ ᠴᠡᠩᠭᠡᠯᠳᠦᠭᠴᠢᠳ ᠤᠨ ᠱᠤᠤᠭᠢᠶᠠᠨ ᠵᠣᠭᠰᠣᠵᠤ ᠶᠠᠲᠤᠭ᠎ᠠ ᠶᠢᠨ ᠬᠥᠭᠵᠢᠶᠡᠨᠲᠦ ᠠᠶᠠᠯᠭᠤ ᠳᠠᠭᠤᠰᠪᠠ᠃
9 ᠲᠡᠳᠡ ᠳᠠᠭᠤᠤ ᠳᠠᠭᠤᠯᠠᠨ ᠳᠠᠷᠠᠰᠤ ᠤᠤᠭᠤᠳᠠᠭ ᠢᠶᠠᠨ ᠪᠣᠯᠢᠨ᠎ᠠ ᠠᠷᠢᠬᠢ ᠤᠤᠭᠤᠬᠤ ᠳᠤ ᠠᠮᠲᠠ ᠨᠢ ᠭᠠᠰᠢᠭᠤᠨ ᠪᠣᠯᠣᠨ᠎ᠠ᠃
10 ᠰᠠᠮᠠᠭᠤᠷᠠᠭᠰᠠᠨ ᠬᠣᠲᠠ ᠰᠦᠢᠷᠡᠪᠡ ᠭᠡᠷ ᠪᠣᠯᠭᠠᠨ ᠬᠠᠭᠠᠭᠳᠠᠵᠤ᠂ ᠣᠷᠣᠬᠤ ᠬᠥᠮᠦᠨ ᠦᠭᠡᠢ ᠪᠣᠯᠣᠨ᠎ᠠ᠃
11 ᠭᠤᠳᠤᠮᠵᠢᠨ ᠳᠤ ᠦᠵᠦᠮ ᠬᠠᠢᠬᠤ ᠬᠠᠰᠬᠢᠷᠤᠭᠠᠨ ᠭᠠᠷᠴᠤ ᠪᠦᠬᠦ ᠪᠠᠶᠠᠰᠬᠤᠯᠠᠩ ᠪᠥᠬᠥᠵᠦ ᠭᠠᠵᠠᠷ ᠤᠨ ᠪᠠᠶᠠᠷ ᠬᠥᠷ ᠠᠷᠢᠯᠪᠠ᠃
12 ᠬᠣᠲᠠ ᠨᠢ ᠬᠣᠭᠣᠰᠣᠷᠠᠵᠤ ᠬᠠᠶᠠᠭᠳᠠᠨ ᠬᠠᠭᠠᠯᠭ᠎ᠠ ᠨᠢ ᠴᠣᠬᠢᠭᠳᠠᠨ ᠡᠪᠳᠡᠷᠡᠵᠡᠢ᠃
13 ᠭᠠᠵᠠᠷ ᠤᠨ ᠳᠤᠮᠳᠠ ᠦᠨᠳᠦᠰᠦᠲᠡᠨ ᠨᠦᠭᠦᠳ ᠦᠨ ᠳᠣᠲᠣᠷ᠎ᠠ ᠡᠢᠮᠦ ᠪᠣᠯᠣᠨ᠎ᠠ᠂ ᠴᠢᠳᠦᠨ ᠮᠣᠳᠣ ᠶᠢ ᠰᠡᠭᠰᠦᠷᠬᠦ ᠰᠢᠭ᠂ ᠦᠵᠦᠮ ᠬᠤᠷᠢᠶᠠᠯᠲᠠ ᠶᠢᠨ ᠳᠠᠷᠠᠭ᠎ᠠ ᠦᠵᠦᠮ ᠲᠡᠭᠦᠬᠦ ᠰᠢᠭ ᠪᠣᠯᠣᠨ᠎ᠠ᠃
14 ᠲᠡᠳᠡ ᠳᠠᠭᠤ ᠪᠠᠨ ᠡᠷᠭᠦᠵᠦ᠂ ᠶᠣᠬᠣᠸᠠ ᠶᠢᠨ ᠰᠦᠷ ᠵᠢᠪᠬᠤᠯᠠᠩ ᠢ ᠪᠠᠬᠠᠳᠤᠨ ᠳᠠᠭᠤᠯᠠᠨ᠎ᠠ᠃ ᠲᠡᠳᠡ ᠥᠷᠥᠨ᠎ᠡ ᠵᠦᠭ ᠡᠴᠡ ᠤᠤᠬᠠᠢᠯᠠᠨᠠ᠃
