1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠵᠢᠷᠠᠨ ᠲᠠᠪᠤ
 ᠰᠢᠳᠬᠡᠯ ᠪᠠ ᠠᠪᠤᠷᠠᠯ
1 ᠪᠢ ᠥᠪᠡᠷ ᠡᠴᠡ ᠮᠢᠨᠢ ᠦᠯᠦ ᠭᠤᠶᠤᠭᠰᠠᠳ ᠲᠤ ᠬᠠᠷᠢᠭᠤᠯᠪᠠ ᠥᠪᠡᠷ ᠢ ᠮᠢᠨᠢ ᠦᠯᠦ ᠬᠠᠢᠭᠰᠠᠳ ᠲᠤ ᠤᠯᠳᠠᠪᠠ᠂ ᠥᠪᠡᠷ ᠦᠨ ᠮᠢᠨᠢ ᠨᠡᠷ᠎ᠡ ᠶᠢ ᠳᠠᠭᠤᠳᠠᠭ᠎ᠠ ᠦᠭᠡᠢ ᠦᠨᠳᠦᠰᠦᠲᠡᠨ ᠳᠦ 《ᠪᠢ ᠡ᠊ᠨᠳᠡ ᠪᠠᠢᠨ᠎ᠠ᠂ ᠪᠢ ᠡ᠊ᠨᠳᠡ ᠪᠠᠢᠨ᠎ᠠ》 ᠭᠡᠵᠦ ᠬᠡᠯᠡᠪᠡ᠃
2 ᠮᠥᠨ ᠥᠪᠡᠷ ᠦᠨ ᠢᠶᠠᠨ ᠰᠠᠨᠠᠭ᠎ᠠ ᠶᠢ ᠳᠠᠭᠠᠨ᠂ ᠰᠠᠢᠨ ᠪᠢᠰᠢ ᠵᠠᠮ ᠢᠶᠠᠷ ᠶᠠᠪᠤᠳᠠᠭ ᠵᠥᠷᠢᠭᠦᠳ ᠠᠷᠠᠳ ᠲᠦᠮᠡᠨ ᠤᠷᠤᠭᠤ ᠪᠢ ᠡᠳᠦᠷᠵᠢᠨ ᠮᠤᠲᠤᠷ ᠢᠶᠠᠨ ᠰᠤᠩ᠋ᠭᠠᠭᠰᠠᠭᠠᠷ ᠪᠠᠢᠭᠰᠠᠨ ᠴᠤ
3 ᠡᠨᠡ ᠠᠷᠠᠳ ᠲᠦᠮᠡᠨ ᠨᠠᠮᠠᠶᠢ ᠨᠢᠭᠤᠷ ᠳᠡᠭᠡᠷ᠎ᠡ ᠮᠢᠨᠢ ᠥᠳᠥᠭᠡᠵᠦ ᠪᠠᠢᠭᠰᠠᠨ᠂ ᠲᠡᠳᠡ ᠴᠡᠴᠡᠷᠯᠢᠭ ᠲᠤ ᠲᠠᠬᠢᠯ ᠡᠷᠭᠦᠨ ᠲᠣᠭᠣᠰᠬᠠᠨ ᠳᠡᠭᠡᠷ᠎ᠡ ᠤᠲᠤᠯᠭ᠎ᠠ ᠤᠭᠤᠭᠢᠭᠤᠯᠵᠤ
4 ᠪᠤᠯᠠᠰᠢᠨ ᠳᠤᠮᠳᠠ ᠰᠠᠭᠤᠨ ᠪᠤᠢᠳᠠ ᠭᠠᠵᠠᠷ ᠤᠳ ᠲᠤ ᠰᠥᠨᠢ ᠶᠢ ᠥᠩᠭᠡᠷᠡᠭᠡᠨ ᠭᠠᠬᠠᠢ ᠶᠢᠨ ᠮᠢᠬ᠎ᠠ ᠢᠳᠡᠨ᠂ ᠰᠠᠪᠠᠨ ᠳᠠᠭᠠᠨ ᠪᠤᠵᠠᠷ ᠱᠥᠯᠥ ᠬᠢᠵᠦ
