1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠠᠷᠪᠠᠨ ᠭᠤᠷᠪᠠ
 ᠪᠠᠪᠢᠯᠣᠨ ᠤ ᠲᠠᠯ᠎ᠠ ᠪᠠᠷ ᠬᠢ ᠡᠰᠢ ᠦᠵᠡᠭᠦᠯᠦᠯᠭᠡ
1 ᠠᠮᠣᠽ ᠤᠨ ᠬᠦᠦ ᠢᠰᠠᠢᠶ᠎ᠠ ᠶᠢᠨ ᠦᠵᠡᠭᠰᠡᠨ ᠪᠠᠪᠢᠯᠣᠨ ᠤ ᠲᠤᠬᠠᠢ ᠰᠡᠷᠡᠮᠵᠢᠯᠡᠭᠦᠯᠦᠯᠭᠡ᠄
2 ᠨᠢᠴᠦᠭᠦᠨ ᠲᠣᠯᠣᠭᠠᠳ ᠤᠨ ᠳᠡᠭᠡᠷ᠎ᠡ ᠲᠤᠭ ᠮᠠᠨᠳᠤᠭᠤᠯᠵᠤ ᠴᠢᠩᠭ᠍᠎ᠠ ᠪᠠᠷ ᠬᠠᠰᠬᠢᠷᠤᠨ ᠭᠠᠷ ᠢᠶᠠᠨ ᠳᠠᠯᠠᠯᠤᠨ ᠨᠣᠶᠠᠳ ᠤᠨ ᠬᠠᠭᠠᠯᠭ᠎ᠠ ᠪᠠᠷ ᠲᠡᠳᠡᠨ ᠢ ᠣᠷᠣᠭᠤᠯ︕
3 ᠪᠢ ᠲᠤᠰᠠᠭᠠᠷᠯᠠᠭᠳᠠᠭᠰᠠᠨ ᠬᠥᠮᠦᠰ ᠲᠡᠭᠡᠨ ᠲᠤᠰᠢᠶᠠᠭᠰᠠᠨ ᠪᠢ ᠬᠢᠯᠢᠩ ᠢᠶᠠᠨ ᠴᠢᠳᠬᠤᠬᠤ ᠪᠠᠷ ᠳᠠᠢᠴᠢᠳ ᠢᠶᠠᠨ ᠴᠤᠭᠯᠠᠭᠤᠯᠤᠭᠰᠠᠨ ᠪᠢ ᠪᠠᠳᠠᠷᠠᠬᠤ ᠳᠤ ᠲᠡᠳᠡ ᠪᠠᠶᠠᠰᠤᠨ᠎ᠠ᠃
4 ᠠᠭᠤᠯᠠᠨ ᠠᠴᠠ ᠣᠯᠠᠨ ᠤ ᠴᠢᠮᠡᠭᠡ ᠭᠠᠷᠴᠤ ᠪᠠᠢᠨ᠎ᠠ ᠣᠯᠠᠨ ᠦᠨᠳᠦᠰᠦᠲᠡᠨ ᠦ ᠴᠢᠮᠡᠭᠡ ᠰᠢᠭ ᠪᠠᠢᠨ᠎ᠠ ᠣᠯᠠᠨ ᠬᠠᠭᠠᠨᠴᠢᠯᠠᠯ ᠤᠨ ᠦᠨᠳᠦᠰᠦᠲᠡᠨ ᠨᠦᠭᠦᠳ ᠬᠤᠷᠠᠭᠠᠳ ᠱᠤᠤᠭᠢᠯᠳᠤᠬᠤ ᠴᠢᠮᠡᠭᠡ ᠪᠠᠢᠨ᠎ᠠ᠂ ᠠᠤᠭ᠎ᠠ ᠬᠦᠴᠦᠲᠦ ᠶᠣᠬᠣᠸᠠ ᠴᠡᠷᠢᠭ ᠤᠳ ᠢ ᠲᠤᠯᠤᠯᠳᠤᠭᠠᠨ ᠳᠤ ᠴᠤᠭᠯᠠᠭᠤᠯᠵᠤ ᠪᠠᠢᠨ᠎ᠠ᠃