15 ᠲᠡᠢᠮᠦ ᠡᠴᠡ ᠲᠠ ᠨᠠᠷ ᠳᠣᠷᠣᠨ᠎ᠠ ᠵᠦᠭ ᠲᠦ ᠴᠤ ᠶᠣᠬᠣᠸᠠ ᠶᠢ ᠳᠡᠭᠡᠳᠦᠯᠡ ᠲᠠᠩᠭᠢᠰ ᠤᠨ ᠬᠥᠪᠡᠭᠡᠨ ᠳᠦ ᠴᠤ ᠢᠰᠷᠧᠯ ᠤᠨ ᠪᠤᠷᠬᠠᠨ ᠶᠣᠬᠣᠸᠠ ᠶᠢᠨ ᠨᠡᠷ᠎ᠡ ᠶᠢ ᠬᠦᠨᠳᠦᠳᠬᠡ᠃
16 ᠳᠡᠯᠡᠬᠡᠢ ᠶᠢᠨ ᠬᠢᠵᠠᠭᠠᠷ ᠠᠴᠠ ᠴᠤ 《ᠵᠥᠪᠲᠦ ᠨᠢᠭᠡᠨ ᠳᠦ ᠠᠯᠳᠠᠷ ᠢ ᠡᠷᠭᠦᠶ᠎ᠡ》 ᠭᠡᠬᠦ ᠳᠠᠭᠤᠤ ᠨᠤᠭᠤᠳ ᠪᠢᠳᠡᠨ ᠳᠦ ᠰᠣᠨᠣᠰᠳᠠᠲᠠᠯᠠ ᠪᠢ᠄ 《ᠬᠠᠷᠠᠮᠰᠠᠯ᠂ ᠬᠠᠷᠠᠮᠰᠠᠯ᠂ ᠭᠠᠰᠠᠯᠠᠩᠲᠠᠶ᠎ᠠ ᠤᠷᠪᠠᠭᠴᠢᠳ ᠤᠷᠪᠠᠯ᠎ᠠ᠂ ᠤᠷᠪᠠᠮᠠᠲᠠᠭᠠᠢ ᠨᠢ ᠤᠷᠪᠠᠭᠰᠠᠨ ᠪᠠᠢᠨ᠎ᠠ》 ᠭᠡᠪᠡ᠃
17 ᠭᠠᠵᠠᠷ ᠤᠨ ᠰᠠᠭᠤᠭᠠᠯᠢᠴᠢᠳ ᠡ ᠠᠶᠤᠮᠰᠢᠭ᠂ ᠨᠦᠬᠡ᠂ ᠬᠠᠪᠬ᠎ᠠ ᠴᠢᠨᠦ ᠡᠮᠦᠨ᠎ᠡ ᠪᠠᠢᠨ᠎ᠠ᠃
18 ᠠᠶᠤᠮᠰᠢᠭᠲᠤ ᠳᠠᠭᠤᠨ ᠠᠴᠠ ᠵᠢᠭᠤᠲᠠᠭᠴᠢ ᠨᠢ ᠨᠦᠬᠡᠨ ᠳᠦ ᠤᠨᠠᠨ᠎ᠠ ᠨᠦᠬᠡᠨ ᠡᠴᠡ ᠭᠠᠷᠤᠭᠴᠢ ᠨᠢ ᠬᠠᠪᠬᠠᠨ ᠳᠤ ᠣᠷᠣᠨ᠎ᠠ ᠲᠩᠷᠢ ᠶᠢᠨ ᠴᠣᠩ᠋ᠬᠣ ᠨᠤᠭᠤᠳ ᠨᠡᠭᠡᠭᠡᠭᠳᠡᠵᠦ ᠭᠠᠵᠠᠷ ᠤᠨ ᠰᠠᠭᠤᠷᠢ ᠨᠤᠭᠤᠳ ᠳᠠᠢᠪᠢᠯᠵᠠᠨᠠ᠃