5 ᠪᠡᠶ᠎ᠡ ᠪᠡᠶ᠎ᠡ ᠳᠡᠭᠡᠨ 《ᠴᠢ ᠵᠠᠢ ᠲᠠᠢ ᠪᠠᠢ᠂ ᠨᠠᠳᠠ ᠤᠷᠤᠭᠤ ᠪᠦᠦ ᠣᠢᠷᠠᠲᠤ ᠪᠢ ᠴᠢᠮ᠎ᠠ ᠠᠴᠠ ᠢᠯᠡᠭᠦᠦ ᠠᠷᠢᠭᠤᠨ》 ᠭᠡᠯᠴᠡᠳᠡᠭ᠂ ᠲᠡᠳᠡ ᠬᠠᠮᠠᠷ ᠲᠤ ᠮᠢᠨᠢ ᠦᠨᠦᠷᠲᠦᠬᠦ ᠤᠲᠤᠭ᠎ᠠ ᠡᠳᠦᠷᠵᠢᠨ ᠰᠢᠲᠠᠳᠠᠭ ᠭᠠᠯ ᠶᠤᠮ᠃
6 ᠠᠩ᠋ᠬᠠᠷᠤᠭᠲᠤᠨ᠂ ᠮᠢᠨᠦ ᠡᠮᠦᠨ᠎ᠡ ᠪᠢᠴᠢᠭᠡᠰᠦᠲᠡᠢ ᠪᠠᠢᠨ᠎ᠠ᠄ ᠪᠢ ᠳᠠᠭᠤ ᠦᠭᠡᠢ ᠪᠠᠢᠬᠤ ᠦᠭᠡᠢ᠂ ᠵᠠᠪᠠᠯ ᠬᠠᠷᠢᠭᠤᠯᠤᠨ᠎ᠠ︕ ᠲᠠ ᠨᠠᠷ ᠤᠨ ᠡᠪᠦᠷ ᠲᠦ ᠪᠢ
7 ᠥᠪᠡᠷᠰᠡᠳ ᠦᠨ ᠴᠢᠨᠢ ᠨᠢᠭᠦᠯ ᠬᠢᠭᠡᠳ ᠡᠴᠢᠭᠡ ᠡᠪᠦᠭᠡᠳ ᠦᠨ ᠴᠢᠨᠢ ᠨᠢᠭᠦᠯ ᠦᠨ ᠬᠠᠷᠢᠭᠤᠯᠤᠯ ᠢ ᠬᠠᠮᠲᠤ ᠳᠤᠨᠢ ᠥᠭᠭᠥᠨ᠎ᠡ᠂ ᠶᠣᠬᠣᠸᠠ ᠠᠢᠯᠠᠳᠴᠤ ᠪᠠᠢᠨ᠎ᠠ ᠤᠴᠢᠷ ᠨᠢ ᠲᠡᠳᠡ ᠠᠭᠤᠯᠠᠨ ᠳᠡᠭᠡᠷ᠎ᠡ ᠤᠲᠤᠯᠭ᠎ᠠ ᠤᠭᠤᠭᠢᠭᠤᠯᠤᠨ ᠲᠣᠯᠣᠭᠠᠳ ᠳᠡᠭᠡᠷ᠎ᠡ ᠨᠠᠮᠠᠶᠢ ᠭᠤᠲᠤᠭᠠᠭᠰᠠᠨ ᠤᠷᠢᠳᠤ ᠶᠢᠨ ᠦᠢᠯᠡᠰ ᠢ ᠨᠢ ᠪᠢ ᠬᠡᠮᠵᠢᠵᠦ ᠡᠪᠦᠷ ᠲᠤᠨᠢ ᠬᠠᠷᠢᠭᠤ ᠶᠢ ᠨᠢ ᠥᠭᠭᠥᠨ᠎ᠡ᠃