5 ᠲᠡᠳᠡ ᠠᠯᠤᠰ ᠤᠨ ᠭᠠᠵᠠᠷ ᠠᠴᠠ ᠲᠩᠷᠢ ᠶᠢᠨ ᠬᠢᠵᠠᠭᠠᠷ ᠠᠴᠠ ᠶᠣᠬᠣᠸᠠ ᠶᠢᠨ ᠵᠢᠪᠡᠭᠦᠴᠡᠯ ᠦᠨ ᠵᠡᠪᠰᠡᠭ ᠪᠣᠯᠣᠭᠠᠳ ᠪᠦᠬᠦ ᠨᠤᠲᠤᠭ ᠢ ᠤᠰᠠᠳᠬᠠᠬᠤ ᠪᠠᠷ ᠢᠷᠡᠵᠦ ᠪᠠᠢᠨ᠎ᠠ᠃
6 ᠶᠣᠬᠣᠸᠠ ᠶᠢᠨ ᠡᠳᠦᠷ ᠣᠢᠷᠠᠬᠠᠨ ᠲᠠ ᠨᠠᠷ ᠤᠬᠢᠯᠠᠭᠲᠤᠨ ᠲᠡᠭᠦᠰ ᠬᠦᠴᠦᠲᠡᠨ ᠡᠴᠡ ᠰᠦᠢᠷᠡᠯ ᠢᠷᠡᠨ᠎ᠡ᠃
7 ᠡᠢᠮᠦ ᠡᠴᠡ ᠭᠠᠷ ᠪᠣᠯᠭᠠᠨ ᠰᠤᠯᠠᠷᠠᠵᠤ᠂ ᠬᠥᠮᠦᠨ ᠪᠣᠯᠭᠠᠨ ᠤ ᠵᠢᠷᠦᠬᠡ ᠦᠬᠦᠨ᠎ᠡ᠃
8 ᠲᠡᠳᠡ ᠠᠢᠳᠠᠰ ᠲᠤ ᠠᠪᠲᠠᠨ᠎ᠠ ᠲᠡᠳᠡ ᠵᠣᠪᠠᠯᠠᠩ ᠵᠦᠳᠡᠭᠦᠷᠢ ᠳᠤ ᠪᠠᠷᠢᠭᠳᠠᠨ᠎ᠠ ᠲᠡᠳᠡ ᠲᠥᠷᠥᠭᠦᠯᠵᠦ ᠪᠤᠢ ᠪᠦᠰᠡᠭᠦᠢ ᠰᠢᠭ ᠲᠠᠷᠴᠢᠯᠠᠨ᠎ᠠ ᠲᠡᠳᠡ ᠰᠠᠨᠳᠤᠷᠤᠨ ᠪᠡᠶ᠎ᠡ ᠪᠡᠶ᠎ᠡ ᠪᠡᠨ ᠬᠠᠷᠠᠬᠤ ᠳᠤ ᠲᠡᠳᠡᠨ ᠦ ᠴᠢᠷᠠᠢ ᠭᠠᠯ ᠤᠨ ᠳᠥᠯᠥ ᠮᠡᠲᠦ ᠪᠣᠯᠣᠨ᠎ᠠ᠃
9 ᠬᠠᠷᠠ᠂ ᠶᠣᠬᠣᠸᠠ ᠶᠢᠨ ᠡᠳᠦᠷ ᠢᠷᠡᠵᠦ ᠪᠠᠢᠨ᠎ᠠ ᠠᠶᠤᠮᠰᠢᠭᠲᠠᠢ ᠪᠥᠭᠡᠳ ᠳᠣᠭᠰᠢᠨ ᠠᠭᠤᠷ ᠬᠢᠯᠢᠩ ᠤᠨ ᠲᠡᠷᠡ ᠡᠳᠦᠷ ᠭᠠᠵᠠᠷ ᠬᠣᠭᠣᠰᠣᠷᠠᠵᠤ᠂ ᠨᠢᠭᠦᠯᠲᠡᠳ ᠤᠰᠠᠳᠬᠠᠭᠳᠠᠨ᠎ᠠ᠂
10 ᠲᠩᠷᠢ ᠶᠢᠨ ᠣᠳᠣᠳ ᠪᠣᠯᠣᠨ ᠲᠡᠭᠦᠨ ᠦ ᠣᠷᠳᠣᠨ ᠨᠤᠭᠤᠳ ᠭᠡᠷᠡᠯᠲᠦᠬᠦ ᠦᠭᠡᠢ ᠨᠠᠷᠠ ᠮᠠᠨᠳᠤᠮᠠᠭᠴᠠ ᠪᠠᠨ ᠬᠠᠷᠠᠩ᠋ᠭᠤᠢᠯᠠᠵᠤ ᠰᠠᠷᠠ ᠭᠡᠷᠡᠯ ᠢᠶᠡᠨ ᠲᠤᠰᠬᠠᠬᠤ ᠦᠭᠡᠢ᠃