19 ᠭᠠᠵᠠᠷ ᠪᠤᠲᠠᠷᠠᠨ ᠪᠤᠲᠠᠷᠠᠨ᠎ᠠ ᠭᠠᠵᠠᠷ ᠬᠠᠭᠠᠷᠠᠵᠤ᠂ ᠭᠠᠵᠠᠷ ᠳᠣᠩᠰᠣᠯᠣᠨ ᠳᠣᠩᠰᠣᠯᠣᠨᠠ᠃
20 ᠭᠠᠵᠠᠷ ᠠᠷᠢᠬᠢᠴᠢᠨ ᠰᠢᠭ᠋ ᠭᠤᠢᠪᠢᠵᠤ ᠰᠢᠭᠤᠷᠭᠠᠨ ᠳᠤᠮᠳᠠᠬᠢ ᠣᠪᠣᠬᠠᠢ ᠰᠢᠭ᠋ ᠭᠠᠩ᠋ᠬᠤᠨᠠ ᠥᠪᠡᠷ ᠦᠨ ᠬᠢᠨᠢ ᠳᠡᠭᠡᠷᠡᠬᠢ ᠭᠡᠮ ᠨᠢᠭᠦᠯ ᠬᠦᠨᠳᠦ ᠪᠣᠯᠬᠣᠷ ᠤᠨᠠᠵᠤ᠂ ᠳᠠᠬᠢᠨ ᠪᠣᠰᠬᠤ ᠦᠭᠡᠢ᠃
21 ᠲᠡᠷᠡ ᠡᠳᠦᠷ ᠶᠣᠬᠣᠸᠠ ᠳᠡᠭᠡᠳᠦ ᠲᠩᠷᠢ ᠶᠢᠨ ᠬᠦᠴᠦᠲᠡᠳ ᠢ ᠮᠥᠨ ᠳᠣᠣᠷ᠎ᠠ ᠭᠠᠵᠠᠷ ᠤᠨ ᠬᠠᠭᠠᠳ ᠢ ᠰᠢᠳᠬᠡᠨ᠎ᠡ᠃
22 ᠨᠦᠬᠡᠨ ᠳᠠᠬᠢ ᠬᠣᠷᠢᠭᠳᠠᠯ ᠤᠳ ᠮᠡᠲᠦ ᠲᠡᠳᠡ ᠴᠤᠭ ᠲᠠᠭᠠᠨ ᠪᠥᠭᠡᠮᠨᠡᠷᠡᠵᠦ ᠭᠢᠨᠳᠠᠨ ᠳᠤ ᠬᠣᠷᠢᠭᠳᠠᠭᠠᠳ ᠣᠯᠠᠨ ᠬᠣᠨᠣᠭ ᠤᠨ ᠳᠠᠷᠠᠭ᠎ᠠ ᠰᠢᠳᠬᠡᠭᠳᠡᠨ᠎ᠡ᠃
23 ᠲᠡᠭᠡᠬᠦ ᠳᠦ ᠰᠠᠷ᠎ᠠ ᠰᠢᠷᠪᠡᠭᠡᠲᠦᠵᠦ᠂ ᠨᠠᠷᠠ ᠢᠴᠢᠬᠦ ᠪᠣᠯᠣᠨ᠎ᠠ᠂ ᠤᠴᠢᠷ ᠨᠢ ᠠᠤᠭ᠎ᠠ ᠬᠦᠴᠦᠲᠦ ᠶᠣᠬᠣᠸᠠ ᠶᠧᠷᠦ᠋ᠰᠠᠯᠧᠮ ᠳᠤ᠂ ᠽᠢᠶᠣᠨ ᠠᠭᠤᠯᠠᠨ ᠳᠡᠭᠡᠷ᠎ᠡ ᠠᠬᠠᠮᠠᠳ ᠤᠳ ᠤᠨ ᠬᠢᠨᠢ ᠡᠮᠦᠨ᠎ᠡ ᠰᠦᠷ ᠵᠢᠪᠬᠤᠯᠠᠩ ᠲᠠᠢ ᠪᠠᠷ ᠬᠠᠭᠠᠨᠴᠢᠯᠠᠨ᠎ᠠ᠃