8 ᠶᠣᠬᠣᠸᠠ ᠡᠢᠨ ᠬᠦ ᠠᠢᠯᠠᠳᠴᠤ ᠪᠠᠢᠨ᠎ᠠ᠄ 《ᠪᠠᠭᠴᠠ ᠦᠵᠦᠮ ᠦᠨ ᠳᠣᠲᠣᠷ᠎ᠠ ᠠᠴᠠ ᠰᠢᠭᠦᠰᠦ ᠣᠯᠳᠠᠪᠠᠯ 〈ᠪᠦᠦ ᠬᠠᠶᠠᠴᠢᠬ᠎ᠠ᠂ ᠰᠠᠢᠨ ᠨᠢ ᠪᠠᠰᠠ ᠪᠠᠢᠨ᠎ᠠ〉 ᠭᠡᠳᠡᠭ᠂ ᠪᠢ ᠴᠤ ᠵᠠᠷᠤᠴᠠ ᠨᠠᠷ ᠤᠨ ᠢᠶᠠᠨ ᠲᠥᠯᠥᠭᠡ ᠲᠡᠢᠨ ᠬᠦ ᠬᠠᠨᠳᠤᠨ᠎ᠠ᠂ ᠪᠢ ᠲᠡᠳᠡᠨ ᠢ ᠪᠦᠭᠦᠳᠡ ᠶᠢ ᠨᠢ ᠤᠰᠠᠳᠬᠠᠬᠤ ᠪᠢᠰᠢ᠂
9 ᠶᠠᠺᠣᠪ ᠠᠴᠠ ᠦᠷ᠎ᠡ ᠤᠳᠤᠮ ᠢ ᠨᠢ ᠭᠠᠷᠭᠠᠵᠤ ᠶᠦᠳᠠ ᠠᠴᠠ ᠠᠭᠤᠯᠠᠰ ᠢ ᠮᠢᠨᠢ ᠥᠪᠯᠡᠭᠴᠢ ᠶᠢ ᠠᠪᠴᠢᠷᠠᠨ᠎ᠠ ᠰᠣᠩ᠋ᠭᠣᠭᠳᠠᠭᠰᠠᠳ ᠮᠢᠨᠢ ᠭᠠᠵᠠᠷ ᠢ ᠥᠪᠯᠡᠨ ᠵᠠᠷᠤᠴᠠ ᠨᠠᠷ ᠮᠢᠨᠢ ᠲᠡᠨᠳᠡ ᠰᠠᠭᠤᠷᠢᠰᠢᠨ᠎ᠠ᠃
10 ᠨᠠᠮᠠᠶᠢ ᠬᠠᠢᠭᠴᠢ ᠠᠷᠠᠳ ᠲᠦᠮᠡᠨ ᠦ ᠮᠢᠨᠢ ᠲᠥᠯᠥᠭᠡ ᠱᠠᠷᠣᠨ ᠨᠢ ᠬᠣᠨᠢᠨ ᠤ ᠪᠡᠯᠴᠢᠭᠡᠷ ᠠᠺᠣᠷ ᠤᠨ ᠬᠥᠨᠳᠡᠢ ᠨᠢ ᠦᠬᠡᠷ ᠦᠨ ᠬᠡᠪᠲᠡᠷᠢ ᠪᠣᠯᠣᠨ᠎ᠠ᠃
11 ᠬᠠᠷᠢᠨ ᠶᠣᠬᠣᠸᠠ ᠶᠢ ᠣᠷᠬᠢᠨ ᠠᠷᠢᠭᠤᠨ ᠠᠭᠤᠯᠠ ᠶᠢ ᠮᠢᠨᠢ ᠮᠠᠷᠲᠠᠵᠤ ᠠᠵᠠ ᠵᠠᠪᠰᠢᠶᠠᠨ ᠤ ᠰᠢᠲᠦᠭᠡᠨ ᠳᠦ ᠰᠢᠷᠡᠭᠡ ᠵᠠᠰᠠᠨ ᠬᠤᠪᠢ ᠵᠠᠶᠠᠭᠠᠨ ᠤ ᠰᠢᠲᠦᠭᠡᠨ ᠳᠦ ᠨᠠᠢᠷᠠᠭᠤᠯᠤᠭᠰᠠᠨ ᠳᠠᠷᠠᠰᠤ ᠶᠢ ᠠᠶᠠᠭᠠᠨ ᠳᠠᠭᠠᠨ ᠳᠦᠭᠦᠷᠭᠡᠳᠡᠭ ᠲᠠ ᠨᠠᠷ ᠤᠨ ᠬᠤᠪᠢ ᠳᠤ ᠭᠡᠪᠡᠯ᠂