11 ᠪᠢ ᠶᠢᠷᠲᠢᠨᠴᠦ ᠶᠢ ᠬᠣᠷᠣᠨ ᠮᠠᠭᠤ ᠶᠢᠨ ᠬᠢᠨᠢ ᠤᠯᠠᠮ ᠢᠶᠠᠷ ᠪᠤᠷᠤᠭᠤᠲᠠᠳ ᠢ ᠨᠢᠭᠦᠯ ᠦᠨ ᠬᠢᠨᠢ ᠤᠯᠠᠮ ᠢᠶᠠᠷ ᠰᠢᠳᠬᠡᠨ᠎ᠡ ᠪᠠᠷᠳᠠᠮᠨᠠᠭᠴᠢᠳ ᠤᠨ ᠶᠡᠬᠡ ᠵᠠᠩ ᠢ ᠡᠴᠦᠰᠯᠡᠭᠦᠯᠵᠦ ᠪᠠᠯᠠᠮᠠᠳᠯᠠᠭᠴᠢᠳ ᠤᠨ ᠳᠡᠭᠡᠷᠡᠩᠭᠦᠢ ᠵᠠᠩ ᠢ ᠳᠠᠷᠤᠨ᠎ᠠ᠃
12 ᠪᠢ ᠡᠷᠡᠴᠦᠦᠯ ᠢ ᠴᠡᠪᠡᠷ ᠠᠯᠲᠠᠨ ᠠᠴᠠ ᠴᠤ ᠬᠣᠪᠣᠷ ᠬᠥᠮᠦᠨ ᠢ ᠣᠹᠢᠷ ᠤᠨ ᠠᠯᠲᠠᠨ ᠠᠴᠠ ᠴᠤ ᠴᠥᠭᠡᠨ ᠪᠣᠯᠭᠠᠨ᠎ᠠ᠃
13 ᠠᠤᠭ᠎ᠠ ᠬᠦᠴᠦᠲᠦ ᠶᠣᠬᠣᠸᠠ ᠳᠣᠭᠰᠢᠨ ᠬᠢᠯᠢᠩ ᠤᠨ ᠢᠶᠠᠨ ᠡᠳᠦᠷ ᠠᠭᠤᠷᠯᠠᠬᠤ ᠳᠤ ᠲᠩᠷᠢ ᠳᠣᠩᠰᠣᠯᠵᠤ ᠭᠠᠵᠠᠷ ᠪᠠᠢᠷᠢ ᠡᠴᠡ ᠪᠡᠨ ᠬᠥᠳᠡᠯᠦᠨ᠎ᠡ᠃
14 ᠬᠥᠭᠡᠭᠡᠭᠳᠡᠵᠦ ᠪᠤᠢ ᠭᠥᠷᠥᠭᠡᠰᠦ ᠮᠡᠲᠦ ᠬᠣᠨᠢᠴᠢᠨ ᠦᠭᠡᠢ ᠬᠣᠨᠢ ᠮᠡᠲᠦ ᠬᠥᠮᠦᠨ ᠪᠦᠷᠢ ᠥᠪᠡᠷ ᠥᠪᠡᠷ ᠦᠨ ᠢᠶᠠᠨ ᠦᠨᠳᠦᠰᠦᠲᠡᠨ ᠤᠷᠤᠭᠤ ᠡᠷᠭᠢᠵᠦ ᠥᠪᠡᠷ ᠥᠪᠡᠷ ᠦᠨ ᠢᠶᠠᠨ ᠨᠤᠲᠤᠭ ᠤᠷᠤᠭᠤ ᠵᠢᠭᠤᠲᠠᠨ᠎ᠠ
15 ᠣᠯᠳᠠᠭᠰᠠᠨ ᠬᠥᠮᠦᠨ ᠪᠣᠯᠭᠠᠨ ᠵᠢᠳᠠᠯᠠᠭᠳᠠᠨ᠎ᠠ ᠣᠯᠵᠠᠯᠠᠭᠳᠠᠭᠰᠠᠨ ᠬᠥᠮᠦᠨ ᠪᠣᠯᠭᠠᠨ ᠢᠯᠳᠦᠨ ᠳᠦ ᠤᠨᠠᠨ᠎ᠠ᠃
16 ᠨᠢᠳᠦᠨ ᠦ ᠬᠢᠨᠢ ᠡᠮᠦᠨ᠎ᠡ ᠨᠢᠯᠬᠠᠰ ᠨᠢ ᠨᠢᠴᠠᠯᠤᠭᠳᠠᠵᠤ ᠭᠡᠷ ᠨᠢ ᠲᠣᠨᠣᠭᠳᠠᠵᠤ ᠭᠡᠷᠭᠡᠢ ᠨᠢ ᠬᠦᠴᠦᠷᠬᠡᠭᠯᠡᠭᠳᠡᠨ᠎ᠡ᠃