12 ᠪᠢ ᠲᠠ ᠨᠠᠷ ᠢ ᠢᠯᠳᠦᠨ ᠦ ᠬᠤᠪᠢ ᠵᠠᠶᠠᠭᠠᠨ ᠳᠤ ᠲᠤᠰᠢᠶᠠᠨ᠎ᠠ ᠲᠠ ᠨᠠᠷ ᠪᠦᠭᠦᠳᠡ ᠨᠢᠳᠤᠯᠤᠭᠴᠢ ᠶᠢᠨ ᠡᠮᠦᠨ᠎ᠡ ᠪᠥᠬᠥᠢᠬᠦ ᠪᠣᠯᠣᠨ᠎ᠠ᠂ ᠤᠴᠢᠷ ᠨᠢ ᠪᠢ ᠳᠠᠭᠤᠳᠠᠬᠤ ᠳᠤ ᠲᠠ ᠨᠠᠷ ᠬᠠᠷᠢᠭᠤᠯᠤᠭᠰᠠᠨ ᠦᠭᠡᠢ ᠪᠢ ᠶᠠᠷᠢᠬᠤ ᠳᠤ ᠲᠠ ᠨᠠᠷ ᠰᠣᠨᠣᠰᠣᠭᠰᠠᠨ ᠦᠭᠡᠢ ᠬᠠᠷᠢᠨ ᠮᠢᠨᠦ ᠡᠮᠦᠨ᠎ᠡ ᠮᠠᠭᠤ ᠶᠢ ᠦᠢᠯᠡᠳᠦᠭᠰᠡᠭᠡᠷ ᠮᠢᠨᠦ ᠲᠠᠭᠠᠯᠠᠳᠠᠭ ᠦᠭᠡᠢ ᠶᠢ ᠰᠣᠩ᠋ᠭᠣᠭᠰᠠᠨ ᠶᠤᠮ᠃

13 ᠲᠡᠢᠮᠦ ᠤᠴᠢᠷ ᠠᠴᠠ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ 《ᠬᠠᠷᠠ᠂ ᠮᠢᠨᠦ ᠵᠠᠷᠤᠴᠠ ᠨᠠᠷ ᠢᠳᠡᠨ᠎ᠡ᠂ ᠬᠠᠷᠢᠨ ᠲᠠ ᠨᠠᠷ ᠥᠯᠥᠰᠥᠨ᠎ᠡ ᠬᠠᠷᠠ᠂ ᠮᠢᠨᠦ ᠵᠠᠷᠤᠴᠠ ᠨᠠᠷ ᠤᠤᠭᠤᠨ᠎ᠠ᠂ ᠬᠠᠷᠢᠨ ᠲᠠ ᠨᠠᠷ ᠴᠠᠩ᠋ᠭᠠᠨ᠎ᠠ ᠬᠠᠷᠠ᠂ ᠮᠢᠨᠦ ᠵᠠᠷᠤᠴᠠ ᠨᠠᠷ ᠪᠠᠶᠠᠰᠤᠨ᠎ᠠ᠂ ᠬᠠᠷᠢᠨ ᠲᠠ ᠨᠠᠷ ᠢᠴᠢᠨ᠎ᠡ᠃
14 ᠬᠠᠷᠠ᠂ ᠮᠢᠨᠦ ᠵᠠᠷᠤᠴᠠ ᠨᠠᠷ ᠵᠢᠷᠦᠬᠡᠨ ᠳᠡᠭᠡᠨ ᠵᠢᠷᠭᠠᠯ ᠲᠠᠢ ᠳᠠᠭᠤᠯᠠᠬᠤ ᠪᠣᠯᠪᠠᠴᠤ ᠲᠠ ᠨᠠᠷ ᠵᠢᠷᠦᠬᠡᠨ ᠳᠡᠭᠡᠨ ᠵᠣᠪᠠᠯᠠᠩ ᠲᠠᠢ ᠬᠠᠰᠬᠢᠷᠤᠨ᠎ᠠ ᠴᠥᠬᠥᠷᠡᠭᠰᠡᠨ ᠰᠦᠨᠡᠰᠦ ᠪᠡᠷ ᠭᠠᠰᠢᠭᠤᠳᠠᠨ᠎ᠠ᠃

15 ᠦᠯᠡᠳᠡᠬᠦ ᠨᠡᠷ᠎ᠡ ᠴᠢᠨᠢ ᠰᠣᠩ᠋ᠭᠣᠭᠳᠠᠭᠰᠠᠳ ᠲᠤ ᠮᠢᠨᠢ ᠬᠠᠷᠢᠶᠠᠯ ᠪᠣᠯᠣᠨ᠎ᠠ᠂ ᠡᠵᠡᠨ ᠶᠣᠬᠣᠸᠠ ᠲᠠ ᠨᠠᠷ ᠢ ᠦᠬᠦᠭᠦᠯᠦᠨ᠎ᠡ᠂ ᠬᠠᠷᠢᠨ ᠥᠪᠡᠷ ᠦᠨ ᠢᠶᠠᠨ ᠵᠠᠷᠤᠴᠠ ᠨᠠᠷ ᠢ ᠥᠭᠡᠷ᠎ᠡ ᠨᠡᠷ᠎ᠡ ᠪᠡᠷ ᠳᠠᠭᠤᠳᠠᠨ᠎ᠠ᠃
16 ᠤᠷᠢᠳᠤ ᠶᠢᠨ ᠵᠣᠪᠠᠯᠠᠩ ᠮᠠᠷᠲᠠᠭᠳᠠᠵᠤ᠂ ᠨᠢᠳᠦᠨ ᠡᠴᠡ ᠮᠢᠨᠢ ᠳᠠᠯᠳᠠ ᠣᠷᠣᠭᠰᠠᠨ ᠲᠤᠯᠠ ᠭᠠᠵᠠᠷ ᠳᠡᠭᠡᠷ᠎ᠡ ᠢᠪᠡᠭᠡᠯ ᠭᠤᠶᠤᠭᠴᠢ ᠨᠢ ᠦᠨᠡᠨ ᠦ ᠪᠤᠷᠬᠠᠨ ᠤ ᠨᠡᠷ᠎ᠡ ᠪᠡᠷ ᠢᠪᠡᠭᠡᠯ ᠭᠤᠶᠤᠭ ᠭᠠᠵᠠᠷ ᠳᠡᠭᠡᠷ᠎ᠡ ᠲᠠᠩ᠋ᠭᠠᠷᠢᠭᠯᠠᠭᠴᠢ ᠨᠢ ᠦᠨᠡᠨ ᠦ ᠪᠤᠷᠬᠠᠨ ᠤ ᠨᠡᠷ᠎ᠡ ᠪᠡᠷ ᠲᠠᠩ᠋ᠭᠠᠷᠢᠭᠯᠠᠭ᠂
 ᠰᠢᠨ᠎ᠡ ᠲᠩᠷᠢ᠂ ᠰᠢᠨ᠎ᠡ ᠭᠠᠵᠠᠷ
17 ᠬᠠᠷᠠ᠂ ᠪᠢ ᠰᠢᠨ᠎ᠡ ᠲᠩᠷᠢ᠂ ᠰᠢᠨ᠎ᠡ ᠭᠠᠵᠠᠷ ᠢ ᠪᠦᠲᠦᠭᠡᠨ᠎ᠡ ᠤᠷᠢᠳᠤ ᠶᠢᠨ ᠶᠠᠭᠤᠮᠠᠰ ᠳᠤᠷᠠᠰᠤᠭᠳᠠᠬᠤ ᠦᠭᠡᠢ᠂ ᠰᠠᠨᠠᠭᠠᠨ ᠳᠤ ᠴᠤ ᠦᠯᠦ ᠣᠷᠣᠨ᠎ᠠ᠃