17 ᠬᠠᠷᠠ᠂ ᠪᠢ ᠲᠡᠳᠡᠨ ᠦ ᠡᠰᠡᠷᠭᠦ ᠮᠧᠳᠧᠴᠤᠳ ᠢ ᠬᠥᠳᠡᠯᠭᠡᠨ᠎ᠡ ᠲᠡᠳᠡ ᠮᠥᠩᠭᠥ ᠶᠢ ᠲᠣᠭᠣᠬᠤ ᠦᠭᠡᠢ᠂ ᠠᠯᠲᠠ ᠶᠢ ᠴᠤ ᠲᠠᠭᠠᠰᠢᠶᠠᠬᠤ ᠦᠭᠡᠢ᠃
18 ᠲᠡᠳᠡᠨ ᠦ ᠨᠤᠮᠤ ᠵᠠᠯᠠᠭᠤᠰ ᠢ ᠰᠥᠨᠥᠭᠡᠨ᠎ᠡ ᠨᠢᠯᠬᠠᠰ ᠢ ᠨᠢᠭᠦᠯᠡᠰᠦᠬᠦ ᠦᠭᠡᠢ ᠲᠡᠳᠡᠨ ᠦ ᠨᠢᠳᠦ ᠬᠡᠦᠬᠡᠳ ᠢ ᠴᠤ ᠥᠷᠥᠪᠳᠥᠬᠦ ᠦᠭᠡᠢ᠃
19 ᠬᠠᠭᠠᠨᠴᠢᠯᠠᠯ ᠤᠳ ᠤᠨ ᠳᠤᠮᠳᠠ ᠵᠢᠪᠬᠤᠯᠠᠩ ᠲᠠᠢ ᠺᠠᠯᠳᠧᠶᠠᠴᠤᠳ ᠤᠨ ᠪᠠᠬᠠᠷᠬᠠᠯ ᠪᠠ ᠠᠯᠳᠠᠷ ᠪᠣᠯᠣᠭᠰᠠᠨ ᠪᠠᠪᠢᠯᠣᠨ᠂ ᠪᠤᠷᠬᠠᠨ ᠤ ᠬᠥᠮᠥᠷᠢᠭᠰᠡᠨ ᠰᠣᠳᠣᠮ ᠭᠣᠮᠣᠷᠠ ᠮᠡᠲᠦ ᠪᠣᠯᠵᠤ
20 ᠪᠠᠭᠤᠵᠤ ᠰᠠᠭᠤᠬᠤ ᠬᠥᠮᠦᠨ ᠲᠡᠨᠳᠡ ᠦᠶ᠎ᠡ ᠶᠢᠨ ᠦᠶ᠎ᠡ ᠳᠦ ᠠᠯᠠᠭ᠎ᠠ ᠪᠣᠯᠣᠨ᠎ᠠ᠂ ᠠᠷᠠᠪ ᠤᠳ ᠴᠤ ᠮᠠᠢᠬᠠᠨ ᠢᠶᠠᠨ ᠲᠡᠨᠳᠡ ᠪᠠᠷᠢᠬᠤ ᠦᠭᠡᠢ ᠬᠣᠨᠢᠴᠢᠳ ᠴᠤ ᠰᠦᠷᠦᠭ ᠢᠶᠡᠨ ᠲᠡᠨᠳᠡ ᠬᠣᠲᠠᠯᠠᠬᠤ ᠦᠭᠡᠢ᠃
21 ᠬᠠᠷᠢᠨ ᠲᠡᠨᠳᠡ ᠴᠥᠯ ᠦᠨ ᠠᠷᠢᠶᠠᠲᠠᠨ ᠬᠡᠪᠲᠡᠨ ᠣᠭᠣᠯᠢ ᠪᠠᠢᠰᠢᠩ ᠤᠳ ᠲᠤᠨᠢ ᠳᠦᠭᠦᠷᠴᠦ ᠲᠡᠮᠡᠭᠡᠨ ᠬᠢᠷᠭᠤᠤᠯ ᠲᠡᠨᠳᠡ ᠣᠷᠣᠩᠨᠠᠨ ᠶᠠᠩᠭᠢᠷ ᠲᠡᠨᠳᠡ ᠲᠣᠭᠯᠠᠨ᠎ᠠ᠃
22 ᠴᠠᠮᠬᠠᠭ ᠤᠳ ᠲᠤᠨᠢ ᠰᠢᠷᠠᠨᠤᠳ ᠲᠠᠩᠰᠤᠭ ᠣᠷᠳᠣᠨ ᠨᠤᠭᠤᠳ ᠲᠤᠨᠢ ᠴᠢᠨᠣ᠎ᠠ ᠤᠯᠢᠬᠤ ᠪᠣᠯᠣᠨ᠎ᠠ ᠲᠡᠷᠡ ᠴᠠᠭ ᠣᠢᠷᠠᠬᠠᠨ᠂ ᠲᠡᠷᠡ ᠡᠳᠦᠷ ᠤᠳᠠᠬᠤ ᠦᠭᠡᠢ᠃