18 ᠲᠠ ᠨᠠᠷ ᠮᠢᠨᠦ ᠪᠦᠲᠦᠭᠡᠬᠦ ᠵᠦᠢᠯ ᠳᠤ ᠡᠭᠦᠷᠢᠳᠡ ᠪᠠᠬᠠᠳᠤᠨ ᠪᠠᠶᠠᠰᠤᠭᠲᠤᠨ︕ ᠬᠠᠷᠠ᠂ ᠪᠢ ᠪᠠᠶᠠᠷᠲᠤ ᠶᠧᠷᠦ᠋ᠰᠠᠯᠧᠮ ᠬᠢᠭᠡᠳ ᠪᠠᠶᠠᠰᠬᠤᠯᠠᠩᠲᠤ ᠠᠷᠠᠳ ᠲᠦᠮᠡᠨ ᠢ ᠪᠤᠢ ᠪᠣᠯᠭᠠᠨ᠎ᠠ᠃
19 ᠪᠢ ᠶᠧᠷᠦ᠋ᠰᠠᠯᠧᠮ ᠳᠤ ᠪᠠᠶᠠᠷᠯᠠᠨ ᠠᠷᠠᠳ ᠲᠦᠮᠡᠨ ᠳᠡᠭᠡᠨ ᠪᠠᠶᠠᠰᠤᠨ᠎ᠠ ᠲᠡᠨᠳᠡ ᠤᠬᠢᠯᠠᠬᠤ ᠪᠠ ᠣᠷᠢᠯᠠᠬᠤ ᠳᠠᠭᠤ ᠳᠠᠬᠢᠭᠠᠳ ᠰᠣᠨᠣᠰᠳᠠᠬᠤ ᠦᠭᠡᠢ
20 ᠲᠡᠨᠳᠡ ᠨᠠᠰᠤᠨ ᠤ ᠲᠣᠭ᠎ᠠ ᠭᠦᠢᠴᠡᠯ ᠦᠭᠡᠢ ᠪᠠᠷ ᠦᠬᠦᠬᠦ ᠨᠢᠯᠬᠠᠰ ᠪᠤᠶᠤ ᠨᠠᠰᠤᠲᠠᠨ ᠠᠯᠠᠭ᠎ᠠ᠂ ᠵᠠᠭᠤ ᠲᠠᠢ ᠦᠬᠦᠬᠦ ᠨᠢ ᠵᠠᠯᠠᠭᠤ ᠭᠡᠭᠳᠡᠵᠦ ᠵᠠᠭᠤ ᠨᠠᠰᠤᠯᠠᠭ᠎ᠠ ᠦᠭᠡᠢ ᠦᠬᠦᠭᠰᠡᠨ ᠨᠢ ᠬᠠᠷᠢᠶᠠᠭᠳᠠᠭᠰᠠᠨ ᠳᠤ ᠲᠣᠭᠠᠴᠠᠭᠳᠠᠨ᠎ᠠ᠃
21 ᠲᠡᠳᠡ ᠭᠡᠷ ᠪᠠᠷᠢᠵᠤ᠂ ᠲᠡᠨᠳᠡ ᠪᠡᠨ ᠰᠠᠭᠤᠨ᠎ᠠ ᠲᠡᠳᠡ ᠦᠵᠦᠮ ᠲᠠᠷᠢᠶᠠᠯᠠᠵᠤ᠂ ᠦᠷ᠎ᠡ ᠵᠢᠮᠢᠰ ᠢ ᠨᠢ ᠢᠳᠡᠨ᠎ᠡ
22 ᠲᠡᠳᠡᠨ ᠦ ᠪᠠᠷᠢᠭᠰᠠᠨ ᠳᠤ ᠥᠭᠡᠷ᠎ᠡ ᠬᠥᠮᠦᠨ ᠰᠠᠭᠤᠬᠤ ᠦᠭᠡᠢ ᠲᠡᠳᠡᠨ ᠦ ᠲᠠᠷᠢᠭᠰᠠᠨ ᠢ ᠥᠭᠡᠷ᠎ᠡ ᠬᠥᠮᠦᠨ ᠢᠳᠡᠬᠦ ᠦᠭᠡᠢ ᠠᠷᠠᠳ ᠲᠦᠮᠡᠨ ᠦ ᠮᠢᠨᠢ ᠨᠠᠰᠤ ᠮᠣᠳᠣᠨ ᠤ ᠬᠢ ᠲᠠᠢ ᠠᠳᠠᠯᠢ ᠪᠣᠯᠬᠣᠷ ᠰᠣᠩ᠋ᠭᠣᠭᠳᠠᠭᠰᠠᠳ ᠮᠢᠨᠢ ᠭᠠᠷ ᠢᠶᠠᠷ ᠢᠶᠠᠨ ᠬᠥᠳᠡᠯᠮᠦᠷᠢᠯᠡᠵᠦ ᠣᠯᠣᠭᠰᠠᠨ ᠢᠶᠠᠨ ᠤᠳᠠᠭᠠᠨ ᠡᠳ᠋ᠯᠡᠨ᠎ᠡ᠃
23 ᠬᠥᠳᠡᠯᠮᠦᠷᠢ ᠨᠢ ᠬᠣᠭᠣᠰᠣᠨ ᠪᠣᠯᠬᠤ ᠦᠭᠡᠢ᠂ ᠲᠥᠷᠥᠭᠦᠯᠦᠭᠰᠡᠨ ᠦᠷ᠎ᠡ ᠳᠦᠨᠢ ᠲᠦᠭᠰᠢᠭᠦᠷᠢ ᠲᠣᠬᠢᠶᠠᠯᠳᠤᠬᠤ ᠦᠭᠡᠢ᠂ ᠤᠴᠢᠷ ᠨᠢ ᠲᠡᠳᠡ ᠴᠤ᠂ ᠬᠣᠢᠴᠢ ᠦᠶ᠎ᠡ ᠨᠢ ᠴᠤ ᠶᠣᠬᠣᠸᠠ ᠶᠢᠨ ᠢᠷᠥᠭᠡᠯᠳᠦ ᠦᠷᠡᠰ ᠶᠤᠮ᠃
24 ᠲᠡᠳᠡ ᠳᠠᠭᠤᠳᠠᠬᠤ ᠠᠴᠠ ᠡᠮᠦᠨ᠎ᠡ ᠪᠢ ᠬᠠᠷᠢᠭᠤᠯᠤᠨ᠎ᠠ᠂ ᠲᠡᠳᠡ ᠶᠠᠷᠢᠵᠤ ᠪᠠᠢᠬᠤ ᠳᠤ ᠪᠢ ᠰᠣᠨᠣᠰᠣᠨ᠎ᠠ᠃
25 ᠴᠢᠨᠣ᠎ᠠ ᠬᠤᠷᠠᠭ᠎ᠠ ᠲᠠᠢ ᠬᠠᠮᠲᠤ ᠪᠡᠯᠴᠢᠨ ᠠᠷᠰᠯᠠᠨ ᠦᠬᠡᠷ ᠮᠡᠲᠦ ᠡᠪᠡᠰᠦ ᠢᠳᠡᠵᠦ ᠮᠣᠭᠠᠢ ᠰᠢᠷᠣᠢ ᠪᠠᠷ ᠬᠣᠭᠣᠯᠠᠯᠠᠨ᠎ᠠ ᠪᠦᠬᠦᠢᠯᠡ ᠠᠷᠢᠭᠤᠨ ᠠᠭᠤᠯᠠᠨ ᠳᠤ ᠮᠢᠨᠢ ᠲᠡᠳᠡ ᠶᠠᠮᠠᠷ ᠴᠤ ᠬᠣᠣᠷ ᠬᠥᠨᠥᠭᠡᠯ ᠤᠴᠠᠷᠠᠭᠤᠯᠬᠤ ᠦᠭᠡᠢ ᠶᠣᠬᠣᠸᠠ ᠠᠢᠯᠠᠳᠤᠯ᠎ᠠ᠃